| | | ᠮᠣᠩᠭᠤᠯ ᠠᠷᠠᠳ ᠤᠨ ᠢᠵᠠᠭᠤᠷ ᠣᠷᠠᠯᠢᠭ ᠤᠨ ᠨᠢᠭᠡᠨ ᠭᠤᠣᠯ ᠲᠦᠷᠣᠯ ᠵᠦᠢᠯ ᠪᠣᠯᠬᠤ ᠣᠷᠲᠣ ᠶᠢᠨ ᠲᠠᠭᠤᠣ ᠪᠣᠯ | ᠲᠡᠯᠡᠭᠡᠢ ᠶᠢᠨ ᠪᠣᠲᠠᠰ ᠤᠨ ᠪᠤᠰᠤ ᠰᠣᠶᠣᠯ ᠤᠨ ᠦᠪ ᠤᠳ ᠤᠨ ᠲᠣᠲᠣᠷᠠᠬᠢ ᠣᠨᠴᠠᠭᠠᠢ ᠨᠢᠭᠡᠨ ᠪᠦᠷᠢᠯᠲᠣᠬᠦᠨ ᠭᠡᠰᠡᠭ | ᠪᠣᠯᠵᠣ ᠪᠠᠶᠢᠨ᠎ᠠ᠃ ᠲᠡᠷᠡ ᠲᠣᠮᠲᠠ ᠪᠠᠨ ᠠᠯᠠᠱᠠ ᠠᠷᠠᠳ ᠤᠨ ᠲᠠᠭᠤᠣ ᠨᠢ ᠪᠦᠬᠦᠶ ᠯᠠ ᠮᠣᠩᠭᠤᠯ ᠣᠷᠲᠣ ᠶᠢᠨ | ᠲᠠᠭᠤᠣ ᠶᠢᠨ ᠨᠢᠭᠡᠨ ᠪᠡᠶ᠎ᠡ ᠪᠠᠨ ᠲᠠᠭᠠᠭᠠᠬᠰᠠᠨ ᠴᠢᠬᠤᠯᠠ ᠰᠠᠯᠪᠣᠷᠢ ᠪᠣᠯᠣᠨ᠎ᠠ᠃ | ᠲᠡᠯᠭᠡᠷᠡᠩᠬᠦᠢ ᠣᠳᠬ᠎ᠠ ᠠᠴᠠ ᠶᠠᠷᠢᠪᠠᠯ᠂ ᠠᠷᠠᠳ ᠤᠨ ᠲᠠᠭᠤᠣ ᠭᠡᠲᠡᠭ ᠨᠢ ᠨᠢᠭᠡᠨ ᠶᠡᠷᠣᠩᠭᠡᠶᠢᠯᠡᠭᠰᠠᠨ | ᠣᠬᠠᠬᠲᠠᠬᠤᠨ ᠶᠤᠮ᠃ ᠠᠲᠠ ᠶᠠᠷᠢᠬᠤ ᠭᠡᠵᠣ ᠪᠠᠶᠢᠭ᠎ᠠ ᠠᠷᠠᠳ ᠤᠨ ᠲᠠᠭᠤᠣ᠂ ᠦᠭᠡᠷ᠎ᠡ ᠪᠠᠷ ᠭᠡᠯᠡᠪᠠᠯ ᠪᠠᠷᠤᠭ ᠵᠠᠭᠤ | ᠣᠷᠴᠢᠮ ᠵᠢᠯ ᠠᠴᠠ ᠴᠠᠭᠠᠰᠢ ᠵᠣᠬᠢᠶᠠᠭᠲᠠᠭᠰᠠᠨ ᠶᠤᠮ ᠦᠦ᠂ ᠲᠠᠭᠤᠯᠠᠭᠲᠠᠵᠣ ᠪᠠᠶᠢᠬᠰᠠᠨ ᠢᠵᠠᠭᠤᠷ | ᠲᠠᠭᠤᠣ ᠨᠤᠭᠤᠳ ᠢ ᠵᠢᠭᠠᠵᠣ ᠪᠠᠶᠢᠨ᠎ᠠ᠃ ᠣᠲᠣ ᠲᠡᠲᠡᠭᠡᠷ ᠢᠵᠠᠭᠤᠷ ᠲᠠᠭᠤᠣ ᠶᠢ ᠵᠠᠭᠠᠬᠯᠠᠬᠤ ᠴᠠᠭ ᠦᠶ᠎ᠡ ᠶᠢᠨ | ᠲᠣᠬᠠᠢ ᠰᠣᠲᠣᠯᠭᠠᠲᠠᠣᠨ ᠠᠴᠠ ᠲᠠᠶᠢᠮᠣ ᠲᠣᠲᠣᠷᠬᠠᠢ ᠳ᠋ᠦᠩ ᠭᠠᠷᠭᠠᠵᠣ ᠪᠠᠰᠠ ᠠᠷᠠᠢ ᠪᠣᠯᠣᠭᠠᠲᠣᠢ ᠪᠣᠯᠣᠯᠲᠠᠢ᠃ | ᠶᠠᠭᠤ ᠴᠦ ᠠᠬᠰᠠᠨ ᠢᠵᠠᠭᠤᠷ ᠲᠠᠭᠤᠣ ᠭᠡᠲᠡᠭ ᠨᠢ ᠦᠩᠭᠡᠷᠡᠭᠰᠠᠨ ᠴᠠᠭ ᠦᠶ᠎ᠡ ᠶᠢᠨ᠂ ᠲᠣᠬᠠᠶᠢᠯᠠᠪᠠᠯ ᠨᠢᠭᠡᠨᠲᠠ | ᠬᠠᠯᠠᠭᠲᠠᠵᠣ ᠰᠣᠯᠢᠬᠲᠠᠭᠰᠠᠨ ᠴᠠᠭ ᠲᠦᠷᠣ ᠶᠢᠨ ᠡᠭᠡᠵᠣ ᠰᠡᠷᠬᠦᠬᠦ ᠪᠣᠯᠣᠮᠵᠢ ᠦᠭᠡᠢ ᠰᠣᠶᠣᠯ ᠤᠨ ᠪᠦᠲᠣᠭᠡᠭᠲᠠᠬᠦᠨ | ᠶᠣᠮ᠃ ᠠᠯᠠᠱᠠ ᠠᠷᠠᠳ ᠤᠨ ᠢᠵᠠᠭᠤᠷ ᠲᠠᠭᠤᠣ ᠪᠣᠯ ᠮᠠᠨᠵᠣ ᠴᠢᠩ ᠤᠨ ᠦᠶ᠎ᠡ ᠠᠴᠠ ᠢᠷᠭᠡᠨ ᠣᠯᠣᠰ ᠤᠨ ᠦᠶ᠎ᠡ | ᠬᠦᠷᠲᠡᠯᠡᠬᠢ ᠬᠡᠲᠣᠨ ᠵᠠᠭᠤᠨ ᠵᠢᠯ ᠤᠨ ᠲᠣᠷᠰᠢ᠂ ᠮᠣᠩᠭᠤᠯ ᠠᠷᠠᠳ ᠤᠨ ᠲᠣᠮᠲᠠ ᠡᠬᠦᠰᠴᠣ ᠣᠯᠠᠮᠵᠢᠯᠠᠭᠲᠠᠵᠣ᠂ | ᠣᠯᠠᠮ ᠢᠶᠠᠷ ᠲᠡᠬᠦᠯᠲᠡᠷᠵᠢᠨ ᠪᠣᠯᠪᠠᠰᠣᠷᠠᠵᠣ ᠢᠷᠡᠭᠰᠠᠨ ᠣᠷᠠᠯᠢᠭ ᠤᠨ ᠭᠡᠯᠪᠠᠷᠢ ᠶᠤᠮ᠃ ᠰᠢᠨ᠎ᠠ ᠲᠣᠮᠲᠠᠲᠣ ᠣᠯᠣᠰ | ᠪᠠᠶᠢᠭᠤᠯᠣᠬᠲᠠᠬᠤ ᠶᠢᠨ ᠵᠡᠷᠭᠡ ᠪᠠᠷ ᠰᠢᠨ᠎ᠠ ᠰᠣᠶᠣᠯ ᠣᠯᠠᠮ ᠢᠶᠠᠷ ᠭᠠᠵᠠᠷ ᠠᠪᠴᠣ᠂ ᠠᠷᠠᠳ ᠤᠨ ᠵᠠᠩ ᠰᠣᠶᠣᠯ | ᠰᠢᠨᠡᠴᠢᠯᠡᠭᠲᠡᠵᠣ ᠣᠯᠠᠷᠢᠨ ᠬᠤᠪᠢᠷᠠᠬᠤ ᠶᠢᠨ ᠲᠠᠭᠠᠣ ᠳᠤ᠂ ᠮᠦᠨ ᠴᠦ ᠣᠨᠴᠠᠭᠠᠢ ᠴᠠᠭ ᠦᠶ᠎ᠡ ᠶᠢᠨ ᠣᠯᠣᠰ | ᠲᠦᠷᠣ ᠶᠢᠨ ᠭᠡᠲᠣ ᠭᠡᠯᠪᠠᠶᠢᠬᠦᠣ ᠬᠠᠷᠰᠢᠯᠠᠯ ᠪᠣᠯᠣᠨ ᠲᠠᠶᠠᠭᠠᠷᠴᠢᠯᠠᠯ᠂ ᠬᠤᠲᠠᠴᠢᠯᠠᠯ ᠤᠨ ᠰᠢᠯᠲᠠᠭᠠᠨ ᠠᠴᠠ ᠪᠣᠯᠵᠣ | ᠲᠡᠲᠡᠭᠡᠷ ᠣᠷᠲᠣ ᠶᠢᠨ ᠲᠠᠭᠤᠣ ᠲᠠᠭᠤᠯᠠᠭᠲᠠᠵᠣ ᠣᠯᠠᠮᠵᠢᠯᠠᠭᠲᠠᠬᠤ ᠰᠣᠶᠣᠯ ᠤᠨ ᠰᠠᠭᠤᠷᠢ ᠪᠠᠨ ᠠᠭᠠᠵᠢᠮ ᠢᠶᠠᠷ | ᠠᠯᠲᠠᠵᠣ ᠢᠷᠩᠰᠠᠨ ᠪᠠᠶᠢᠨ᠎ᠠ᠃ ᠡᠨᠠ ᠪᠣᠯ ᠨᠡᠶᠢᠭᠡᠮ ᠤᠨ ᠬᠦᠭᠵᠢᠯ ᠠᠴᠠ ᠰᠢᠯᠲᠠᠭᠠᠯᠠᠭᠳᠠᠬᠤ᠂ ᠲᠡᠷᠡ ᠮᠦᠷᠲᠡᠭᠡᠨ | ᠪᠣᠷᠣᠭᠤᠰᠢᠶᠠᠨ ᠵᠢᠮᠡᠯᠡᠬᠦ ᠶᠢᠨ ᠠᠷᠭ᠎ᠠ ᠦᠭᠡᠢ ᠪᠠᠷ ᠵᠠᠶᠢᠯᠠᠰᠢ ᠦᠭᠡᠢ ᠢᠷᠡᠬᠦ ᠦᠷ᠎ᠡ ᠳ᠋ᠦᠩ ᠪᠣᠯᠣᠨ᠎ᠠ᠃ | ᠴᠢᠯᠣᠭᠡᠯᠡᠭᠲᠠᠬᠦ ᠶᠢᠨ ᠡᠬᠢᠨ ᠤ ᠦᠶ᠎ᠡ ᠳᠤ ᠠᠯᠠᠱᠠ ᠨᠣᠲᠤᠭ ᠪᠠᠷᠤᠭ ᠪᠦᠬᠦ ᠠᠷᠠᠳ ᠢᠶᠠᠷ ᠢᠶᠠᠨ ᠲᠠᠭᠤᠴᠢᠨ | ᠪᠠᠶᠢᠬᠰᠠᠨ ᠭᠡᠲᠡᠭ ᠢ ᠮᠠᠨ ᠤ ᠠᠬᠠᠮᠡᠳ ᠪᠣᠭᠤᠷᠣᠯᠴᠣᠣᠨ ᠮᠠᠷᠭᠤᠰᠢ ᠦᠭᠡᠢ ᠭᠡᠷᠡᠴᠢᠯᠠᠨᠠ᠃ ᠲᠡᠷᠡ ᠲᠣᠮᠲᠠ 3 — | 4 ᠵᠠᠭᠤᠨ ᠲᠠᠭᠤᠣ ᠮᠡᠲᠡᠲᠡᠭ ᠲᠠᠭᠤᠴᠢᠳ ᠮᠠᠰᠢ ᠣᠯᠠᠨ ᠪᠠᠶᠢᠬᠰᠠᠨ ᠭᠡᠵᠣ ᠬᠦᠮᠣᠰ ᠪᠠᠲᠣᠳᠬᠠᠵᠣ ᠪᠠᠶᠢᠨ᠎ᠠ᠃ | ᠮᠠᠨ ᠤ ᠪᠦᠷᠢᠳᠭᠡᠯ ᠪᠠ ᠰᠣᠷᠪᠣᠯᠵᠢᠯᠠᠭ᠎ᠠ ᠠᠴᠠ ᠬᠠᠷᠠᠬᠤ ᠳᠤ ᠦᠶ᠎ᠡ ᠦᠶ᠎ᠡ ᠶᠢᠨ ᠬᠢ ᠠᠴᠠ ᠴᠦᠭᠡᠷᠡᠭᠡᠳ ᠣᠲᠣ | ᠪᠣᠯᠬᠤ ᠳᠤ 40 — 50 ᠠᠯᠠᠱᠠ ᠣᠷᠲᠣ ᠶᠢᠨ ᠲᠠᠭᠤᠣ ᠪᠦᠷᠢᠨ ᠰᠠᠶᠢᠬᠠᠨ ᠲᠠᠭᠤᠯᠠᠴᠢᠬᠠᠬᠤ ᠢᠲᠡᠷ ᠵᠠᠯᠠᠭᠤ | ᠨᠠᠰᠣᠨ ᠤ ᠲᠠᠭᠤᠴᠢᠨ ᠡᠲᠣᠷ ᠤᠨ ᠣᠲᠣ ᠰᠢᠬ ᠪᠣᠯᠣᠬᠰᠠᠨ ᠪᠠᠶᠢᠨ᠎ᠠ᠃ ᠪᠢᠲᠠ ᠡᠨᠡ ᠦᠵᠡᠭᠲᠠᠯ ᠠᠴᠠ ᠠᠷᠠᠳ ᠤᠨ | ᠲᠠᠭᠤᠣ ᠶᠢᠨ ᠰᠣᠶᠣᠯ ᠤᠨ ᠣᠷᠴᠢᠨ ᠨᠢᠭᠡᠨᠲᠠ ᠮᠠᠰᠢ ᠶᠡᠭᠡ ᠪᠠᠷ ᠬᠤᠪᠢᠷᠠᠭᠰᠠᠨ ᠭᠡᠲᠡᠭ ᠢ ᠬᠢᠯᠪᠠᠷᠬᠠᠨ ᠣᠶᠢᠯᠠᠭᠠᠵᠣ | ᠪᠣᠯᠣᠨ᠎ᠠ᠃ ᠲᠡᠭᠡᠷᠡᠭᠢ ᠵᠢᠱᠢᠶᠠᠨ ᠠᠴᠠ ᠪᠢᠲᠠ ᠠᠷᠠᠳ ᠤᠨ ᠢᠵᠠᠭᠤᠷ ᠲᠠᠭᠤᠣ ᠬᠠᠮᠢᠭ᠎ᠠ ᠠᠴᠠ ᠶᠠᠭᠠᠬᠢᠵᠣ ᠡᠬᠦᠰᠣᠨ | ᠪᠣᠢ ᠪᠣᠯᠵᠣ᠂ ᠶᠠᠭᠠᠬᠢᠵᠣ ᠣᠯᠠᠮᠵᠢᠯᠠᠭᠲᠠᠵᠣ ᠬᠠᠲᠠᠭᠠᠯᠠᠭᠲᠠᠲᠠᠭ ᠪᠣᠢ ᠭᠡᠰᠠᠨ ᠶᠣᠰᠣ ᠣᠴᠢᠷ ᠢ ᠲᠣᠲᠣᠷᠬᠠᠢ ᠰᠡᠷᠡᠵᠣ | ᠮᠡᠲᠡᠵᠦ ᠪᠣᠯᠬᠤ ᠶᠤᠮ᠃ ᠮᠠᠨ ᠤ ᠵᠠᠷᠢᠮ ᠰᠣᠲᠣᠯᠭᠠᠲᠠᠨ ᠪᠠ ᠣᠨᠣᠯᠴᠢᠳ ᠠᠷᠠᠳ ᠤᠨ ᠲᠠᠭᠤᠣ ᠪᠣᠯ ᠠᠷᠠᠳ | ᠲᠦᠮᠡᠨ ᠤ ᠠᠮᠢᠲᠣᠷᠠᠯ ᠲᠣᠮᠲᠠ ᠠᠴᠠ ᠡᠬᠦᠰᠣᠨ ᠪᠣᠢ ᠪᠣᠯᠵᠣ᠂ ᠣᠯᠠᠮᠵᠢᠯᠠᠭᠲᠠᠵᠣ ᠬᠦᠭᠵᠢᠵᠣ ᠢᠷᠡᠲᠡᠭ ᠶᠣᠮ ᠭᠡᠵᠣ | ᠨᠣᠲᠠᠯᠠᠵᠣ ᠪᠠᠶᠢᠬᠰᠠᠨ ᠰᠢᠲᠠ᠃ ᠭᠡᠲᠠᠯ᠎ᠠ ᠣᠲᠣ ᠠᠷᠠᠳ ᠲᠦᠮᠡᠨ ᠨᠢ ᠪᠠᠶᠢᠬᠰᠠᠭᠠᠷ ᠪᠠᠶᠢᠲᠠᠯ᠎ᠠ ᠲᠡᠲᠡᠭᠡᠷ ᠠᠷᠪᠢᠨ | ᠰᠠᠶᠢᠬᠠᠨ ᠬᠠᠭᠤᠴᠢᠨ ᠲᠠᠭᠤᠣ ᠶᠠᠭᠠᠬᠢᠭᠠᠳ ᠶᠠᠪᠣᠬᠤ ᠲᠣᠰᠣᠮ ᠬᠠᠶᠠᠭᠲᠠᠵᠣ᠂ ᠮᠠᠷᠲᠠᠭᠲᠠᠵᠣ᠂ ᠴᠦᠭᠡᠷᠡᠭᠡᠳ | ᠪᠠᠶᠢᠲᠠᠭ ᠪᠠᠶᠢᠨ᠎ᠠ︖ ᠵᠣᠬᠢᠬᠤ ᠲᠡᠣᠭᠡᠨ ᠴᠠᠭ ᠦᠶ᠎ᠡ ᠳᠤ ᠪᠣᠢ ᠪᠣᠯᠣᠬᠰᠠᠨ ᠲᠠᠭᠤᠣ ᠨᠢ ᠲᠣᠬᠠᠢ ᠶᠢᠨ ᠴᠠᠭ | ᠦᠶ᠎ᠡ ᠶᠢᠨ ᠠᠷᠠᠳ ᠤᠨ ᠲᠠᠭᠤᠣ ᠶᠢᠨ ᠰᠣᠶᠣᠯ ᠠᠴᠠ ᠯᠠ ᠡᠬᠦᠰᠴᠣ ᠣᠯᠠᠮᠵᠢᠯᠠᠭᠲᠠᠲᠠᠭ ᠪᠦᠭᠡᠳ ᠮᠦᠨ ᠴᠠᠭ | ᠲᠦᠷᠣ ᠶᠢᠨ ᠣᠯᠠᠷᠢᠵᠣ ᠬᠠᠯᠠᠭᠲᠠᠵᠣ ᠬᠦᠭᠵᠢᠬᠦ ᠶᠢ ᠲᠠᠭᠠᠯᠲᠣᠨ ᠠᠭᠠᠵᠢᠮ ᠢᠶᠠᠷ ᠣᠷᠬᠢᠬᠲᠠᠵᠣ᠂ ᠣᠣᠯ ᠭᠡᠪ ᠢᠶᠠᠷ | ᠣᠯᠠᠮᠵᠢᠯᠠᠭᠲᠠᠬᠤ ᠣᠷᠣᠨ ᠵᠠᠢ ᠪᠠᠨ ᠠᠯᠲᠠᠲᠠᠭ ᠭᠡᠲᠡᠭ ᠢ ᠣᠶᠢᠯᠠᠭᠠᠬᠤ ᠴᠢᠬᠤᠯᠠᠲᠠᠢ ᠶᠣᠮ᠃ ᠲᠣᠬᠠᠢ ᠶᠢᠨ | ᠰᠣᠶᠣᠯ ᠤᠨ ᠣᠷᠴᠢᠨ ᠨᠢ ᠬᠤᠪᠢᠷᠠᠬᠤ ᠦᠭᠡᠢ ᠭᠡᠲᠣᠢ ᠣᠲᠠᠭᠠᠨ ᠦᠷᠬᠦᠯᠵᠢᠯᠡᠪᠠᠯ᠂ ᠠᠷᠠᠳ ᠤᠨ ᠲᠠᠭᠤᠣ ᠨᠢ ᠴᠦ | ᠣᠯᠠᠮ ᠢᠶᠠᠷ ᠪᠠᠶᠠᠯᠢᠬᠵᠢᠵᠣ᠂ ᠲᠡᠲᠣᠢ ᠣᠲᠠᠭᠠᠨ ᠣᠯᠠᠮᠵᠢᠯᠠᠭᠲᠠᠲᠠᠭ ᠪᠠᠶᠢᠨ᠎ᠠ᠃ ᠡᠶᠢᠮᠣ ᠪᠣᠯᠬᠤᠷ ᠠᠲᠠ ᠪᠢ ︽ | ᠠᠷᠠᠳ ᠤᠨ ᠲᠠᠭᠤᠣ ᠶᠢᠨ ᠰᠣᠶᠣᠯ ᠤᠨ ᠣᠷᠴᠢᠨ︾ ᠭᠡᠰᠠᠨ ᠪᠠᠷᠢᠮᠲᠠᠯᠡᠯ ᠢ ᠣᠨᠴᠠᠭᠠᠶᠢᠯᠠᠨ ᠲᠣᠷᠠᠳᠴᠣ ᠪᠠᠶᠢᠭ᠎ᠠ ᠶᠣᠮ | ᠃ ᠲᠡᠭᠡᠪᠠᠯ ᠠᠷᠠᠳ ᠤᠨ ᠲᠠᠭᠤᠣ ᠶᠢᠨ ᠰᠣᠶᠣᠯ ᠭᠡᠲᠡᠭ ᠨᠢ ᠶᠠᠭᠤ ᠪᠣᠢ︖ ᠭᠡᠰᠠᠨ ᠠᠰᠠᠭᠤᠲᠠᠯ ᠲᠣᠷᠠᠲᠣᠬᠲᠠᠨᠠ᠃ | ᠲᠡᠯᠭᠡᠷᠨᠩᠬᠦᠢ ᠣᠳᠬ᠎ᠠ ᠠᠴᠠ ᠶᠠᠷᠢᠪᠠᠯ᠂ ᠠᠷᠠᠳ ᠤᠨ ᠲᠠᠭᠤᠣ ᠶᠢᠨ ᠰᠣᠶᠣᠯ ᠭᠡᠲᠡᠭ ᠨᠢ ᠠᠷᠠᠳ ᠤᠨ ᠲᠠᠭᠤᠣ ᠶᠢ | ᠲᠦᠷᠣᠬᠦᠯᠵᠣ᠂ ᠣᠯᠠᠮᠵᠢᠯᠠᠨ ᠲᠠᠭᠤᠯᠠᠭᠤᠯᠵᠣ᠂ ᠣᠯᠠᠮ ᠢᠶᠠᠷ ᠪᠠᠶᠠᠯᠢᠬᠵᠢᠭᠤᠯᠬᠤ ᠦᠷᠭᠡᠨ ᠪᠣᠯᠣᠮᠵᠢ ᠶᠢ ᠣᠯᠭᠤᠲᠠᠭ | ᠲᠣᠬᠠᠢ ᠶᠢᠨ ᠨᠡᠶᠢᠭᠡᠮ ᠤᠨ ᠠᠷᠠᠳ ᠲᠦᠮᠡᠨ ᠤ ᠵᠠᠩ ᠦᠢᠯᠠ᠂ ᠠᠵᠣ ᠠᠮᠢᠲᠣᠷᠠᠯ ᠤᠨ ᠣᠷᠴᠢᠨ᠂ ᠨᠠᠶᠢᠷ ᠬᠤᠷᠢᠮ ᠤᠨ | ᠲᠢᠭ ᠶᠣᠰᠣᠨ ᠵᠡᠷᠭᠡ ᠰᠣᠶᠣᠯ ᠢᠷᠭᠡᠨᠰᠢᠯ ᠢ ᠵᠢᠭᠠᠵᠣ ᠪᠠᠶᠢᠬᠤ ᠰᠢᠬ ᠪᠠᠶᠢᠨ᠎ᠠ᠃ ᠠᠯᠠᠱᠠ ᠠᠷᠠᠳ ᠤᠨ ᠢᠵᠠᠭᠤᠷ | ᠲᠠᠭᠤᠣ ᠨᠤᠭᠤᠳ ᠨᠢ ᠲᠦᠷᠪᠠᠨ ᠣᠶᠢᠷᠠᠳ ᠤᠨ ᠨᠢᠭᠡᠲᠣᠯ ᠵᠠᠲᠠᠷᠠᠯ᠂ ᠰᠢᠷ᠎ᠠ ᠶᠢᠨ ᠱᠠᠰᠢᠨ ᠤ ᠲᠡᠯᠭᠡᠷᠠᠯ᠂ | ᠲᠣᠷᠭᠤᠣᠨᠴᠣᠣᠨ ᠢᠵᠢᠯ ᠮᠦᠷᠡᠨ ᠠᠴᠠ ᠵᠡᠬᠦᠨᠰᠢ ᠪᠣᠴᠠᠭᠰᠠᠨ᠂ ᠬᠤᠱᠣᠣᠨ ᠤᠨ ᠨᠢᠭᠡᠨ ᠰᠠᠯᠪᠣᠷᠢ ᠠᠯᠠᠱᠠ ᠳᠤ | ᠢᠷᠡᠭᠰᠠᠨ᠂ ᠰᠡᠬᠦᠯ ᠤᠨ ᠦᠶ᠎ᠡ ᠳᠤ ᠨᠢᠭᠡ ᠪᠦᠯᠦᠭ ᠬᠠᠯᠬ᠎ᠠ ᠶᠠᠰᠣᠲᠠᠳ ᠠᠯᠠᠱᠠ ᠳᠤ ᠢᠷᠡᠵᠣ ᠨᠣᠲᠣᠬᠰᠢᠬᠰᠠᠨ᠂ | ᠮᠠᠨᠵᠣ ᠴᠢᠩ ᠤᠨ ᠵᠠᠪᠰᠠᠷᠲᠠᠭᠤᠯᠣᠯ ᠠᠴᠠ ᠪᠣᠯᠣᠬᠰᠠᠨ ᠣᠯᠠᠨ ᠵᠢᠯ ᠤᠨ ᠲᠠᠶᠢᠨ ᠲᠠᠵᠢᠨ᠂ ᠲᠣᠬᠠᠢ ᠶᠢᠨ ᠨᠡᠶᠢᠭᠡᠮ ᠤᠨ | ᠣᠷᠴᠢᠨ ᠪᠠᠶᠢᠭᠠᠯᠢ᠂ ᠵᠠᠰᠠᠭ ᠲᠦᠷᠣ ᠶᠢᠨ ᠲᠣᠬᠲᠠᠯᠴᠠᠭ᠎ᠠ ᠪᠣᠯᠣᠨ ᠣᠷᠣᠰᠢᠨ ᠲᠣᠬᠲᠠᠨᠢᠬᠤ ᠭᠠᠵᠠᠷ ᠨᠣᠲᠤᠭ᠂ ᠡᠷᠭᠡ | ᠴᠢᠯᠣᠭᠡ᠂ ᠡᠪ ᠨᠠᠶᠢᠷ᠂ ᠡᠩᠭᠡ ᠲᠣᠬᠲᠠᠭᠤᠨ ᠠᠮᠢᠲᠣᠷᠠᠯ ᠢ ᠬᠦᠰᠠᠨ ᠮᠦᠷᠣᠭᠡᠲᠥᠭᠰᠠᠨ ᠠᠷᠠᠳ ᠢᠷᠭᠡᠳ ᠤᠨ ᠬᠦᠰᠠᠯ | ᠰᠡᠳᠬᠢᠯ ᠵᠢᠴᠢ ᠠᠯᠠᠱᠠᠴᠣᠣᠨ ᠤᠨ ᠦᠪᠠᠷᠮᠢᠴᠡ ᠣᠨᠲᠣᠣ ᠵᠠᠩ ᠰᠣᠶᠣᠯ᠂ ᠶᠣᠰᠣ ᠵᠠᠩᠰᠢᠯ ᠵᠡᠷᠭᠡ ᠨᠢ ᠠᠯᠠᠱᠠ | ᠠᠷᠠᠳ ᠤᠨ ᠲᠠᠭᠤᠣ ᠡᠬᠦᠰᠴᠣ ᠣᠯᠠᠮᠵᠢᠯᠠᠭᠲᠠᠬᠤ ᠲᠡᠣᠭᠡ ᠶᠢᠨ ᠶᠡᠭᠡ ᠠᠷᠣ ᠦᠵᠡᠭᠲᠠᠯ ᠪᠠ ᠰᠣᠶᠣᠯ ᠤᠨ ᠬᠦᠨ | ᠵᠣᠵᠠᠭᠠᠨ ᠬᠦᠷᠣᠰᠣ ᠰᠢᠷᠣᠢ ᠪᠣᠯᠵᠣ ᠪᠠᠶᠢᠬᠰᠠᠨ ᠪᠠᠶᠢᠨ᠎ᠠ᠃ ᠢᠪᠴᠣᠣ ᠬᠦᠷᠢᠶᠠᠨ ᠠᠴᠠ ᠶᠠᠷᠢᠪᠠᠯ᠂ ᠠᠯᠠᠱᠠ | ᠬᠤᠱᠣᠣᠨ ᠠᠷᠠᠳ ᠤᠨ ᠲᠠᠭᠤᠣ ᠨᠢ ᠢᠷᠭᠡᠨ ᠤ ᠶᠣᠰᠣ ᠵᠠᠩᠰᠢᠯ᠂ ᠮᠣᠩᠭᠤᠯ ᠤᠨ ᠲᠢᠭ ᠶᠣᠰᠣ ᠠᠭᠤᠯᠭ᠎ᠠ ᠮᠠᠰᠢ | ᠨᠢᠬᠲᠠ ᠬᠤᠯᠪᠣᠯᠲᠣᠬᠰᠠᠨ ᠵᠠᠩ ᠦᠢᠯᠠ ᠶᠢᠨ ᠨᠢᠭᠡᠨ ᠶᠡᠷᠣᠩᠭᠡᠢ ᠴᠣᠬᠴᠠᠯᠠᠪᠣᠷᠢ ᠬᠡᠵᠣ ᠪᠣᠯᠬᠤ ᠶᠣᠮ᠃ ᠮᠣᠩᠭᠤᠯ | ᠠᠷᠠᠳ ᠤᠨ ᠲᠠᠭᠤᠣ ᠭᠡᠵᠣ ᠶᠠᠭᠤ ᠪᠣᠢ ᠭᠡᠪᠠᠯ᠂ ᠪᠢ ᠯᠠ ᠬᠤᠪᠢᠨ ᠳᠠᠭᠠᠨ ᠲᠣᠬᠠᠢ ᠶᠢᠨ ᠴᠠᠭ ᠦᠶ᠎ᠡ ᠶᠢᠨ ᠲᠡᠣᠭᠡ | ᠰᠣᠶᠣᠯ ᠤᠨ ᠲᠣᠰᠬᠠᠯ᠂ ᠢᠷᠭᠡᠨ ᠤ ᠪᠣᠷᠣᠬᠵᠢᠭᠤᠨ ᠬᠦᠨ ᠣᠬᠠᠭᠠᠨ᠂ ᠬᠦᠮᠣᠨ ᠤ ᠶᠣᠰᠣᠨ ᠤ ᠲᠣᠬᠠᠢ ᠰᠣᠷᠭᠠᠯ᠂ | ᠬᠦᠮᠣᠨ ᠪᠠᠶᠢᠭᠠᠯᠢ ᠶᠢ ᠡᠶᠡᠲᠡᠬᠦᠯᠦᠭᠰᠠᠨ ᠰᠣᠶᠣᠯ ᠭᠡᠵᠣ ᠨᠣᠲᠠᠯᠠᠨ᠎ᠠ᠃ ᠡᠨᠡ ᠪᠣᠯ ᠦᠭᠡᠷ᠎ᠡ ᠭᠠᠵᠠᠷ ᠣᠷᠣᠨ ᠤ | ᠢᠯᠡᠩᠭᠤᠶ᠎ᠠ ᠦᠭᠡᠷ᠎ᠡ ᠦᠨᠲᠣᠰᠣᠲᠠᠨ ᠤ ᠠᠷᠠᠳ ᠤᠨ ᠲᠠᠭᠤᠣ ᠠᠴᠠ ᠢᠯᠡᠷᠭᠡᠢ ᠢᠯᠭᠠᠬᠲᠠᠬᠤ ᠨᠢᠭᠡᠨ ᠲᠣᠪᠤᠶᠢᠮ᠎ᠠ | ᠣᠨᠴᠠᠯᠢᠭ ᠶᠣᠮ᠃ | ᠠᠯᠠᠱᠠ ᠠᠷᠠᠳ ᠤᠨ ᠲᠠᠭᠤᠣ ᠶᠢ ᠠᠶ᠎ᠡ ᠡᠭᠡᠰᠢᠭ ᠢᠶᠠᠷ ᠨᠢ ᠣᠷᠲᠣ ᠶᠢᠨ ᠲᠠᠭᠤᠣ᠂ ᠪᠣᠭᠤᠨᠢ ᠲᠠᠭᠤᠣ ᠭᠡᠵᠣ | ᠬᠤᠶᠠᠷ ᠶᠡᠭᠡ ᠲᠦᠷᠣᠯ ᠳᠤ ᠬᠤᠪᠢᠶᠠᠵᠣ ᠪᠣᠯᠣᠨ᠎ᠠ᠃ ᠣᠪᠣᠭ ᠣᠬᠰᠠᠭᠠᠨ ᠤ ᠬᠢᠨᠢ ᠬᠠᠷᠢᠶᠠᠯᠠᠯ ᠠᠴᠠ ᠬᠤᠱᠣᠣᠨ | ᠲᠠᠭᠤᠣ᠂ ᠲᠣᠷᠭᠤᠣᠨ ᠲᠠᠭᠤᠣ᠂ ᠬᠠᠯᠬ᠎ᠠ ᠲᠠᠭᠤᠣ ᠬᠡᠬᠦ ᠭᠤᠷᠪᠠᠨ ᠰᠠᠯᠪᠣᠷᠢ ᠪᠠᠷ ᠠᠩᠬᠢᠯᠠᠵᠣ ᠰᠢᠨᠵᠢᠬᠦ ᠶᠣᠰᠣᠲᠠᠢ᠃ | ᠴᠠᠭᠠᠰᠢ ᠨᠢ ᠪᠠᠰᠠ ᠲᠣᠰᠪᠣᠷᠢ ᠶᠢᠨ ᠬᠢᠨᠢ ᠭᠠᠵᠠᠷ ᠨᠣᠲᠤᠭ ᠤᠨ ᠬᠤᠪᠢᠶᠠᠷᠢᠯᠠᠯ ᠢᠶᠠᠷ ᠨᠢ ᠨᠢᠵᠡᠭᠡᠳ ᠣᠷᠣᠨ | ᠲᠣᠭᠤᠷᠢᠭ ᠬᠤᠪᠢᠶᠠᠨ ᠨᠠᠷᠢᠨ ᠰᠣᠲᠣᠯᠵᠣ ᠪᠣᠯᠣᠨ᠎ᠠ᠃ ᠡᠲᠡᠭᠡᠷ ᠨᠢ ᠪᠣᠯ ᠠᠯᠠᠱᠠ ᠠᠷᠠᠳ ᠤᠨ ᠲᠠᠭᠤᠣ ᠶᠢᠨ ᠲᠣᠬᠠᠢ | ᠮᠢᠨᠣ ᠨᠢᠭᠡᠨ ᠶᠡᠷᠣᠩᠭᠡᠢ ᠣᠶᠢᠯᠠᠭᠠᠯᠲᠠ ᠪᠣᠯᠣᠨ᠎ᠠ᠃ ᠣᠲᠣ ᠪᠢ ᠵᠠᠯᠭᠠᠭᠠᠳ ᠠᠯᠠᠱᠠ ᠬᠤᠱᠣᠣᠨ ᠣᠷᠲᠣ ᠶᠢᠨ | ᠲᠠᠭᠤᠣ ᠳᠤ ᠰᠠᠭᠤᠷᠢᠯᠠᠭᠤᠯᠵᠣ᠂ ᠠᠷᠠᠳ ᠤᠨ ᠲᠠᠭᠤᠣ ᠶᠢᠨ ᠵᠠᠷᠢᠮ ᠶᠣᠰᠣ ᠣᠴᠢᠷ ᠢ ᠪᠦᠲᠣᠬᠦᠪᠴᠢ ᠪᠠᠷ ᠶᠠᠷᠢᠶ᠎ᠡ᠃ | ᠨᠢᠭᠡ᠂ ᠠᠯᠠᠱᠠ ᠬᠤᠱᠣᠣᠨ ᠣᠷᠲᠣ ᠶᠢᠨ ᠲᠠᠭᠤᠣ ᠶᠢᠨ ᠶᠣᠰᠣ ᠵᠠᠩᠰᠢᠯ | ᠠᠯᠠᠱᠠ ᠬᠤᠱᠣᠣᠨ ᠣᠷᠲᠣ ᠶᠢᠨ ᠲᠠᠭᠤᠣ ᠶᠢ ᠠᠵᠢᠬᠯᠠᠬᠤ ᠳᠤ᠂ ᠢᠷᠭᠡᠨ ᠤ ᠶᠣᠰᠣ ᠵᠠᠩᠰᠢᠯ ᠳᠤ ᠰᠠᠯᠣᠰᠢ | ᠦᠭᠡᠢ ᠨᠠᠪᠴᠢᠵᠣ ᠰᠢᠩᠭᠡᠭᠰᠠᠨ ᠪᠠᠶᠢᠲᠠᠭ ᠢᠶᠠᠷ ᠢᠶᠠᠨ ᠪᠣᠰᠣᠣᠨ ᠭᠠᠵᠠᠷ ᠣᠷᠣᠨ ᠤ ᠠᠷᠠᠳ ᠤᠨ ᠲᠠᠭᠤᠣ ᠠᠴᠠ | ᠢᠯᠡᠷᠭᠡᠢ ᠣᠨᠴᠠᠯᠢᠭᠲᠠᠵᠣ ᠪᠠᠶᠢᠨ᠎ᠠ᠃ ᠠᠯᠠᠱᠠ ᠠᠷᠠᠳ ᠤᠨ ᠲᠠᠭᠤᠣ ᠶᠢ ᠰᠣᠲᠣᠯᠵᠣ ᠰᠢᠨᠵᠢᠯᠡᠬᠦ ᠳᠤ ᠲᠣᠬᠠᠢ ᠶᠢᠨ | ᠣᠷᠣᠨ ᠤ ᠢᠷᠭᠡᠨ ᠤ ᠵᠠᠩ ᠰᠣᠶᠣᠯ᠂ ᠶᠣᠰᠣ ᠰᠣᠷᠲᠠᠬᠤᠨ᠂ ᠠᠵᠣ ᠠᠮᠢᠲᠣᠷᠠᠯ ᠤᠨ ᠪᠠᠶᠢᠲᠠᠯ ᠠᠴᠠ ᠦᠴᠣᠭᠡᠨ ᠴᠦ | ᠰᠠᠯᠭᠠᠵᠣ ᠪᠣᠯᠬᠤ ᠦᠭᠡᠢ ᠶᠣᠮ᠃ ᠶᠡᠷᠣ ᠨᠢ ᠠᠯᠠᠱᠠ ᠨᠣᠲᠤᠭ ᠲᠤ ᠲᠠᠭᠤᠣ ᠦᠭᠡᠢ ᠨᠠᠶᠢᠷ ᠬᠤᠷᠢᠮ ᠪᠠᠶᠢᠵᠣ ᠪᠣᠯᠲᠠᠭ | ᠦᠭᠡᠢ᠂ ᠶᠠᠮᠠᠷ ᠴᠦ ᠴᠠᠢ ᠨᠠᠶᠢᠷ ᠲᠤ ᠲᠠᠭᠤᠯᠠᠬᠤ ᠲᠠᠭᠤᠣ ᠨᠢ ᠨᠠᠶᠢᠷ ᠴᠡᠩᠭᠡᠭᠡᠨ ᠤ ᠶᠣᠰᠣ ᠵᠠᠩᠰᠢᠯ ᠳᠤ ᠨᠢ | ᠨᠡᠶᠢᠴᠡᠭᠰᠠᠨ ᠡᠮᠬᠢ ᠲᠠᠷᠠᠭ᠎ᠠ ᠲᠠᠢ ᠲᠠᠭᠤᠯᠠᠭᠲᠠᠬᠤ ᠲᠠᠭᠤᠣ ᠨᠤᠭᠤᠳ ᠪᠠᠶᠢᠲᠠᠭ ᠪᠠᠶᠢᠨ᠎ᠠ᠃ ᠲᠡᠣᠭᠡᠨ ᠲᠡᠭᠡᠷ᠎ᠡ | ᠬᠤᠰᠢᠭᠤ ᠵᠠᠰᠠᠭ ᠲᠦᠷᠣ ᠶᠢᠨ ᠶᠡᠭᠡ ᠨᠠᠶᠢᠷ ᠠᠴᠠ ᠠᠪᠣᠭᠠᠳ ᠡᠭᠡᠯ ᠠᠷᠠᠳ ᠤᠨ ᠰᠠᠷ᠎ᠠ ᠰᠢᠨ᠎ᠠ ᠶᠢᠨ ᠴᠠᠶᠢᠯᠠᠯᠭ᠎ᠠ᠂ | ᠬᠤᠷᠢᠮ ᠤᠨ ᠶᠣᠰᠣᠯᠠᠯ᠂ ᠲᠠᠬᠢᠯᠭ᠎ᠠ ᠲᠠᠯᠠᠯᠭ᠎ᠠ᠂ ᠨᠠᠰᠣᠨ ᠪᠠᠶᠠᠷ ᠵᠡᠷᠭᠡ ᠠᠯᠢᠪᠠ ᠨᠠᠶᠢᠷ ᠴᠡᠩᠭᠡᠯ ᠳᠤ ᠬᠦᠷᠲᠡᠯᠡᠬᠢ | ᠨᠠᠶᠢᠷ ᠤᠨ ᠶᠣᠰᠣᠨ ᠳᠤ ᠪᠦᠷ ᠯᠠ ᠲᠦᠷᠣ ᠶᠢᠨ ᠱᠠᠰᠲᠢᠷ ᠲᠠᠭᠤᠣ ᠶᠢ ᠡᠬᠢᠯᠠᠨ ᠲᠠᠭᠤᠯᠠᠲᠠᠭ ᠪᠠᠶᠢᠬᠰᠠᠨ ᠨᠢ ᠨᠢᠭᠡᠨᠲᠠ | ᠲᠣᠬᠲᠠᠭᠰᠠᠨ ᠵᠣᠷᠰᠢᠯ ᠪᠣᠯᠵᠣ ᠣᠯᠠᠨ ᠵᠠᠭᠤᠨ ᠢᠶᠠᠷ ᠭᠡᠪᠰᠢᠨ ᠲᠦᠷᠢᠮᠵᠢᠭᠰᠡᠨ ᠪᠠᠶᠢᠲᠠᠭ᠃ ᠣᠨᠴᠠᠭᠠᠶᠢᠯᠠᠨ ᠣᠷᠤᠭ | ᠬᠤᠷᠢᠮ ᠤᠨ ᠶᠠᠪᠣᠴᠠ ᠳᠤ ᠲᠠᠭᠤᠯᠠᠭᠲᠠᠬᠤ ᠲᠠᠭᠤᠣ ᠨᠤᠭᠤᠳ ᠨᠢ ᠬᠤᠷᠢᠮ ᠤᠨ ᠶᠣᠰᠣ ᠵᠠᠩᠰᠢᠯ ᠲᠠᠢ ᠰᠠᠯᠣᠰᠢ ᠦᠭᠡᠢ | ᠣᠶᠠᠯᠲᠣᠵᠣ᠂ ᠠᠷᠢᠬᠢ ᠬᠠᠲᠠᠭ ᠲᠠᠯᠪᠢᠬᠤ ᠠᠴᠠ ᠡᠬᠢᠯᠠᠨ ᠱᠠᠭᠠᠶᠢᠲᠣ ᠰᠠᠯᠭᠠᠭᠤᠣᠨ ᠣᠷᠣᠬᠤ᠂ ᠨᠠᠶᠢᠷ ᠡᠬᠢᠯᠡᠬᠦ᠂ | ᠨᠠᠶᠢᠷ ᠦᠷᠬᠦᠯᠵᠢᠯᠡᠬᠦ᠂ ᠦᠬᠢᠨ ᠰᠠᠯᠭᠠᠵᠣ ᠮᠣᠷᠲᠠᠭᠤᠯᠬᠤ᠂ ᠨᠠᠶᠢᠷ ᠤᠨ ᠭᠡᠶᠢᠴᠢᠳ ᠲᠠᠷᠬᠠᠬᠤ ᠬᠦᠷᠲᠡᠯᠡᠬᠢ ᠪᠦᠬᠦᠶ | ᠯᠠ ᠶᠠᠪᠣᠴᠠ ᠳᠤ ᠲᠠᠭᠤᠣ ᠢᠷᠣᠭᠡᠯ ᠬᠤᠶᠠᠷ ᠲᠠᠰᠣᠷᠠᠭᠤ ᠦᠭᠡᠢ ᠭᠡᠲᠣ ᠭᠡᠲᠣᠨ ᠡᠲᠣᠷ ᠢᠶᠠᠷ ᠦᠷᠬᠦᠯᠵᠢᠯᠡᠳ᠋ᠩ | ᠪᠠᠶᠢᠨ᠎ᠠ᠃ ᠡᠶᠢᠮᠣ ᠪᠣᠯᠬᠤᠷ ᠲᠠᠭᠤᠣ ᠢᠷᠣᠭᠡᠯ ᠬᠤᠶᠠᠷ ᠮᠡᠲᠡᠬᠦ ᠦᠭᠡᠢ ᠬᠦᠮᠣᠨ ᠠᠶᠢᠯ ᠤᠨ ᠬᠤᠷᠢᠮ ᠨᠠᠶᠢᠷ ᠲᠤ | ᠠᠬᠠᠯᠠᠭᠴᠢ᠂ ᠪᠠᠷᠭᠡᠨ᠂ ᠲᠠᠭᠤᠴᠢᠨ ᠢᠶᠠᠷ ᠵᠠᠯᠠᠭᠲᠠᠬᠤ ᠪᠣᠯᠣᠯᠴᠠᠭ᠎ᠠ ᠦᠭᠡᠢ ᠶᠣᠮ᠃ ᠨᠠᠶᠢᠷ ᠲᠤ ᠢᠷᠡᠭᠰᠠᠨ ᠬᠦᠣ᠂ | ᠬᠡᠣᠭᠡᠨ ᠬᠤᠶᠠᠷ ᠲᠠᠯ᠎ᠠ ᠶᠢᠨ ᠬᠡᠶᠢᠴᠢᠳ ᠴᠦ ᠲᠠᠭᠤᠣ ᠠᠷᠪᠢᠨ ᠮᠡᠲᠡᠲᠡᠭ ᠢᠶᠠᠷ ᠢᠶᠠᠨ᠂ ᠲᠠᠭᠤᠣ ᠰᠠᠶᠢᠬᠠᠨ | ᠲᠠᠭᠤᠯᠠᠲᠠᠭ ᠢᠶᠠᠷ ᠢᠶᠠᠨ᠂ ᠲᠠᠭᠤᠣ ᠶᠢᠨ ᠶᠣᠰᠣ ᠵᠠᠩᠰᠢᠯ ᠳᠤ ᠴᠠᠭᠠᠷᠠᠭᠰᠠᠨ ᠢᠶᠠᠷ ᠢᠶᠠᠨ ᠦᠷᠢᠰᠣᠯᠲᠣᠵᠣ᠂ ᠨᠠᠶᠢᠷ ᠲᠤ | ᠬᠦᠷ ᠪᠠᠶᠠᠰᠣᠯ ᠦᠩᠭᠡ ᠭᠡᠷᠡᠯ ᠨᠡᠮᠡᠷᠢᠯᠡᠵᠣ᠂ ᠨᠠᠶᠢᠷ ᠤᠨ ᠶᠣᠰᠣ ᠶᠢ ᠵᠣᠬᠢᠴᠠᠭᠤᠯᠵᠣ᠂ ᠭᠡᠷ ᠤᠨ ᠡᠵᠡᠨ ᠤ ᠦᠩᠭᠡ | ᠨᠢᠭᠤᠷ ᠢ ᠠᠪᠴᠣ ᠭᠠᠷᠲᠠᠭ ᠪᠠᠶᠢᠨ᠎ᠠ᠃ ᠶᠡᠷᠣ ᠨᠢ ᠲᠡᠣᠭᠡᠨ ᠠᠴᠠ ᠪᠠᠨ ᠠᠯᠠᠱᠠ ᠳᠤ ᠲᠠᠭᠤᠴᠢ᠂ ᠢᠷᠣᠭᠡᠯᠴᠢ ᠬᠦᠮᠣᠨ | ᠨᠣᠲᠤᠭ ᠣᠰᠣᠨ ᠳᠤ ᠪᠠᠨ ᠨᠠᠰᠣᠨ ᠲᠣᠷᠰᠢ ᠠᠯᠲᠠᠷ ᠬᠦᠨᠲᠣ ᠲᠠᠢ ᠶᠠᠪᠣᠵᠣ᠂ ᠠᠷᠠᠳ ᠤᠨ ᠨᠠᠶᠢᠷ ᠬᠤᠷᠢᠮ ᠢᠶᠠᠷ ᠯᠠ | ᠠᠷᠠᠳ ᠤᠨ ᠲᠠᠭᠤᠣ ᠪᠠᠨ ᠦᠷ᠎ᠡ ᠬᠤᠶᠢᠴᠢᠰ ᠲᠤ ᠪᠠᠨ ᠦᠪᠯᠡᠬᠦᠯᠵᠣ ᠣᠯᠠᠮᠵᠢᠯᠠᠵᠣ ᠢᠷᠡᠭᠰᠠᠨ ᠵᠣᠷᠰᠢᠯ ᠲᠠᠢ ᠶᠣᠮ᠃ | ᠣᠪᠣᠭ᠎ᠠ ᠰᠢᠪᠡᠭᠡ ᠲᠡᠬᠢᠵᠣ ᠬᠤᠷ᠎ᠠ ᠪᠣᠷᠣᠭᠠᠨ ᠭᠤᠶᠣᠬᠤ ᠳᠤ ᠴᠦ ᠯᠣᠣᠰ ᠰᠠᠪᠲᠠᠭ ᠢ ᠪᠠᠶᠡᠰᠬᠠᠵᠣ ᠭᠠᠵᠠᠷ ᠤᠨ | ᠦᠨᠲᠣᠷ ᠠᠴᠠ ᠡᠴᠢᠭᠡ ᠲᠡᠭᠷᠢ᠂ ᠡᠭᠡ ᠭᠠᠵᠠᠷ ᠲᠠᠭᠠᠨ ᠰᠠᠴᠣᠯᠢ ᠲᠡᠭᠡᠵᠢ ᠪᠠᠨ ᠡᠷᠬᠦᠵᠣ᠂ ᠣᠭᠤᠴᠠ | ᠰᠢᠬᠦᠰᠣ ᠶᠢᠨ ᠢᠶᠠᠨ ᠲᠡᠪᠠᠭ ᠢ ᠦᠷᠣᠵᠣ᠂ ᠬᠤᠷᠠᠭᠰᠠᠨ ᠪᠦᠬᠦᠲᠡᠭᠡᠷ ᠢᠶᠠᠨ ᠡᠨᠠ ᠶᠣᠰᠣᠯᠠᠯ ᠳᠤ ᠨᠠᠶᠢᠴᠠᠬᠦ᠋ᠢᠴᠡ | ᠨᠠᠶᠢᠷ ᠤᠨ ᠰᠠᠶᠢᠬᠠᠨ ᠲᠠᠭᠤᠣ ᠪᠠᠨ ᠲᠠᠭᠤᠯᠡᠵᠣ᠂ ᠲᠡᠯᠡᠭᠡᠢ ᠪᠠᠶᠠᠰᠲᠠᠯ᠎ᠠ ᠨᠠᠶᠢᠷᠯᠠᠲᠠᠭ ᠪᠠᠶᠢᠨ᠎ᠠ᠃ ᠶᠡᠷᠣ ᠨᠢ | ᠠᠯᠠᠱᠠ ᠳᠤ ᠶᠠᠮᠠᠷ ᠴᠦ ᠨᠠᠶᠢᠷ ᠨᠠᠭᠠᠲᠣᠮ ᠳᠤ ᠲᠠᠭᠤᠣ ᠶᠢ ᠲᠡᠭᠡᠲᠣᠯᠡᠵᠣ ᠲᠠᠭᠤᠣ ᠪᠠᠷ ᠢᠶᠠᠨ ᠨᠠᠶᠢᠷ ᠢᠶᠠᠨ ᠡᠬᠢᠯᠡᠬᠦᠯᠵᠣ | ᠂ ᠦᠷᠬᠦᠯᠵᠢᠯᠡᠬᠦᠯᠵᠣ᠂ ᠲᠡᠬᠦᠰᠭᠡᠵᠣ ᠪᠠᠶᠢᠲᠠᠭ᠃ ᠡᠶᠢᠮᠣ ᠠᠴᠠ ᠠᠷᠠᠳ ᠤᠨ ᠲᠠᠭᠤᠣ ᠨᠢ ᠠᠯᠠᠱᠠ ᠳᠤ ᠠᠷᠠᠳ | ᠢᠷᠭᠡᠳ ᠤᠨ ᠴᠢᠬᠤᠯᠠ ᠨᠢᠭᠡᠨ ᠶᠣᠰᠣ ᠵᠠᠩᠰᠢᠯ ᠪᠣᠯᠵᠣ ᠣᠯᠠᠨ ᠵᠠᠭᠤᠨ ᠢᠶᠠᠷ ᠵᠣᠷᠰᠢᠵᠣ ᠣᠯᠠᠮᠵᠢᠯᠠᠭᠲᠠᠭᠰᠠᠨ ᠶᠣᠮ᠃ | ᠡᠨᠠ ᠨᠢ ᠠᠷᠠᠳ ᠤᠨ ᠢᠵᠠᠭᠤᠷ ᠲᠠᠭᠤᠣ ᠲᠦᠷᠣᠵᠣ᠂ ᠬᠦᠭᠵᠢᠵᠣ ᠣᠯᠠᠮᠵᠢᠯᠠᠭᠲᠠᠬᠤ ᠴᠢᠬᠤᠯᠠ ᠣᠷᠢᠲᠠᠴᠢ ᠨᠦᠬᠦᠴᠡᠯ | ᠪᠣᠯᠵᠣ ᠢᠷᠡᠵᠠᠢ᠃ | ᠬᠤᠶᠠᠷ᠂ ᠠᠯᠠᠱᠠ ᠬᠤᠱᠣᠣᠨ ᠣᠷᠲᠣ ᠶᠢᠨ ᠲᠠᠭᠤᠣ ᠶᠢᠨ ᠭᠤᠣᠯ ᠦᠢᠯᠡᠲᠣᠯ | ᠲᠡᠣᠭᠡᠨ ᠲᠡᠭᠡᠷᠡᠭᠢ ᠠᠷᠠᠳ ᠤᠨ ᠢᠵᠠᠭᠤᠷ ᠲᠠᠭᠤᠣ ᠶᠢ ᠪᠠᠭᠲᠠᠭᠠᠬᠰᠠᠨ ᠠᠯᠢᠪᠠ ᠣᠷᠠᠯᠢᠭ ᠤᠨ ᠭᠡᠯᠪᠠᠷᠢ ᠨᠢ | ᠲᠣᠬᠠᠢ ᠶᠢᠨ ᠴᠠᠭ ᠦᠶ᠎ᠡ ᠳᠤ ᠠᠷᠠᠳ ᠣᠯᠠᠨ ᠤ ᠣᠶᠣᠨ ᠤ ᠭᠡᠷᠩᠴᠡᠭᠡ ᠶᠢ ᠬᠠᠩᠭᠠᠬᠤ ᠶᠢᠨ ᠲᠦᠯᠣᠭᠡ | ᠵᠣᠬᠢᠶᠠᠭᠲᠠᠵᠣ᠂ ᠪᠠᠶᠠᠯᠢᠬᠵᠢᠵᠣ᠂ ᠣᠯᠠᠮᠵᠢᠯᠠᠭᠲᠠᠵᠣ ᠢᠷᠡᠭᠰᠠᠨ ᠨᠢ ᠮᠠᠷᠭᠤᠰᠢ ᠦᠭᠡᠢ ᠶᠣᠮ᠃ ᠲᠡᠷᠡ ᠲᠣᠮᠲᠠ ᠠᠴᠠ | ᠠᠷᠠᠳ ᠤᠨ ᠢᠵᠠᠭᠤᠷ ᠲᠠᠭᠤᠣ ᠨᠢ ᠠᠷᠠᠳ ᠲᠦᠮᠡᠨ ᠳᠡᠭᠡᠨ ᠬᠠᠮᠤᠭ ᠤᠨ ᠦᠷᠭᠡᠨ ᠬᠡᠪᠴᠢᠶ᠎ᠡ ᠪᠠᠷ ᠲᠠᠨᠢᠬᠲᠠᠵᠣ᠂ | ᠬᠦᠯᠢᠶᠡᠭᠲᠠᠵᠣ᠂ ᠣᠯᠠᠮᠵᠢᠯᠠᠭᠲᠠᠭᠰᠠᠨ ᠣᠷᠠᠯᠢᠭ ᠤᠨ ᠭᠡᠯᠪᠠᠷᠢ ᠪᠣᠯᠣᠨ᠎ᠠ᠃ ᠲᠡᠶᠢᠮᠣ ᠣᠴᠢᠷ ᠠᠴᠠ ᠠᠷᠠᠳ ᠤᠨ | ᠲᠠᠭᠤᠣ ᠶᠢ ᠰᠣᠷᠴᠣ ᠣᠯᠠᠮᠵᠢᠯᠠᠬᠤ ᠳᠠᠭᠠᠨ ᠮᠠᠨ ᠤ ᠡᠪᠦᠭᠡ ᠲᠡᠭᠡᠲᠣᠰ᠂ ᠮᠠᠨ ᠤ ᠠᠷᠠᠳ ᠲᠦᠮᠡᠨ ᠶᠠᠭᠤᠨ ᠳᠤ | ᠴᠢᠩᠬᠢᠵᠣ ᠲᠡᠶᠢᠮᠣ ᠠᠷᠪᠢᠨ ᠲᠠᠭᠤᠣ ᠡᠬᠦᠰᠭᠡᠨ ᠲᠠᠭᠤᠯᠠᠲᠠᠭ ᠪᠠᠶᠢᠬᠰᠠᠨ ᠪᠣᠢ︖ ᠶᠠᠭᠤ ᠲᠠᠭᠤᠯᠠᠭᠠᠳ ᠪᠠᠶᠢᠲᠠᠭ | ᠪᠠᠶᠢᠬᠰᠠᠨ ᠪᠣᠢ︖ ᠭᠡᠬᠦ ᠠᠰᠠᠭᠤᠲᠠᠯ᠃ ᠲᠣᠬᠠᠶᠢᠯᠠᠪᠠᠯ᠂ ᠡᠷᠲᠠ ᠲᠡᠭᠡᠷ᠎ᠡ ᠦᠶ᠎ᠡ ᠠᠴᠠ ᠠᠷᠠᠳ ᠤᠨ ᠲᠠᠭᠤᠣ ᠨᠢ | ᠢᠷᠭᠡᠨ ᠤ ᠰᠣᠶᠣᠯ ᠣᠬᠠᠮᠰᠠᠷ ᠲᠤ ᠶᠠᠮᠠᠷ ᠦᠷ᠎ᠡ ᠨᠦᠯᠣᠭᠡ ᠦᠵᠡᠬᠦᠯᠵᠣ ᠪᠠᠶᠢᠬᠰᠠᠨ ᠪᠣᠢ︖ ᠭᠡᠲᠡᠭ ᠠᠰᠠᠭᠤᠲᠠᠯ ᠢ | ᠶᠡᠭᠡ ᠲᠦᠯᠣᠪ ᠲᠤᠨᠢ ᠣᠶᠢᠯᠠᠭᠠᠵᠣ ᠮᠡᠲᠡᠬᠦ ᠴᠢᠬᠤᠯᠠᠲᠠᠢ ᠶᠣᠮ᠃ | ᠠᠵᠣ ᠠᠬᠤᠢ᠂ ᠰᠣᠶᠣᠯ ᠬᠦᠮᠣᠵᠢᠯ᠂ ᠰᠢᠨᠵᠢᠯᠡᠬᠦ ᠣᠬᠠᠭᠠᠨ ᠬᠦᠭᠵᠢᠭᠡᠲᠣᠢ ᠦᠩᠭᠡᠷᠡᠭᠰᠠᠨ ᠤ ᠲᠡᠷᠡ | ᠹᠸᠣᠲᠠᠯ ᠤᠨ ᠪᠠᠯᠠᠷ ᠬᠠᠷᠠᠩᠭᠤᠢ ᠨᠡᠶᠢᠭᠡᠮ ᠳᠤ ᠮᠠᠨ ᠤ ᠡᠪᠦᠭᠡ ᠲᠡᠭᠡᠲᠣᠰ ᠣᠯᠠᠨ ᠵᠠᠭᠤᠨ ᠤ ᠲᠣᠷᠰᠢ ᠪᠠᠶᠢᠭᠠᠯᠢ ᠶᠢᠨ | ᠬᠠᠲᠠᠭᠤ ᠪᠠᠷᠭᠡ ᠪᠠ ᠨᠡᠶᠢᠭᠡᠮ ᠤᠨ ᠣᠷᠪᠠᠭᠠᠨ ᠬᠦᠷᠪᠡᠭᠡᠨ ᠢ ᠲᠠᠪᠠᠨ ᠲᠣᠭᠤᠯᠵᠣ ᠢᠷᠡᠬᠦ ᠳᠡᠭᠡᠨ ᠦᠶ᠎ᠡ ᠦᠶ᠎ᠡ ᠶᠢᠨ | ᠡᠷᠲᠠᠮᠲᠠᠨ ᠮᠡᠷᠭᠡᠳ᠂ ᠲᠠᠭᠤᠴᠢᠳ ᠣᠷᠠᠯᠢᠬᠴᠢᠳ ᠤᠨ ᠰᠠᠴᠠᠨ ᠴᠡᠯᠮᠡᠭ ᠣᠢ ᠣᠬᠠᠭᠠᠨ ᠤ ᠣᠨᠲᠣᠷᠴᠣ ᠪᠣᠢ | ᠪᠣᠯᠣᠬᠰᠠᠨ ᠲᠡᠲᠡᠭᠡᠷ ᠠᠷᠠᠳ ᠤᠨ ᠲᠠᠭᠤᠣ ᠪᠠᠷ ᠯᠠ ᠰᠡᠳᠬᠢᠯ ᠢᠶᠠᠨ ᠠᠷᠢᠭᠤᠰᠬᠠᠵᠣ᠂ ᠠᠷᠠᠳ ᠤᠨ ᠲᠠᠭᠤᠣ ᠠᠴᠠ | ᠰᠠᠶᠢᠨ ᠰᠠᠶᠢᠬᠠᠨ ᠬᠦᠰᠡᠯᠡᠩ ᠤᠨ ᠭᠡᠷᠡᠯ ᠭᠡᠭᠡ ᠶᠢ ᠬᠠᠷᠠᠵᠣ᠂ ᠠᠷᠠᠳ ᠤᠨ ᠲᠠᠭᠤᠣ ᠠᠴᠠ ᠬᠦᠨ ᠣᠬᠠᠭᠠᠨ ᠤ ᠶᠣᠰᠣ | ᠣᠴᠢᠷ ᠢ ᠮᠡᠲᠡᠷᠡᠵᠣ᠂ ᠠᠷᠠᠳ ᠤᠨ ᠲᠠᠭᠤᠣ ᠠᠴᠠ ᠭᠤᠸ᠎ᠠ ᠲᠠᠭᠠᠰᠢᠶᠠᠯ ᠤᠨ ᠰᠢᠮ᠎ᠠ ᠲᠡᠵᠢᠭᠡᠯ ᠬᠦᠷᠲᠡᠵᠣ᠂ | ᠠᠷᠠᠳ ᠤᠨ ᠲᠠᠭᠤᠤ ᠳᠠᠭᠠᠨ ᠲᠡᠣᠭᠡ ᠪᠠᠨ ᠲᠡᠮᠲᠡᠭᠯᠡᠵᠣ᠂ ᠠᠷᠠᠳ ᠤᠨ ᠲᠠᠭᠤᠤ ᠪᠠᠷ ᠠᠮᠢᠲᠣᠷᠠᠯ ᠤᠨ ᠢᠶᠠᠨ ᠵᠠᠩ | ᠦᠢᠯᠠ ᠶᠢ ᠭᠡᠪᠰᠢᠬᠦᠯᠣᠨ ᠲᠦᠷᠢᠮᠵᠢᠬᠦᠯᠵᠣ ᠢᠷᠡᠭᠰᠠᠨ ᠪᠠᠶᠢᠨ᠎ᠠ᠃ ᠡᠨᠠ ᠬᠦ ᠦᠵᠡᠯᠲᠠ ᠠᠴᠠ ᠶᠠᠷᠢᠪᠠᠯ᠂ ᠠᠷᠠᠳ ᠤᠨ | ᠲᠠᠭᠤᠣ ᠶᠢᠨ ᠦᠢᠯᠡᠲᠣᠯ ᠨᠢ ᠠᠷᠠᠳ ᠣᠯᠠᠨ ᠢᠶᠠᠨ᠂ ᠦᠷ᠎ᠡ ᠬᠤᠶᠢᠴᠢᠰ ᠢᠶᠠᠨ ᠰᠣᠷᠭᠠᠨ ᠰᠡᠩᠭᠡᠷᠡᠬᠦᠯᠬᠦ ᠳᠤ | ᠵᠣᠷᠢᠭᠤᠯᠣᠬᠲᠠᠭᠰᠠᠨ ᠪᠠᠶᠢᠭ᠎ᠠ ᠨᠢ ᠲᠣᠲᠣᠷᠬᠠᠢ ᠪᠠᠶᠢᠨ᠎ᠠ᠃ ᠵᠦᠭᠡᠷ ᠯᠠ ᠦᠢᠳᠪᠣᠷᠢ ᠭᠠᠷᠭᠠᠵᠣ᠂ ᠬᠦᠭᠵᠢᠭᠡᠨ | ᠨᠠᠷᠬᠢᠶᠠᠨ᠂ ᠴᠡᠩᠭᠡᠭᠡᠨ ᠴᠠᠯᠬᠢᠶᠠᠨ ᠤ ᠲᠦᠯᠣᠭᠡ ᠲᠠᠭᠤᠯᠠᠲᠠᠭ ᠭᠡᠪᠠᠯ ᠪᠠᠳᠮ᠎ᠠ ᠯᠢᠩᠬᠸ᠎ᠠ᠂ ᠰᠠᠷᠠᠨ ᠤ ᠬᠦᠮᠣᠲᠢ᠂ | ᠪᠣᠷᠬᠠᠨ ᠪᠠᠭᠰᠢ᠂ ᠽᠣᠩᠺᠠᠪᠠ ᠪᠣᠬᠲᠠ᠂ ᠲᠠᠯᠠᠢ ᠪᠠᠨᠴᠢᠨ᠂ ᠴᠢᠩᠬᠢᠰ ᠬᠠᠭᠠᠨ᠂ ᠡᠵᠡᠨ ᠨᠣᠶᠡᠳ᠂ ᠡᠴᠢᠭᠡ ᠡᠭᠡ᠂ | ᠣᠣᠭᠠᠯ ᠨᠣᠲᠤᠭ᠂ ᠪᠠᠶᠢᠭᠠᠯᠢ ᠲᠡᠯᠡᠭᠡᠢ᠂ ᠠᠲᠣᠭᠤ ᠮᠠᠯ᠂ ᠠᠮᠢᠲᠠᠨ ᠵᠢᠬᠦᠷᠲᠠᠨ ᠢ ᠰᠢᠲᠣᠨ ᠲᠡᠭᠡᠲᠣᠯᠡᠵᠣ᠂ ᠰᠣᠷᠭᠠᠨ | ᠬᠦᠮᠣᠵᠢᠯ ᠤᠨ ᠦᠢᠯᠡᠲᠣᠯ ᠲᠠᠢ ᠬᠦᠮᠣᠨ ᠤ ᠶᠣᠰᠣ᠂ ᠲᠦᠷᠣ ᠱᠠᠰᠢᠨ ᠤ ᠶᠣᠰᠣ᠂ ᠪᠠᠶᠢᠭᠠᠯᠢ ᠶᠢᠨ ᠬᠠᠣᠯᠢ᠂ ᠠᠴᠢ | ᠡᠯᠪᠠᠷᠢᠯ᠂ ᠬᠠᠶᠢᠷ᠎ᠠ ᠡᠨᠡᠷᠢᠯ ᠤᠨ ᠠᠭᠤᠯᠭ᠎ᠠ ᠪᠦᠭᠦᠢ ᠲᠦᠪ ᠶᠡᠭᠡᠮᠰᠦᠭ ᠢᠷᠠᠭᠤ ᠲᠣᠩᠭᠠᠯᠠᠭ ᠱᠠᠰᠲᠢᠷ | ᠲᠠᠭᠤᠣ ᠨᠤᠭᠤᠳ ᠢ ᠲᠠᠭᠤᠯᠠᠭᠠᠳ ᠪᠠᠶᠢᠬᠤ ᠶᠢᠨ ᠠᠯᠪᠠ ᠦᠭᠡᠢ ᠶᠤᠮ ᠯᠠ ᠳ᠋ᠠ᠃ ᠡᠨᠠ ᠪᠣᠯ ᠠᠷᠠᠳ ᠤᠨ | ᠲᠠᠭᠤᠣ ᠶᠢᠨ ᠰᠣᠷᠭᠠᠨ ᠰᠡᠩᠭᠡᠷᠡᠬᠦᠯᠬᠦ ᠦᠢᠯᠡᠲᠣᠯ ᠪᠣᠯᠣᠨ᠎ᠠ᠃ ᠨᠦᠬᠦᠭᠡ ᠨᠢᠭᠡ ᠲᠠᠯ᠎ᠠ ᠠᠴᠠ ᠠᠵᠢᠬᠯᠠᠪᠠᠯ᠂ ᠠᠯᠠᠱᠠ | ᠬᠤᠱᠣᠣᠨ ᠠᠷᠠᠳ ᠤᠨ ᠲᠠᠭᠤᠣ ᠨᠢ ᠶᠠᠮᠠᠷ ᠴᠤ ᠨᠠᠶᠢᠷ ᠬᠤᠷᠢᠮ ᠳᠤ ᠪᠦᠷ ᠯᠠ ᠣᠲᠣᠷᠢᠲᠣᠨ ᠬᠦᠲᠣᠯᠬᠦ ᠦᠢᠯᠡᠲᠣᠯ | ᠦᠵᠡᠬᠦᠯᠵᠣ ᠪᠠᠶᠢᠲᠠᠭ᠃ ᠦᠩᠭᠡᠷᠡᠭᠰᠠᠨ ᠳᠤ ᠵᠢᠯ ᠤᠨ ᠵᠢᠯ ᠳᠤ᠂ ᠠᠶᠢᠯ ᠠᠴᠠ ᠠᠶᠢᠯ ᠳᠤ᠂ ᠨᠠᠶᠢᠷ ᠠᠴᠠ ᠨᠠᠶᠢᠷ | ᠦᠷᠬᠦᠯᠵᠢᠯᠡᠬᠦ ᠳᠤ ᠶᠠᠮᠠᠷ ᠨᠢᠭᠡᠨ ᠲᠣᠰᠬᠠᠢ ᠬᠦᠲᠣᠯᠥᠭᠴᠢ ᠣᠯᠠᠨ ᠤ ᠡᠮᠣᠨ᠎ᠠ ᠭᠠᠷᠴᠢᠬᠠᠭᠠᠳ ᠣᠲᠣ ᠢᠩᠬᠢᠬᠦ ᠪᠣᠯᠵᠣ | ᠪᠠᠶᠢᠨ᠎ᠠ ᠭᠡᠵᠣ ᠪᠦᠬᠦᠲᠠ ᠳᠤ ᠵᠠᠷᠯᠠᠭᠠᠳ ᠪᠠᠶᠢᠲᠠᠭ ᠦᠭᠡᠢ᠂ ᠬᠠᠷᠢᠨ ᠭᠡᠷ ᠤᠨ ᠡᠵᠡᠨ᠂ ᠬᠤᠷᠢᠮ ᠨᠠᠶᠢᠷ ᠤᠨ | ᠠᠬᠠᠯᠠᠭᠴᠢ᠂ ᠭᠤᠣᠯ ᠪᠣᠯᠬᠤ ᠲᠠᠭᠤᠴᠢᠨ ᠶᠣᠮ ᠦᠦ ᠡᠰᠠᠪᠠᠯ ᠢᠷᠡᠭᠰᠠᠨ ᠭᠡᠶᠢᠴᠢᠳ ᠠᠴᠠ ᠲᠣᠬᠠᠢ ᠶᠢᠨ ᠨᠠᠶᠢᠷ ᠤᠨ | ᠡᠮᠬᠢ ᠲᠠᠷᠠᠭ᠎ᠠ ᠶᠢ ᠢᠯᠡᠷᠭᠡᠶᠢᠯᠡᠬᠦ ᠲᠠᠭᠤᠣ ᠡᠬᠢᠯᠡᠵᠣ᠂ ᠲᠠᠭᠤᠣ ᠪᠠᠷ ᠢᠶᠠᠨ ᠨᠠᠶᠢᠷ ᠬᠤᠷᠢᠮ ᠤᠨ ᠶᠣᠰᠣ ᠣᠴᠢᠷ ᠢ | ᠢᠯᠡᠳᠭᠡᠵᠣ᠂ ᠨᠠᠶᠢᠷ ᠴᠡᠩᠭᠡᠭᠡᠨ ᠢ ᠡᠮᠬᠢ ᠴᠡᠭᠴᠠ ᠲᠠᠢ ᠪᠣᠯᠭᠠᠵᠣ᠂ ᠲᠠᠭᠤᠣ ᠪᠠᠷ ᠢᠷᠡᠭᠰᠠᠨ ᠣᠯᠠᠨ ᠢᠶᠠᠨ ᠠᠷᠭᠠᠲᠠᠨ | ᠬᠦᠭᠵᠢᠭᠡᠲᠡᠭ ᠪᠠᠶᠢᠨ᠎ᠠ᠃ ᠠᠯᠠᠱᠠ ᠪᠣᠯ ᠶᠡᠭᠡ ᠪᠠᠭ᠎ᠠ ᠶᠠᠮᠠᠷ ᠴᠦ ᠨᠠᠶᠢᠷ ᠴᠡᠩᠭᠡᠭᠡᠨ ᠤ ᠭᠠᠵᠠᠷ ᠭᠡᠷᠪᠠ ᠠᠷᠠᠳ ᠤᠨ | ᠲᠠᠭᠤᠣ ᠦᠭᠡᠢ ᠪᠣᠯ ᠨᠠᠶᠢᠷ ᠬᠤᠷᠢᠮ ᠶᠠᠪᠣᠬᠲᠠᠬᠤ ᠶᠢᠨ ᠠᠷᠭ᠎ᠠ ᠦᠭᠡᠢ ᠭᠡᠮᠵᠢᠶᠠᠨ ᠳᠤ ᠬᠦᠷᠳ᠋ᠩ ᠪᠠᠶᠢᠬᠰᠠᠨ ᠨᠢ ᠮᠠᠰᠢ | ᠰᠣᠨᠢᠷᠬᠠᠯᠲᠠᠢ ᠣᠴᠢᠷ ᠪᠢᠰᠢ ᠤᠤ︕ ᠠᠷᠠᠳ ᠤᠨ ᠲᠠᠭᠤᠣ ᠶᠢᠨ ᠪᠠᠰᠠ ᠨᠢᠭᠡᠨ ᠴᠢᠬᠤᠯᠠ ᠦᠢᠯᠡᠲᠣᠯ ᠨᠢ ᠬᠠᠶᠢᠷ᠎ᠠ | ᠰᠠᠳᠬᠢᠯᠭᠡ ᠶᠢ ᠢᠯᠡᠷᠭᠡᠶᠢᠯᠡᠳ᠋ᠩ ᠪᠠᠶᠢᠨ᠎ᠠ᠃ ᠶᠠᠮᠠᠷ ᠴᠦ ᠬᠦᠮᠣᠨ ᠭᠡᠳ ᠠᠶᠢᠯ ᠤᠨ ᠰᠠᠷ᠎ᠠ ᠰᠢᠨ᠎ᠠ ᠶᠢᠨ ᠴᠠᠢ ᠨᠠᠶᠢᠷ ᠲᠤ | ᠢᠷᠡᠪᠠᠯ ᠠᠪᠤ ᠡᠵᠢ᠂ ᠠᠬᠠᠰ ᠵᠠᠬᠠᠰ᠂ ᠭᠡᠤᠭᠡᠳ ᠲᠡᠬᠦᠣ ᠨᠠᠷ ᠲᠤ ᠵᠣᠷᠢᠭᠤᠯᠵᠣ ᠲᠠᠭᠤᠣ ᠨᠢ ᠶᠡᠭᠡ ᠲᠦᠯᠣᠪ | ᠢᠯᠭᠠᠭ᠎ᠠ ᠲᠠᠢ ᠪᠠᠶᠢᠲᠠᠭ ᠲᠣᠯᠠ ᠬᠦᠮᠣᠰ ᠵᠠᠪᠠᠯ ᠲᠠᠭᠤᠣ ᠪᠠᠨ ᠡᠷᠬᠢᠮᠯᠠᠨ ᠲᠡᠭᠡᠲᠣᠯᠡᠵᠣ᠂ ᠪᠦᠷᠢᠨ ᠬᠦᠢᠴᠡᠳ ᠴᠡᠪᠠᠷ | ᠴᠡᠭᠡᠯᠭᠡᠨ ᠲᠠᠭᠤᠯᠠᠬᠤ ᠪᠠᠷ ᠲᠠᠮᠵᠢᠭᠤᠯᠵᠣ ᠦᠪᠠᠷ ᠤᠨ ᠰᠦᠰᠦᠭ ᠪᠢᠰᠢᠷᠡᠯ᠂ ᠲᠦᠷᠣ ᠶᠢᠨ ᠶᠣᠰᠣ᠂ ᠠᠴᠢ ᠡᠯᠪᠠᠷᠢᠯ᠂ | ᠬᠦᠰᠡᠯ ᠰᠣᠷᠭᠠᠯ ᠪᠠ ᠰᠠᠶᠢᠨ ᠰᠠᠶᠢᠬᠠᠨ ᠤ ᠢᠷᠣᠭᠡᠯ ᠵᠦᠩᠨᠡᠯ ᠢᠶᠠᠨ ᠲᠡᠪᠰᠢᠬᠦᠯᠳ᠋ᠩ᠃ ᠶᠡᠷᠣ ᠨᠢ ᠠᠯᠠᠱᠠ ᠬᠤᠱᠣᠣᠨ | ᠱᠠᠰᠲᠢᠷ ᠲᠠᠭᠤᠣ ᠨᠤᠭᠤᠳ ᠨᠢ ᠦᠭᠡ ᠠᠶ᠎ᠠ ᠠᠴᠠ ᠨᠢ ᠠᠵᠢᠬᠯᠠᠬᠤ ᠳᠤ ᠶᠠᠭᠠᠬᠢᠬᠤ ᠶᠢᠨ ᠠᠷᠭ᠎ᠠ ᠦᠭᠡᠢ ᠰᠡᠳᠬᠢᠯ ᠤᠨ | ᠢᠯᠡᠷᠭᠡᠶᠢᠯᠡᠯ ᠪᠠᠶᠢᠭ᠎ᠠ ᠶᠣᠮ᠃ ᠲᠡᠲᠡᠭᠡᠷ ᠣᠷᠲᠣ ᠶᠢᠨ ᠲᠠᠭᠤᠣ ᠨᠤᠭᠤᠳ ᠨᠢ ᠲᠦᠷᠣ ᠱᠠᠰᠢᠨ ᠤ ᠣᠴᠢᠷ ᠶᠠᠪᠣᠲᠠᠯ | ᠪᠠ ᠵᠠᠯᠪᠠᠷᠢᠯ ᠲᠠᠭᠠᠳᠬᠠᠯ᠂ ᠡᠨᠡᠷᠢᠬᠦ ᠦᠵᠡᠯ᠂ ᠢᠷᠣᠭᠡᠯ ᠵᠦᠩᠨᠡᠯ᠂ ᠰᠣᠷᠭᠠᠯ ᠴᠡᠭᠡᠷᠯᠡᠯ ᠢ ᠢᠯᠡᠷᠭᠡᠶᠢᠯᠡᠵᠣ | ᠪᠣᠯᠬᠤᠶᠢᠴᠠ ᠡᠯᠪᠡᠭ ᠪᠠᠶᠠᠨ ᠠᠭᠤᠯᠭ᠎ᠠ ᠲᠠᠢ ᠪᠠᠶᠢᠲᠠᠭ ᠪᠦᠭᠡᠳ ᠲᠠᠭᠤᠣ ᠪᠠᠷ ᠲᠠᠮᠵᠢᠭᠤᠯᠵᠣ ᠣᠯᠠᠮᠵᠢᠯᠠᠯᠲᠣ | ᠪᠣᠯᠪᠠᠰᠣᠨ ᠭᠡᠪ ᠰᠣᠷᠲᠠᠯ᠂ ᠴᠠᠪᠠᠷ ᠠᠷᠢᠭᠤᠨ ᠬᠠᠶᠢᠷ᠎ᠠ ᠲᠣᠷᠠᠯᠠᠯ᠂ ᠴᠢᠯᠣᠭᠡᠲᠣ ᠣᠷᠤᠭ᠂ ᠡᠷᠭᠡ ᠴᠢᠯᠣᠭᠡᠨ ᠤ | ᠲᠣᠬᠠᠢ ᠬᠦᠰᠡᠯ ᠰᠡᠳᠬᠢᠯ ᠢ ᠢᠯᠡᠳᠭᠡᠵᠣ᠂ ᠣᠷᠠᠯᠢᠭ ᠤᠨ ᠡᠶᠢᠮᠣ ᠭᠡᠯᠪᠠᠷᠢ ᠪᠠᠷ ᠬᠦᠮᠣᠨ ᠬᠦᠮᠣᠨ ᠤ ᠬᠠᠷᠢᠴᠠᠭ᠎ᠠ᠂ | ᠬᠦᠮᠣᠨ ᠪᠠᠶᠢᠭᠠᠯᠢ ᠶᠢᠨ ᠬᠠᠷᠢᠴᠠᠭ᠎ᠠ ᠶᠢ ᠡᠶᠡᠯᠲᠡᠬᠦᠯᠬᠦ ᠶᠢ ᠰᠣᠷᠲᠠᠯᠴᠢᠯᠡᠵᠣ᠂ ᠲᠡᠭᠷᠢ ᠭᠠᠵᠠᠷ᠂ ᠠᠭᠤᠯᠠ ᠬᠠᠶᠢᠷᠬᠠᠨ᠂ | ᠣᠪᠣᠭ᠎ᠠ ᠰᠢᠪᠡᠭᠡ᠂ ᠣᠰᠣᠨ ᠮᠦᠷᠡᠨ ᠢᠶᠠᠨ ᠰᠢᠲᠣᠨ ᠪᠢᠰᠢᠷᠡᠵᠣ᠂ ᠨᠣᠲᠤᠭ ᠣᠰᠣ ᠪᠠᠨ ᠨᠡᠷᠠᠶᠢᠲᠣᠨ ᠲᠣᠷᠠᠰᠴᠣ᠂ | ᠲᠠᠪᠣᠨ ᠬᠤᠰᠢᠭᠤ ᠮᠠᠯ᠂ ᠲᠠᠯ᠎ᠠ ᠶᠢᠨ ᠣᠯᠠᠨ ᠬᠦᠷᠣᠭᠡᠰᠣ ᠪᠠᠨ ᠬᠦᠷᠲᠠᠯ᠎ᠠ ᠮᠠᠭᠲᠠᠨ ᠲᠠᠭᠤᠯᠠᠲᠠᠭ ᠪᠠᠶᠢᠨ᠎ᠠ᠃ | ᠮᠣᠩᠭᠤᠯ ᠠᠷᠠᠳ ᠤᠨ ᠲᠠᠭᠤᠣ ᠳᠤ ᠶᠠᠷᠣ ᠨᠢ ᠲᠣᠲᠠᠮᠠᠷ ᠠᠭᠤᠯᠭ᠎ᠠ ᠦᠭᠡᠢ ᠶᠣᠮ᠃ ᠶᠠᠭ ᠡᠶᠢᠮᠣ ᠣᠴᠢᠷ ᠠᠴᠠ ᠪᠢᠲᠠ | ᠠᠷᠠᠳ ᠤᠨ ᠢᠵᠠᠭᠤᠷ ᠲᠠᠭᠤᠣ ᠶᠢᠨ ᠶᠣᠰᠣ ᠣᠴᠢᠷ ᠪᠠ ᠵᠢᠩᠬᠢᠨᠢ ᠠᠷᠠᠳ ᠤᠨ ᠲᠠᠭᠤᠴᠢᠳ ᠢ ᠵᠦᠪ ᠣᠶᠢᠯᠠᠭᠠᠵᠣ᠂ | ᠬᠦᠢᠴᠡᠳ ᠲᠠᠨᠢᠬᠤ ᠴᠢᠬᠤᠯᠠᠲᠠᠢ ᠶᠣᠮ᠃ ᠲᠠᠭᠤᠣ ᠲᠠᠭᠤᠯᠠᠲᠠᠭ ᠪᠣᠯᠭᠠᠨ ᠢ ᠲᠠᠭᠤᠴᠢᠨ ᠭᠡᠳ ᠪᠠᠶᠢᠵᠣ ᠪᠣᠯᠬᠤ ᠦᠭᠡᠢ | ᠂ ᠵᠠᠪᠠᠯ ᠲᠠᠭᠤᠣ ᠮᠡᠲᠡᠲᠡᠭ ᠡᠰᠡᠬᠦ ᠶᠢ ᠨᠢ ᠠᠵᠢᠬᠤ ᠭᠡᠷᠡᠭᠲᠠᠢ᠃ ᠨᠠᠷᠢᠨ ᠭᠡᠯᠠᠪᠠᠯ᠂ ᠵᠢᠩᠬᠢᠨᠢ ᠠᠷᠠᠳ ᠤᠨ ᠲᠠᠭᠤᠴᠢᠨ | ᠪᠣᠯᠲᠠᠭ ᠤᠨ ᠨᠦᠬᠦᠴᠡᠯ ᠨᠢ ᠵᠦᠪᠭᠡᠨ ᠨᠠᠶᠢᠷ ᠴᠡᠩᠭᠡᠭᠡᠨ ᠳᠤ ᠲᠣᠷᠠᠲᠠᠢ᠂ ᠬᠦᠨᠲᠠᠢ ᠬᠤᠭᠤᠰᠣᠨ ᠣᠷᠬᠢᠲᠠᠭ ᠲᠠᠭᠠᠨ | ᠪᠢᠰᠢ᠂ ᠬᠠᠷᠢᠨ ᠠᠷᠠᠳ ᠤᠨ ᠶᠣᠰᠣ ᠵᠠᠩᠰᠢᠯ ᠢ ᠨᠠᠪᠲᠡᠷᠭᠡᠢ ᠮᠡᠲᠡᠵᠣ᠂ ᠲᠡᠣᠭᠡ ᠰᠣᠶᠣᠯ ᠢᠶᠠᠨ ᠭᠠᠲᠠᠷᠯᠡᠵᠣ᠂ | ᠠᠷᠠᠳ ᠤᠨ ᠲᠠᠭᠤᠣ ᠳᠤ ᠨᠡᠪᠴᠢᠭᠲᠡᠵᠣ ᠪᠠᠶᠢᠭ᠎ᠠ ᠬᠦᠨ ᠴᠢᠨᠠᠲᠣ ᠰᠣᠶᠣᠯ ᠤᠨ ᠠᠭᠤᠯᠣᠬᠲᠠᠬᠤᠨ ᠪᠠ ᠲᠠᠭᠤᠣ | ᠲᠦᠷᠥᠭᠰᠠᠨ ᠴᠠᠭ ᠲᠦᠷᠣ ᠶᠢᠨ ᠠᠷᠣ ᠦᠵᠡᠭᠲᠠᠯ ᠢ ᠣᠶᠢᠯᠠᠭᠠᠵᠣ᠂ ᠬᠦᠮᠣᠨ ᠤ ᠰᠡᠳᠬᠢᠯ ᠢ ᠲᠣᠬᠲᠣᠯᠤᠭᠤᠯᠵᠣ᠂ | ᠪᠠᠶᠢᠭᠠᠯᠢ ᠲᠡᠯᠡᠭᠡᠢ ᠶᠢ ᠠᠮᠢᠯᠠᠭᠤᠯᠣᠬᠰᠠᠨ ᠣᠶᠠᠩᠭ᠎ᠠ ᠲᠡᠬᠦᠯᠲᠠᠷ ᠠᠶ᠎ᠠ ᠡᠭᠡᠰᠢᠭ᠂ ᠣᠳᠬ᠎ᠠ ᠢᠷᠠᠭᠤ ᠦᠭᠡ | ᠰᠢᠯᠦᠭ ᠤᠨ ᠬᠢᠨᠢ ᠷᠢᠲᠢ ᠰᠢᠲᠢ ᠳᠤ ᠰᠣᠬᠲᠣᠭᠤᠷᠠᠨ ᠪᠠᠶᠢᠵᠣ ᠠᠷᠠᠳ ᠤᠨ ᠲᠠᠭᠤᠴᠢᠨ ᠪᠣᠯᠲᠠᠭ ᠪᠠᠶᠢᠨ᠎ᠠ᠃ | ᠢᠯᠠᠩᠭᠤᠶ᠎ᠠ ᠣᠲᠣ ᠶᠢᠨ ᠴᠠᠭ ᠦᠶ᠎ᠡ ᠳᠤ ᠪᠢᠲᠠ ᠠᠷᠠᠳ ᠤᠨ ᠲᠠᠭᠤᠣ ᠪᠠᠨ ᠦᠪᠯᠡᠵᠣ᠂ ᠰᠢᠨ᠎ᠠ ᠦᠶ᠎ᠡ ᠶᠢᠨ | ᠠᠷᠠᠳ ᠤᠨ ᠲᠠᠭᠤᠴᠢᠨ ᠢ ᠬᠦᠮᠣᠵᠢᠬᠦᠯᠬᠦ ᠳᠤ ᠡᠲᠡᠭᠡᠷ ᠶᠣᠰᠣ ᠣᠴᠢᠷ ᠢ ᠵᠠᠪᠠᠯ ᠬᠦᠢᠴᠡᠳ ᠮᠡᠲᠡᠬᠦᠯᠬᠦ ᠭᠡᠷᠡᠭᠲᠠᠢ ᠶᠤᠮ | ᠃ | ᠭᠤᠷᠪᠠ᠂ ᠠᠯᠠᠱᠠ ᠬᠤᠱᠣᠣᠨ ᠣᠷᠲᠣ ᠶᠢᠨ ᠲᠠᠭᠤᠣ ᠶᠢᠨ ᠲᠦᠷᠣᠯ ᠵᠦᠢᠯ | ᠠᠯᠠᠱᠠ ᠬᠤᠱᠣᠣᠨ ᠣᠷᠲᠣ ᠶᠢᠨ ᠲᠠᠭᠤᠣ ᠶᠢᠨ ᠰᠣᠲᠣᠯᠭᠠᠲᠠᠳ ᠶᠠᠩᠵᠣ ᠶᠠᠩᠵᠣ ᠪᠠᠷ ᠲᠦᠷᠣᠯᠰᠢᠬᠦᠯᠵᠣ | ᠪᠠᠶᠢᠨ᠎ᠠ᠃ ᠪᠢ ᠯᠠ ᠬᠤᠪᠢ ᠳᠠᠭᠠᠨ ᠲᠠᠭᠤᠣ ᠶᠢᠨ ᠠᠭᠤᠯᠭ᠎ᠠ ᠰᠠᠲᠣᠪ ᠤᠨ ᠬᠢᠨᠢ ᠲᠠᠯ᠎ᠠ ᠠᠴᠠ ᠶᠡᠭᠡ ᠲᠦᠯᠣᠪ | ᠲᠡᠣᠭᠡ ᠶᠢᠨ᠂ ᠬᠦᠨ ᠣᠬᠠᠭᠠᠨ ᠤ ︵ᠲᠦᠷᠣ ᠱᠠᠰᠢᠨ ᠤ︶᠂ ᠢᠷᠣᠭᠡᠯ ᠮᠠᠭᠲᠠᠭᠠᠯ ᠤᠨ᠂ ᠬᠠᠶᠢᠷ᠎ᠠ ᠰᠡᠳᠬᠢᠯᠭᠡᠨ ᠤ᠂ | ᠠᠮᠢ ᠠᠬᠤᠢ ᠶᠢᠨ᠂ ᠨᠠᠶᠢᠷ ᠬᠤᠷᠢᠮ ᠤᠨ ᠭᠡᠬᠦ ᠵᠢᠷᠭᠤᠭᠠᠨ ᠶᠡᠭᠡ ᠲᠦᠷᠣᠯ ᠳᠤ ᠠᠩᠬᠢᠯᠠᠪᠠᠯ ᠵᠦᠢᠲᠠᠢ ᠪᠣᠯᠪᠠ ᠤᠤ | ᠭᠡᠵᠣ ᠦᠵᠡᠳ᠋ᠩ᠃ ᠪᠣᠭᠤᠨᠢ ᠠᠶ᠎ᠠ ᠲᠠᠢ ᠬᠤᠱᠣᠩ ᠱᠤᠭ ᠲᠠᠭᠤᠣ ᠨᠢ ᠱᠠᠰᠲᠢᠷ ᠲᠠᠭᠤᠣ ᠳᠤ ᠪᠠᠭᠲᠠᠭᠠᠬᠤ ᠪᠣᠯᠣᠮᠵᠢ | ᠦᠭᠡᠢ ᠲᠣᠯᠠ ᠡᠨᠠ ᠠᠩᠬᠢᠯᠠᠯ ᠳᠤ ᠣᠷᠣᠭᠤᠯᠣᠬᠰᠠᠨ ᠦᠭᠡᠢ᠃ | ᠲᠡᠣᠭᠡ ᠶᠢᠨ ᠲᠠᠭᠤᠣ ᠭᠡᠪᠠᠯ᠂ ᠠᠯᠠᠱᠠ ᠶᠢᠨ ᠬᠤᠱᠣᠣᠨ ᠶᠠᠰᠣᠲᠠᠨ ᠤ ᠡᠷᠲᠠ ᠤᠵᠤᠭᠤᠷ ᠤᠨ ᠠᠵᠣ ᠲᠦᠷᠣᠨ | ᠠᠮᠢᠲᠣᠷᠠᠵᠣ ᠪᠠᠶᠢᠬᠰᠠᠨ ᠣᠣᠭᠠᠯ ᠨᠣᠲᠤᠭ᠂ ᠠᠬᠤᠢ ᠠᠮᠢᠲᠣᠷᠠᠯ ᠪᠠ ᠡᠴᠢᠭᠡ ᠲᠡᠭᠡᠲᠣᠰ᠂ ᠡᠯᠢᠭᠡᠨ ᠰᠠᠲᠣᠨ ᠢᠶᠠᠨ | ᠰᠠᠨᠠᠵᠤ ᠮᠦᠷᠣᠭᠡᠲᠥᠭᠰᠠᠨ ᠲᠠᠭᠤᠣ᠂ ᠠᠯᠠᠱᠠ ᠨᠣᠲᠤᠭ ᠲᠤ ᠨᠡᠬᠦᠲᠡᠯᠯᠡᠵᠣ ᠢᠷᠡᠬᠦ ᠠᠶᠠᠨ ᠵᠠᠮ ᠳᠤ ᠪᠣᠢ ᠪᠣᠯᠣᠬᠰᠠᠨ | ᠲᠠᠭᠤᠣ᠂ ᠠᠯᠠᠱᠠ ᠳᠤ ᠢᠷᠡᠵᠣ ᠨᠣᠲᠣᠬᠰᠢᠬᠰᠠᠨ ᠤ ᠲᠠᠷᠠᠭ᠎ᠠ ᠵᠣᠬᠢᠶᠠᠭᠲᠠᠭᠰᠠᠨ ᠲᠠᠭᠤᠣ ᠪᠠ ᠠᠯᠠᠱᠠ ᠶᠢᠨ ᠲᠦᠷᠣ | ᠱᠠᠰᠢᠨ ᠤ ᠶᠡᠭᠡ ᠭᠡᠷᠩ ᠶᠠᠪᠣᠲᠠᠯ ᠤᠳ ᠢ ᠲᠣᠰᠬᠠᠬᠰᠠᠨ ᠲᠠᠭᠤᠤ ᠨᠤᠭᠤᠳ ᠪᠠᠶᠢᠬᠤ ᠶᠣᠰᠣᠲᠠᠢ᠃ | ᠬᠦᠨ ᠣᠬᠠᠭᠠᠨ ᠤ ᠲᠠᠭᠤᠣ ᠭᠡᠳ᠋ᠩ ᠨᠢ ᠬᠦᠨ ᠣᠬᠠᠭᠠᠯᠢᠭ ᠶᠣᠰᠣ ᠣᠴᠢᠷ ᠢ ᠲᠠᠭᠤᠯᠠᠭᠰᠠᠨ ᠲᠠᠭᠤᠣ ᠶᠣᠮ᠃ | ᠲᠡᠲᠡᠭᠡᠷ ᠲᠠᠭᠤᠣ ᠶᠢ ᠦᠭᠡ ᠰᠢᠯᠦᠭ ᠤᠨ ᠬᠢᠨᠢ ᠣᠳᠬ᠎ᠠ ᠰᠠᠨᠠᠭᠠᠨ ᠤ ᠬᠦᠨᠴᠡ ᠠᠴᠠ ᠰᠢᠨᠵᠢᠨ ᠠᠩᠬᠢᠯᠠᠵᠣ ᠪᠣᠯᠣᠨ᠎ᠠ᠃ | ᠡᠬᠦᠨ ᠳᠤ ᠭᠤᠣᠯᠲᠠᠭᠤ ᠨᠣᠮ ᠤᠨ ᠶᠣᠰᠣ᠂ ᠲᠦᠷᠣ ᠶᠢᠨ ᠶᠣᠰᠣ᠂ ᠬᠦᠮᠣᠨ ᠤ ᠶᠣᠰᠣᠨ ᠤ ᠠᠭᠤᠯᠭ᠎ᠠ ᠪᠦᠬᠦᠢ | ᠲᠠᠭᠤᠣ ᠨᠤᠭᠤᠳ ᠪᠠᠭᠲᠠᠵᠣ ᠪᠠᠶᠢᠲᠠᠭ᠃ ᠠᠯᠠᠱᠠ ᠬᠤᠱᠣᠣᠨ ᠣᠷᠲᠣ ᠶᠢᠨ ᠲᠠᠭᠤᠣ ᠳᠤ ᠡᠲᠡᠭᠡᠷ ᠲᠠᠭᠤᠣ | ᠵᠣᠩᠬᠢᠯᠠᠬᠤ ᠪᠠᠶᠢᠷᠢ ᠶᠢ ᠡᠵᠡᠯᠡᠬᠦ ᠪᠦᠭᠡᠳ ᠮᠠᠰᠢ ᠬᠦᠨ ᠵᠠᠷᠯᠢᠭ ᠰᠣᠷᠭᠠᠯ ᠤᠨ᠂ ᠵᠠᠯᠪᠠᠷᠢᠯ ᠲᠠᠭᠠᠳᠬᠠᠯ ᠤᠨ᠂ | ᠰᠢᠲᠣᠯᠭᠡ ᠪᠢᠰᠢᠷᠡᠯ ᠤᠨ᠂ ᠠᠴᠢᠯᠠᠯ ᠡᠯᠪᠡᠷᠢᠯ ᠤᠨ ᠲᠦᠭᠡᠮᠡᠯ ᠬᠠᠶᠢᠷ᠎ᠠ ᠶᠢᠨ ᠶᠣᠰᠣ ᠣᠴᠢᠷ ᠢ ᠣᠷᠠᠯᠢᠬᠴᠢᠯᠠᠨ | ᠰᠣᠷᠲᠠᠯᠴᠢᠯᠠᠭᠰᠠᠨ ᠪᠠᠶᠢᠨ᠎ᠠ᠃ ᠲᠣᠲᠣᠷᠬᠠᠢ ᠵᠢᠱᠢᠶᠠᠨ ᠳᠤ ᠶᠠᠷᠢᠪᠠᠯ ᠲᠦᠷᠣ ᠶᠢᠨ ᠨᠠᠢᠮᠠᠨ ᠱᠠᠰᠲᠢᠷ ᠲᠠᠭᠤᠣ ᠮᠡᠲᠣ | ᠲᠠᠭᠤᠣ ᠨᠤᠭᠤᠳ ᠪᠣᠯᠣᠨ᠎ᠠ᠃ ᠡᠲᠡᠭᠡᠷ ᠲᠠᠭᠤᠣ ᠨᠤᠭᠤᠳ ᠢ ᠠᠵᠢᠬᠯᠠᠬᠤ ᠳᠤ ᠵᠠᠰᠠᠭ ᠲᠦᠷᠣ ᠶᠢᠨ ᠶᠣᠰᠣ | ᠣᠴᠢᠷ ᠲᠤ ᠴᠠᠭᠠᠷᠠᠭᠰᠠᠨ ᠡᠷᠲᠠᠮᠲᠠᠨ ᠮᠡᠷᠭᠡᠳ ᠪᠠ ᠱᠠᠰᠢᠨ ᠤ ᠣᠬᠠᠭᠠᠨ ᠤ ᠨᠣᠮ ᠤᠨ ᠶᠣᠰᠣᠨ ᠳᠤ ᠭᠡᠲᠦ᠋ᠢᠲᠦᠭᠰᠠᠨ | ᠬᠤᠲᠣᠬᠲᠣ ᠬᠤᠪᠢᠯᠭᠠᠨ᠂ ᠲᠡᠭᠡᠲᠣ ᠯᠠᠮᠠ ᠨᠠᠷ ᠵᠡᠷᠭᠡ ᠱᠠᠰᠢᠨ ᠤ ᠠᠯᠲᠠᠷᠲᠣ ᠬᠦᠮᠣᠰ ᠵᠣᠬᠢᠶᠠᠨ ᠲᠡᠯᠭᠡᠷᠡᠬᠦᠯᠥᠭᠰᠠᠨ | ᠪᠣᠶᠣ ᠲᠠᠲᠠᠨ ᠤ ᠵᠣᠬᠢᠶᠠᠯ ᠪᠦᠲᠣᠭᠡᠯ ᠠᠴᠠ ᠬᠤᠰᠢᠭᠤ ᠨᠣᠲᠤᠭ ᠲᠠᠮᠵᠢᠨ ᠣᠯᠠᠷᠢᠵᠣ ᠢᠷᠡᠭᠰᠠᠨ ᠪᠣᠯᠬᠤ ᠨᠢ ᠲᠠᠮᠵᠢᠭ | ᠦᠭᠡᠢ ᠶᠣᠮ᠃ ᠶᠡᠷᠣ ᠨᠢ ᠬᠦᠨ ᠣᠬᠠᠭᠠᠨ ᠤ ᠲᠠᠭᠤᠣ ᠳᠤ ᠰᠢᠷ᠎ᠠ ᠶᠢᠨ ᠱᠠᠰᠢᠨ ᠤ ᠨᠦᠯᠣᠭᠡ ᠮᠠᠰᠢ ᠬᠦᠨ | ᠰᠢᠩᠭᠡᠭᠰᠠᠨ ᠢ ᠭᠡᠨ ᠴᠦ ᠬᠡᠳ ᠠᠨᠲᠠᠬᠤ ᠦᠭᠡᠢ ᠶᠣᠮ᠃ | ᠮᠠᠭᠲᠠᠭᠠᠯ ᠲᠠᠭᠤᠣ ᠭᠡᠳ᠋ᠩ ᠨᠢ ᠲᠦᠷᠣ ᠵᠠᠰᠠᠭ᠂ ᠨᠣᠮ ᠪᠣᠷᠬᠠᠨ᠂ ᠰᠦᠮ᠎ᠠ ᠭᠡᠶᠢᠳ᠂ ᠬᠤᠲᠣᠬᠲᠣ ᠬᠤᠪᠢᠯᠭᠠᠨ᠂ | ᠠᠬ᠎ᠠ ᠲᠡᠬᠦᠣ ᠰᠠᠲᠣᠨ᠂ ᠦᠷ᠎ᠡ ᠠᠴᠢ ᠨᠠᠷ ᠪᠠ ᠨᠣᠲᠤᠭ ᠣᠰᠣ᠂ ᠠᠬᠤᠢ ᠪᠠᠶᠢᠭᠠᠯᠢ᠂ ᠠᠬᠲᠠ ᠬᠦᠯᠦᠭ᠂ ᠠᠲᠣᠭᠤ | ᠮᠠᠯ᠂ ᠠᠷᠢᠶᠠᠲᠠᠨ ᠵᠢᠬᠦᠷᠲᠠᠨ ᠢ ᠢᠷᠣᠭᠡᠵᠣ ᠮᠠᠭᠲᠠᠭᠰᠠᠨ ᠰᠢᠭᠤᠣᠨ ᠮᠠᠭᠲᠠᠭᠠᠯ ᠤᠨ ᠭᠡᠯᠪᠠᠷᠢ ᠲᠠᠢ ᠲᠠᠭᠤᠣ ᠨᠤᠭᠤᠳ ᠢ | ᠭᠡᠯᠡᠵᠣ ᠪᠠᠶᠢᠨ᠎ᠠ᠃ ᠮᠣᠩᠭᠤᠯᠴᠣᠣᠨ ᠶᠡᠷᠣ ᠠᠴᠠ ᠶᠠᠭᠤᠮ᠎ᠠ ᠶᠢ ᠶᠡᠭᠡᠲᠠ ᠪᠡᠯᠭᠡᠰᠢᠶᠡᠵᠣ᠂ ᠢᠷᠣᠭᠡᠵᠣ ᠮᠠᠭᠲᠠᠲᠠᠭ | ᠣᠯᠠᠮᠵᠢᠯᠠᠯ ᠲᠠᠢ ᠪᠣᠯᠬᠤᠷ ᠡᠨᠠ ᠪᠣᠯ ᠬᠦᠰᠡᠬᠦ᠋ᠢᠴᠢ ᠦᠵᠡᠯ ᠤᠨ ᠰᠠᠶᠢᠨ ᠰᠠᠶᠢᠬᠠᠨ ᠤ ᠪᠡᠯᠭᠡᠲᠠᠯ ᠤᠨ ᠢᠯᠡᠷᠭᠡᠶᠢᠯᠡᠯ | ᠶᠣᠮ᠃ | ᠬᠠᠶᠢᠷ᠎ᠠ ᠰᠡᠳᠬᠢᠯᠭᠡᠨ ᠤ ᠲᠠᠭᠤᠣ ᠳᠤ ᠬᠤᠲᠣᠬᠲᠣ ᠬᠤᠪᠢᠯᠭᠠᠨ᠂ ᠪᠠᠭᠰᠢ ᠯᠠᠮᠠ᠂ ᠡᠵᠡᠨ ᠨᠣᠶᠠᠨ᠂ ᠠᠪᠤ | ᠡᠵᠢ ᠪᠠᠨ ᠬᠦᠨᠲᠣᠳᠭᠡᠵᠣ᠂ ᠰᠦᠰᠦᠭ ᠪᠢᠰᠢᠷᠡᠯ᠂ ᠬᠠᠶᠢᠷ᠎ᠠ ᠬᠦᠨᠲᠣᠳᠭᠡᠯ᠂ ᠠᠴᠢ ᠡᠯᠪᠠᠷᠢᠯ ᠢᠶᠠᠨ ᠢᠯᠡᠳᠭᠡᠭᠰᠠᠨ | ᠲᠠᠭᠤᠣ ᠨᠤᠭᠤᠳ ᠢᠶᠠᠨ ᠠᠨᠲᠠ ᠨᠠᠶᠢᠵᠠ᠂ ᠰᠡᠳᠬᠢᠯ ᠤᠨ ᠬᠦᠮᠣᠨ᠂ ᠢᠨᠠᠭ ᠬᠤᠩᠭᠤᠷ ᠢᠶᠠᠨ ᠰᠠᠨᠠᠨ ᠮᠦᠷᠣᠭᠡᠳᠴᠣ᠂ | ᠢᠨᠠᠭ ᠬᠠᠶᠢᠷ᠎ᠠ᠂ ᠴᠢᠯᠣᠭᠡᠲᠣ ᠣᠷᠤᠭ᠂ ᠡᠷᠭᠡ ᠴᠢᠯᠣᠭᠡ ᠶᠢ ᠬᠦᠰᠡᠭᠰᠠᠨ ᠲᠠᠭᠤᠣ ᠨᠤᠭᠤᠳ ᠪᠠᠭᠲᠠᠭᠲᠠᠨ᠎ᠠ᠃ | ᠢᠯᠠᠩᠭᠤᠶ᠎ᠠ ᠢᠨᠠᠭ ᠤᠨ ᠲᠠᠭᠤᠣ ᠪᠣᠯ ᠠᠯᠢ ᠴᠦ ᠦᠨᠲᠣᠰᠣᠲᠠᠨ ᠶᠠᠰᠣᠲᠠᠨ ᠤ ᠢᠵᠠᠭᠤᠷ ᠣᠷᠠᠯᠢᠭ ᠲᠤ ᠪᠠᠶᠢᠬᠰᠠᠭᠠᠷ | ᠢᠷᠡᠭᠰᠠᠨ ᠮᠦᠩᠭᠡ ᠶᠢᠨ ᠰᠡᠲᠣᠪ ᠶᠣᠮ᠃ | ᠠᠮᠢ ᠠᠬᠤᠢ ᠶᠢᠨ ᠲᠠᠭᠤᠣ ᠭᠡᠳ᠋ᠩ ᠨᠢ ᠠᠭᠤᠯᠠ ᠣᠰᠣ᠂ ᠣᠪᠣᠭ᠎ᠠ ᠰᠢᠪᠡᠭᠡ᠂ ᠡᠪᠠᠰᠣ ᠣᠷᠭᠤᠮᠠᠯ᠂ ᠪᠠᠶᠢᠭᠠᠯᠢ | ᠲᠡᠯᠡᠭᠡᠢ ᠶᠢ ᠰᠢᠲᠣᠨ ᠲᠡᠭᠡᠲᠣᠯᠡᠵᠣ᠂ ᠬᠦᠷᠣᠭᠡᠰᠣ ᠵᠢᠬᠦᠷᠲᠠᠨ᠂ ᠠᠮᠢᠲᠠᠨ ᠠᠷᠢᠶᠠᠲᠠᠨ᠂ ᠠᠲᠣᠭᠤ ᠮᠠᠯ ᠢ | ᠬᠦᠮᠣᠨᠴᠢᠯᠡᠵᠣ᠂ ᠡᠨᠡᠷᠢᠵᠣ ᠬᠠᠶᠢᠷᠠᠯᠠᠭᠰᠠᠨ ᠣᠳᠬ᠎ᠠ ᠲᠠᠢ ᠲᠠᠭᠤᠣ ᠨᠤᠭᠤᠳ ᠪᠠᠶᠢᠲᠠᠭ ᠪᠠᠶᠢᠨ᠎ᠠ᠃ ᠣᠲᠣ ᠯᠠ ᠪᠢᠲᠠ | ︽ᠠᠮᠢ ᠠᠬᠤᠢ ᠶᠢᠨ ᠰᠡᠲᠣᠪᠲᠣ ᠲᠠᠭᠤᠣ︾ ᠭᠡᠰᠠᠨ ᠰᠢᠨ᠎ᠠ ᠨᠡᠷ᠎ᠡ ᠲᠣᠮᠢᠶ᠎ᠡ ᠪᠠᠷ ᠠᠩᠬᠢᠯᠠᠵᠣ ᠪᠠᠶᠢᠬᠤ ᠠᠴᠠ ᠪᠢᠰᠢ᠂ | ᠶᠡᠷᠣ ᠠᠴᠠ ᠪᠠᠨ ᠮᠣᠩᠭᠤᠯᠴᠣᠣᠨ ᠶᠣᠰᠣ ᠵᠠᠩᠰᠢᠯ᠂ ᠱᠠᠰᠢᠨ ᠰᠢᠲᠣᠯᠭᠡ᠂ ᠲᠠᠭᠤᠣ ᠣᠷᠠᠯᠢᠭ ᠲᠠᠭᠠᠨ ᠪᠠᠶᠢᠭᠠᠯᠢ | ᠲᠡᠯᠡᠭᠡᠢ ᠶᠢ ᠬᠠᠶᠢᠷᠠᠯᠠᠨ ᠬᠠᠮᠠᠭᠠᠯᠠᠵᠣ᠂ ᠲᠡᠭᠷᠢ ᠭᠠᠵᠠᠷ ᠢ ᠰᠢᠲᠣᠨ ᠲᠡᠭᠡᠲᠣᠯᠡᠬᠦ ᠰᠦᠰᠦᠭ ᠪᠢᠰᠢᠷᠡᠯ᠂ ᠦᠵᠡᠯ | ᠣᠬᠠᠮᠰᠠᠷ᠂ ᠡᠷᠢᠯ ᠬᠦᠰᠡᠯ ᠢ ᠣᠯᠠᠨ ᠮᠢᠩᠭᠠᠨ ᠵᠢᠯ ᠤᠨ ᠲᠣᠷᠰᠢ ᠮᠠᠰᠢ ᠬᠦᠨ ᠲᠣᠣᠱᠯᠠᠭᠤᠯᠵᠣ ᠢᠷᠡᠭᠰᠠᠨ ᠶᠣᠮ᠃ | ᠠᠯᠠᠱᠠ ᠠᠷᠠᠳ ᠤᠨ ᠪᠦᠬᠦ᠋ᠢᠯᠠ ᠲᠠᠭᠤᠣ ᠪᠠᠷᠤᠭ ᠡᠶᠢᠮᠣᠷᠬᠦᠣ ᠠᠭᠤᠯᠭ᠎ᠠ ᠲᠠᠢ ᠶᠣᠮ᠃ ᠮᠠᠨ ᠤ ᠡᠪᠦᠭᠡ ᠲᠡᠭᠡᠲᠣᠰ | ᠣᠷᠣᠰᠢᠨ ᠠᠮᠢᠲᠣᠷᠠᠬᠤ ᠣᠷᠴᠢᠨ ᠪᠠᠶᠢᠭᠠᠯᠢ᠂ ᠠᠭᠤᠯᠠ ᠣᠰᠣ ᠪᠠᠨ ᠡᠵᠡᠨ ᠲᠠᠢ ᠰᠢᠲᠣᠭᠡᠨ ᠲᠠᠢ᠂ ᠨᠠᠪᠲᠠᠭ | ᠰᠠᠪᠲᠠᠭ ᠲᠠᠢ᠂ ᠠᠮᠢ ᠨᠠᠰᠣ ᠲᠠᠢ᠂ ᠬᠠᠯᠲᠠᠵᠣ ᠪᠣᠯᠣᠰᠢ ᠦᠭᠡᠢ ᠠᠷᠢᠭᠤᠨ ᠲᠠᠷᠬᠠᠨ ᠭᠡᠵᠣ ᠦᠵᠡᠵᠣ ᠢᠷᠡᠭᠰᠠᠨ | ᠪᠣᠯᠬᠤᠷ ᠦᠪᠠᠷ ᠤᠨ ᠢᠶᠠᠨ ᠠᠮᠢ ᠨᠠᠰᠣ᠂ ᠠᠵᠣ ᠠᠮᠢᠲᠣᠷᠠᠯ ᠢ ᠪᠠᠶᠢᠭᠠᠯᠢ ᠲᠡᠯᠡᠭᠡᠢ᠂ ᠲᠡᠭᠷᠢ ᠭᠠᠵᠠᠷ ᠯᠤᠭ᠎ᠠ | ᠬᠠᠮᠤᠭ ᠠᠴᠠ ᠨᠢᠬᠲᠠ ᠠᠭᠤᠰᠬᠠᠨ ᠨᠢᠭᠡᠳᠭᠡᠵᠣ᠂ ᠣᠷᠴᠢᠯᠠᠩ ᠲᠡᠯᠡᠭᠡᠢ ᠲᠡᠭᠡᠷᠡᠬᠢ ᠠᠯᠢᠪᠠ ᠠᠮᠢ ᠨᠠᠰᠣ ᠶᠢ | ᠬᠤᠷᠣᠭᠠᠵᠣ ᠬᠤᠬᠢᠷᠠᠭᠠᠯ ᠦᠭᠡᠢ ᠦᠷᠬᠦᠯᠵᠢᠯᠡᠬᠦᠯᠵᠣ ᠢᠷᠡᠭᠰᠠᠨ ᠶᠤᠮ᠃ ᠶᠡᠷᠣ ᠨᠢ ᠵᠢᠭᠠᠬᠠᠨ ᠬᠦᠨᠵᠡᠭᠡᠶᠢᠷᠡᠬᠦᠯᠵᠣ | ᠶᠠᠷᠢᠪᠠᠯ᠂ ᠠᠮᠢ ᠠᠬᠤᠢ ᠶᠢᠨ ᠰᠡᠲᠣᠪᠯᠡᠬᠦᠨ ᠲᠠᠢ ᠠᠷᠠᠳ ᠤᠨ ᠲᠠᠭᠤᠣ ᠳᠤ ᠮᠣᠩᠭᠤᠯ ᠠᠷᠠᠳ ᠲᠦᠮᠠᠨ ᠤ ᠪᠠᠶᠢᠭᠠᠯᠢ | ᠶᠢᠷᠲᠢᠨᠴᠣ ᠶᠢ ᠲᠠᠨᠢᠬᠤ ᠬᠦᠨ ᠣᠬᠠᠭᠠᠨ ᠤ ᠵᠦᠪ ᠦᠵᠡᠯᠲᠠ ᠬᠠᠮᠤᠭ ᠤᠨ ᠬᠦᠨᠵᠡᠭᠡᠢ ᠲᠣᠣᠱᠯᠠᠭᠲᠠᠵᠣ ᠢᠷᠡᠭᠰᠠᠨ | ᠭᠡᠵᠣ ᠪᠣᠯᠬᠤ ᠶᠣᠮ᠃ ᠣᠷᠠᠯᠢᠬᠴᠢ ᠴᠢᠨᠠᠷ ᠤᠨ ᠲᠠᠯ᠎ᠠ ᠪᠠᠷ ᠴᠦ ᠪᠣᠯᠤᠭ᠂ ᠣᠳᠬ᠎ᠠ ᠰᠠᠨᠠᠭᠠᠨ ᠤ ᠲᠠᠯ᠎ᠠ ᠪᠠᠷ ᠴᠦ | ᠪᠣᠯᠤᠭ᠂ ᠵᠦᠭᠡᠷ ᠨᠢᠭᠡ ᠪᠡᠯᠡᠨ ᠵᠢᠱᠢᠶ᠎ᠡ ᠭᠡᠯᠡᠬᠦ ᠳᠤ᠂ ︽ᠠᠯᠲᠠᠨ ᠪᠣᠬᠲᠠ ᠶᠢᠨ ᠰᠢᠯᠢ ᠳᠤ ᠠᠯᠲᠠᠨ ᠭᠤᠷᠭᠤᠣᠯᠲᠠᠢ | ᠵᠢᠷᠬᠢᠨ᠎ᠠ᠂ ᠲᠡᠷᠠ ᠲᠠᠭᠤᠨ ᠤ ᠰᠠᠶᠢᠬᠠᠨ ᠳᠤ ᠠᠬᠲᠠ ᠮᠣᠷᠢ ᠰᠣᠯᠢᠲᠠᠨᠠ︾ ᠭᠡᠵᠣ ᠢᠷᠠᠭᠤ ᠨᠠᠶᠢᠷᠠᠭᠴᠢ ᠬᠦᠮᠣᠨ ᠢ | ᠰᠢᠯᠦᠭ ᠤᠨ ᠱᠠᠣᠨ ᠪᠢᠴᠢᠬᠦ ᠶᠢᠨ ᠠᠷᠭ᠎ᠠ ᠦᠭᠡᠢ ᠪᠣᠯᠲᠠᠯ᠎ᠠ ᠶᠠᠷᠢᠬᠰᠠᠨ ᠪᠠᠶᠢᠲᠠᠭ ᠰᠢᠣ᠃ ᠠᠲᠣᠭᠤ ᠮᠠᠯ ᠢᠶᠠᠨ | ᠬᠦᠷᠲᠠᠯ᠎ᠠ ᠪᠠᠶᠢᠭᠠᠯᠢ ᠭᠤᠸ᠎ᠠ ᠰᠠᠶᠢᠬᠠᠨ ᠢ ᠲᠠᠨᠢᠲᠠᠭ᠂ ᠵᠢᠬᠦᠷᠲᠠᠨ ᠰᠢᠪᠠᠭᠤᠣᠨ ᠤᠨ ᠢᠷᠠᠭᠤ ᠰᠠᠶᠢᠬᠠᠨ ᠲᠠᠭᠤᠨ ᠤ | ᠡᠭᠡᠰᠢᠭ ᠢ ᠣᠶᠢᠯᠠᠭᠠᠲᠠᠭ ᠬᠦᠭᠵᠢᠮ ᠤᠨ ᠮᠡᠲᠡᠷᠡᠮᠵᠢ ᠲᠠᠢ ᠭᠡᠵᠣ ᠭᠡᠯᠡᠭᠰᠠᠨ ᠦᠭᠡ ᠰᠢᠲᠠ᠃ ︽ᠠᠯᠲᠠᠢ ᠬᠠᠩᠭᠠᠢ | ᠭᠠᠵᠠᠷ ᠤᠨ ᠦᠨᠲᠣᠷ᠂ ᠠᠬᠲᠠ ᠮᠣᠷᠢ ᠲᠡᠭᠷᠢ ᠶᠢᠨ ᠣᠨᠠᠭ᠎ᠠ︾ ᠭᠡᠵᠣ ᠲᠠᠭᠤᠯᠠᠲᠠᠭ ᠡᠶᠢᠮᠣ ᠠᠭᠤᠲᠠᠮ ᠰᠠᠨᠠᠭ᠎ᠠ᠂ | ᠣᠬᠠᠭᠠᠨ ᠪᠣᠲᠣᠯ ᠦᠭᠡᠷ᠎ᠡ ᠦᠨᠲᠣᠰᠣᠲᠠᠨ ᠶᠠᠰᠣᠲᠠᠨ ᠳᠤ ᠪᠠᠶᠢᠲᠠᠭ ᠪᠣᠯᠪᠠ ᠤᠤ ᠶᠡᠷᠣ ᠨᠢ᠃ ᠠᠮᠢ ᠠᠬᠤᠢ ᠶᠢᠨ | ᠲᠣᠬᠠᠢ ᠬᠦᠰᠠᠯᠠᠩ ᠢ ᠪᠢᠲᠠ ᠣᠲᠣ ᠯᠠ ᠰᠠᠶ᠋ᠢ ᠠᠯᠪᠠᠨ ᠶᠣᠰᠣ ᠪᠠᠷ ᠲᠣᠷᠠᠳᠴᠣ ᠪᠠᠶᠢᠨ᠎ᠠ᠃ ᠭᠡᠲᠠᠯ᠎ᠠ ᠠᠯᠠᠱᠠ | ᠨᠣᠲᠤᠭ ᠤᠨ ᠠᠷᠠᠳ ᠲᠦᠮᠡᠨ ᠤ ᠲᠣᠮᠲᠠ ᠡᠶᠢᠮᠣ ᠬᠦᠰᠠᠯᠠᠩ ᠭᠡᠲᠣᠨ ᠵᠠᠭᠤᠨ ᠵᠢᠯ ᠦᠷᠬᠦᠯᠵᠢᠯᠡᠵᠣ ᠪᠠᠶᠢᠬᠰᠠᠨ ᠤ | ᠪᠠᠲᠣᠲᠠᠢ ᠵᠢᠱᠢᠶ᠎ᠡ ᠨᠢ ︽ᠡᠷᠣᠭᠡ ᠪᠠᠷ ᠢᠶᠠᠨ ᠬᠠᠷᠠᠪᠠᠯ ᠮᠣᠲᠣ ᠲᠠᠢ ᠰᠠᠶᠢᠬᠠᠨ ᠠᠯᠠᠱᠠ᠂ ᠡᠬᠦᠲᠠ ᠪᠠᠷ ᠢᠶᠠᠨ ᠬᠠᠷᠠᠪᠠᠯ | ᠣᠰᠣ ᠲᠠᠢ ᠰᠠᠶᠢᠬᠠᠨ ᠠᠯᠠᠱᠠ︾ ᠭᠡᠰᠠᠨ ᠬᠤᠶᠠᠷᠬᠠᠨ ᠪᠠᠲᠠᠭ ᠰᠢᠯᠦᠭ ᠠᠴᠠ ᠬᠦᠢᠴᠡᠳ ᠠᠵᠢᠬᠯᠠᠭᠲᠠᠨᠠ᠃ ᠡᠨᠠ | ᠰᠢᠯᠦᠭ ᠤᠨ ᠠᠬᠤᠢ ᠰᠠᠨᠠᠭ᠎ᠠ᠂ ᠠᠤᠭ᠎ᠠ ᠶᠡᠭᠡ ᠪᠠᠭᠲᠠᠭᠠᠮᠵᠢ᠂ ᠣᠷᠠᠨ ᠨᠠᠷᠢᠨ ᠮᠡᠲᠡᠷᠡᠮᠵᠢ ᠶᠢ ᠭᠡᠨ ᠴᠦ ᠭᠡᠳ | ᠱᠠᠭᠰᠢᠷᠠᠬᠤ ᠠᠴᠠ ᠦᠭᠡᠷ᠎ᠡ ᠠᠷᠭ᠎ᠠ ᠪᠠᠶᠢᠬᠤ ᠦᠭᠡᠢ᠃ ᠠᠮᠢ ᠠᠬᠤᠢ ᠳᠤ ᠬᠤᠯᠪᠣᠬᠲᠠᠬᠤ ︽ᠦᠨᠣᠴᠢᠨ ᠴᠠᠭᠠᠨ | ᠪᠣᠲᠣᠭᠤ︾᠂ ︽ᠭᠤᠷᠪᠠᠨ ᠵᠠᠭᠤᠨ ᠵᠢᠷᠠᠨ ᠬᠦᠷᠣᠭᠡᠰᠣ︾᠂ ︽ᠡᠶᠢᠮᠣ ᠯᠠ ᠰᠠᠶᠢᠬᠠᠨ ᠱᠣᠩᠬᠤᠷ ᠰᠢᠪᠠᠭᠤ︾᠂ ︽ | ᠵᠣᠨ ᠤ ᠵᠣᠰᠠᠯᠠᠩ︾ ᠭᠡᠬᠦ ᠮᠡᠲᠣ ᠬᠠᠮᠲᠣ ᠣᠷᠣᠰᠢᠬᠤ ᠬᠦᠷᠣᠭᠡᠰᠣ ᠠᠷᠢᠶᠠᠲᠠᠨ᠂ ᠵᠢᠬᠦᠷᠲᠠᠨ ᠰᠢᠪᠠᠭᠤ᠂ ᠠᠲᠣᠭᠤ | ᠮᠠᠯ ᠢᠶᠠᠨ ᠬᠦᠮᠣᠨᠴᠢᠯᠡᠵᠣ᠂ ᠲᠦᠰᠢᠨ ᠠᠮᠢᠲᠣᠷᠠᠬᠤ ᠠᠭᠤᠯᠠ ᠣᠰᠣ᠂ ᠪᠠᠶᠢᠭᠠᠯᠢ ᠲᠡᠯᠡᠭᠡᠢ ᠪᠠᠨ ᠰᠢᠲᠣᠭᠡᠨᠴᠢᠯᠡᠭᠰᠠᠨ | ᠲᠠᠭᠤᠣ ᠨᠤᠭᠤᠳ ᠶᠡᠷᠣ ᠨᠢ ᠠᠯᠠᠱᠠ ᠳᠤ ᠲᠠᠶᠢᠯᠣᠩᠬᠦᠢ ᠪᠠᠶᠢᠲᠠᠭ᠃ | ᠲᠡᠭᠡᠷ᠎ᠡ ᠲᠣᠷᠠᠲᠣᠬᠰᠠᠨ ᠠᠴᠠ ᠭᠠᠲᠠᠨ᠎ᠠ ᠠᠯᠠᠱᠠ ᠠᠷᠠᠳ ᠤᠨ ᠢᠵᠠᠭᠤᠷ ᠲᠠᠭᠤᠣ ᠶᠢ ᠠᠶ᠎ᠠ ᠡᠭᠡᠰᠢᠭ ᠤᠨ ᠬᠢᠨᠢ | ᠣᠨᠴᠠᠯᠢᠭ ᠠᠴᠠ ᠣᠯᠠᠮ ᠢᠶᠠᠷ ᠨᠢᠬᠲᠠᠯᠠᠵᠣ ᠰᠣᠲᠣᠯᠵᠣ ᠰᠢᠷᠭᠠᠭᠠᠬᠤ ᠴᠢᠬᠤᠯᠠᠲᠠᠢ ᠶᠤᠮ᠃ ᠡᠨᠠ ᠪᠣᠯ ᠠᠶ᠎ᠡ | ᠬᠦᠭᠵᠢᠮ ᠤᠨ ᠮᠡᠷᠭᠡᠵᠢᠯᠲᠠᠳ ᠤᠨ ᠬᠦᠢᠴᠡᠳᠭᠡᠪᠠᠰᠣ ᠵᠣᠬᠢᠬᠤ ᠨᠢᠭᠡᠨ ᠴᠢᠬᠤᠯᠠ ᠡᠬᠦᠷᠭᠡ ᠭᠡᠳᠡᠭ ᠢ ᠠᠲᠠ | ᠲᠣᠷᠠᠲᠣᠭᠠᠳ ᠠᠪᠣᠶ᠎ᠠ᠃ | ᠲᠦᠷᠪᠠ᠂ ᠠᠯᠠᠱᠠ ᠠᠷᠠᠳ ᠤᠨ ᠢᠵᠠᠭᠤᠷ ᠲᠠᠭᠤᠣ ᠶᠢ ᠣᠯᠠᠮᠵᠢᠯᠠᠬᠤ ᠠᠷᠭ᠎ᠠ ᠵᠠᠮ | ᠦᠢᠷ᠎ᠠ ᠶᠢᠨ ᠵᠢᠯ ᠤᠳ ᠲᠤ ᠠᠯᠠᠱᠠ ᠨᠣᠲᠤᠭ ᠠᠷᠠᠳ ᠤᠨ ᠲᠠᠭᠤᠣ ᠪᠠᠨ ᠠᠪᠣᠷᠠᠵᠣ ᠣᠯᠠᠮᠵᠢᠯᠠᠬᠤ ᠡᠷᠴᠢᠮᠲᠠᠢ | ᠠᠷᠭ᠎ᠠ ᠭᠡᠮᠵᠢᠶ᠎ᠡ ᠠᠪᠴᠣ᠂ ᠠᠷᠠᠳ ᠤᠨ ᠲᠠᠭᠤᠣ ᠶᠢ ᠡᠮᠬᠢᠳᠭᠡᠨ ᠲᠢᠭᠯᠡᠬᠦ᠂ ᠠᠷᠠᠳ ᠲᠦᠮᠡᠨ ᠤ ᠲᠣᠮᠲᠠ | ᠲᠡᠯᠭᠡᠷᠡᠬᠦᠯᠬᠦ᠂ ᠭᠡᠣᠭᠡᠳ ᠪᠠᠭᠠᠴᠣᠣᠨ ᠲᠤ ᠣᠯᠠᠮᠵᠢᠯᠠᠬᠤ᠂ ᠲᠠᠶᠢᠰᠠᠨ ᠤ ᠣᠷᠠᠯᠢᠭ ᠲᠤ ᠭᠠᠷᠭᠠᠬᠤ᠂ ᠰᠣᠯᠢᠯᠴᠠᠭ᠎ᠠ | ᠰᠣᠲᠣᠯᠭᠠᠨ ᠦᠷᠨᠢᠬᠦᠯᠬᠦ ᠵᠡᠷᠭᠡ ᠲᠠᠯ᠎ᠠ ᠪᠠᠷ ᠮᠠᠰᠢ ᠠᠷᠪᠢᠨ ᠲᠣᠰᠠᠲᠠᠢ ᠠᠵᠢᠯ ᠬᠢᠭᠰᠡᠨ ᠪᠠᠶᠢᠨ᠎ᠠ᠃ ᠡᠨᠠ ᠠᠵᠢᠯ ᠤᠨ | ᠦᠷ᠎ᠡ ᠪᠦᠲᠣᠮᠵᠢ ᠶᠢ ᠪᠢᠲᠠ ᠦᠨᠲᠣᠷ ᠦᠨᠡᠯᠡᠬᠦ ᠶᠣᠰᠣᠲᠠᠢ᠃ ᠡᠬᠦᠨ ᠤ ᠲᠠᠭᠠᠣ ᠳᠤ ᠣᠲᠣ ᠠᠴᠠ ᠡᠬᠢᠯᠠᠨ | ᠠᠩᠬᠠᠷᠣᠨ ᠬᠦᠢᠴᠡᠳᠭᠡᠬᠦ ᠨᠢᠭᠡᠨ ᠴᠢᠬᠤᠯᠠ ᠠᠵᠢᠯ ᠪᠣᠯ ᠪᠠᠶᠢᠭᠠᠯᠢ ᠠᠴᠠ ᠢᠷᠡᠭᠰᠠᠨ ᠲᠡᠷᠡ ᠢᠵᠠᠭᠤᠷ ᠰᠣᠶᠣᠯ ᠢ | ᠠᠪᠣᠷᠠᠨ ᠬᠠᠮᠠᠭᠠᠯᠠᠬᠤ ᠳᠤ ᠵᠠᠪᠠᠯ ᠪᠠᠶᠢᠭᠠᠯᠢ ᠲᠡᠯᠡᠭᠡᠢ ᠲᠠᠢ ᠨᠢ ᠣᠶᠠᠯᠲᠣᠭᠤᠯᠵᠣ᠂ ᠬᠦᠲᠡᠭᠡ ᠳᠤ ᠮᠠᠯᠴᠢᠳ ᠤᠨ | ᠲᠣᠮᠲᠠᠣᠯᠠᠮᠵᠢᠯᠡᠵᠣ ᠲᠡᠯᠭᠡᠷᠡᠬᠦᠯᠬᠦ ᠣᠷᠣᠨ ᠵᠠᠢ ᠶᠢ ᠣᠯᠭᠤᠬᠤ ᠭᠡᠷᠡᠭᠲᠠᠢ ᠶᠣᠮ᠃ ᠣᠲᠣᠬᠢ ᠲᠠᠶᠠᠭᠠᠷᠴᠢᠯᠠᠯ᠂ | ᠬᠤᠲᠠᠴᠢᠯᠠᠯ ᠤᠨ ᠴᠠᠭ ᠦᠶ᠎ᠡ ᠳᠤ ᠬᠤᠲᠠ ᠪᠠᠯᠭᠠᠰᠣᠨ ᠳᠤ ᠣᠷᠲᠣ ᠶᠢᠨ ᠲᠠᠭᠤᠣ ᠶᠢ ᠲᠠᠭᠤᠯᠠᠵᠣ ᠣᠯᠠᠮᠵᠢᠯᠠᠬᠤ ᠵᠠᠩ | ᠰᠣᠶᠣᠯ᠂ ᠶᠣᠰᠣ ᠲᠢᠭᠯᠢᠮ᠂ ᠰᠣᠶᠣᠯ ᠤᠨ ᠣᠷᠴᠢᠨ ᠣᠬᠲᠣᠬᠠᠨ ᠴᠦ ᠪᠠᠶᠢᠬᠤ ᠦᠭᠡᠢ ᠭᠡᠳ᠋ᠩ ᠢ ᠵᠠᠪᠠᠯ ᠮᠡᠲᠡᠷᠡᠬᠦ | ᠭᠡᠷᠡᠭᠲᠠᠢ᠃ ᠬᠦᠲᠡᠭᠡ ᠳᠤ ᠴᠦ ᠭᠡᠳ ᠣᠷᠲᠣ ᠶᠢᠨ ᠲᠠᠭᠤᠣ ᠶᠢ ᠲᠠᠭᠤᠯᠠᠬᠤ ᠲᠡᠷᠡ ᠨᠠᠶᠢᠷ ᠣᠲᠣ ᠠᠯᠠᠭ᠎ᠠ ᠪᠣᠯᠣᠬᠰᠠᠨ | ᠪᠠᠶᠢᠨ᠎ᠠ ᠰᠢᠲᠠ᠃ ᠡᠶᠢᠮᠣ ᠪᠠᠶᠢᠲᠠᠯ ᠲᠣᠣᠷ᠎ᠠ ᠪᠢᠲᠠ ᠨᠢᠭᠡ ᠳᠤ᠂ ᠬᠦᠲᠡᠭᠡ ᠨᠣᠲᠤᠭ ᠲᠤ ᠮᠠᠯᠴᠢᠳ ᠤᠨ ᠲᠣᠮᠲᠠ᠂ | ᠠᠷᠠᠳ ᠤᠨ ᠲᠠᠭᠤᠣ ᠶᠢᠨ ᠣᠷᠣᠨ ᠲᠣᠭᠤᠷᠢᠭ ᠲᠤᠨᠢ ᠣᠷᠲᠣ ᠶᠢᠨ ᠲᠠᠭᠤᠣ ᠶᠢᠨ ᠨᠠᠶᠢᠷ ᠢ ᠵᠣᠬᠢᠶᠠᠵᠣ᠂ ᠵᠢᠯ ᠵᠢᠯ | ᠵᠣᠷᠢᠯᠭ᠎ᠠ ᠲᠠᠢ ᠪᠠᠷ ᠣᠷᠲᠣ ᠶᠢᠨ ᠲᠠᠭᠤᠣ ᠶᠢ ᠭᠡᠲᠣ ᠭᠡᠲᠣᠨ ᠡᠲᠣᠷ ᠢᠶᠠᠷ ᠲᠠᠭᠤᠯᠠᠭᠤᠯᠬᠤ ᠭᠡᠷᠩᠲᠠᠢ ᠪᠣᠯᠵᠣ ᠪᠠᠶᠢᠨ᠎ᠠ᠃ | ᠬᠤᠶᠠᠷ ᠲᠤ᠂ ᠠᠷᠠᠳ ᠤᠨ ᠲᠠᠭᠤᠴᠢᠳ ᠢ ᠬᠦᠮᠣᠵᠢᠬᠦᠯᠵᠣ ᠰᠢᠯᠭᠠᠷᠠᠭᠤᠯᠬᠤ ᠳᠠᠭᠠᠨ ᠵᠦᠪᠭᠡᠨ ᠬᠤᠲᠠ ᠶᠢᠨ | ᠲᠠᠶᠢᠰᠠᠨ ᠲᠡᠭᠡᠷ᠎ᠡ᠂ ᠣᠷᠣᠯᠲᠣᠭᠠᠨ ᠢᠶᠠᠷ ᠯᠠ ᠪᠢᠰᠢ᠂ ᠬᠠᠷᠢᠨ ᠬᠦᠲᠡᠭᠡ ᠮᠠᠯᠴᠢᠳ ᠤᠨ ᠭᠡᠷ ᠲᠤ᠂ ᠣᠯᠠᠨ | ᠲᠠᠭᠤᠴᠢᠳ ᠤᠨ ᠲᠣᠮᠲᠠ ᠭᠡᠴᠢᠨᠠᠬᠡᠨ ᠲᠠᠭᠤᠣ ᠲᠠᠭᠤᠯᠠᠲᠠᠭ᠂ ᠲᠠᠭᠤᠣ ᠶᠢᠨ ᠶᠣᠰᠣ ᠣᠴᠢᠷ ᠢ ᠶᠠᠮᠠᠷ ᠵᠡᠷᠭᠡ | ᠮᠠᠳᠡᠳᠡᠭ ᠢᠶᠠᠷ ᠨᠢ ᠰᠢᠯᠭᠠᠷᠠᠭᠤᠯᠪᠠᠯ ᠵᠣᠬᠢᠨ᠎ᠠ᠃ ᠵᠢᠩᠬᠢᠨᠢ ᠠᠷᠠᠳ ᠤᠨ ᠲᠠᠭᠤᠴᠢᠨ ᠭᠡᠪᠠᠯ ᠨᠣᠲᠤᠭ ᠤᠨ ᠢᠶᠠᠨ | ᠢᠵᠠᠭᠤᠷ ᠲᠠᠭᠤᠣ ᠠᠴᠠ ᠨᠠᠭᠠᠲᠣ ᠵᠠᠬ᠎ᠠ ᠨᠢ ᠵᠠᠭᠤ ᠶᠢ ᠮᠡᠲᠡᠬᠦ ᠦᠭᠡᠢ ᠪᠠᠷ ᠶᠠᠭᠠᠬᠢᠵᠣ ᠣᠷᠲᠣ ᠶᠢᠨ ᠲᠠᠭᠤᠣ ᠶᠢᠨ | ᠦᠪᠯᠡᠭᠴᠢ ᠪᠣᠯᠵᠣ ᠪᠣᠯᠬᠤ ᠪᠢᠯᠠ᠃ ᠨᠢᠭᠡ ᠬᠦᠮᠣᠨ ᠢᠶᠠᠷ ᠵᠠᠭᠤᠨ ᠲᠠᠭᠤᠣ ᠬᠦᠢᠴᠡᠳ ᠲᠠᠭᠤᠯᠠᠭᠤᠯᠬᠤ ᠳᠤ ᠭᠡᠲᠣᠢ | ᠴᠠᠭ ᠣᠷᠣᠨ᠎ᠠ ᠪᠣᠢ︖ ᠬᠤᠲᠠ ᠳᠤ ᠡᠶᠢᠮᠣ ᠠᠵᠢᠯ ᠢ ᠬᠦᠢᠴᠡᠳᠭᠡᠬᠦ ᠳᠤ ᠮᠠᠰᠢ ᠭᠡᠴᠡᠬᠦᠣ᠃ ᠡᠶᠢᠮᠣ ᠠᠴᠠ | ᠨᠡᠬᠦᠲᠠᠯ ᠤᠨ ᠰᠣᠶᠣᠯ ᠠᠴᠠ ᠪᠣᠢ ᠪᠣᠯᠣᠬᠰᠠᠨ ᠢᠵᠠᠭᠤᠷ ᠣᠷᠠᠯᠢᠭ ᠢ ᠠᠯᠢ ᠪᠣᠯᠬᠤᠶᠢᠴᠠ ᠬᠦᠲᠡᠭᠡ ᠨᠣᠲᠤᠭ ᠲᠤᠨᠢ᠂ | ᠮᠠᠯᠴᠢᠳ ᠲᠤᠨᠢ ᠪᠣᠴᠠᠭᠠᠨ ᠦᠪᠯᠡᠬᠦᠯᠬᠦ ᠠᠷᠭ᠎ᠠ ᠵᠠᠮ ᠡᠷᠢᠯᠬᠢᠯᠠᠪᠠᠯ ᠵᠣᠬᠢᠨ᠎ᠠ᠃ ᠬᠦᠲᠡᠭᠡ ᠨᠠᠶᠢᠷᠯᠠᠵᠣ᠂ ᠬᠦᠲᠡᠭᠡ | ᠣᠷᠣᠯᠲᠣᠭᠠᠨ ᠭᠢᠪᠠᠯ ᠮᠦᠩᠬᠦ ᠵᠠᠷᠣᠲᠠᠯ ᠠᠷᠪᠢᠯᠠᠬᠤ ᠮᠦᠷᠲᠡᠭᠡᠨ ᠮᠠᠯᠴᠢᠳ ᠢ ᠬᠦᠢᠴᠡᠳ ᠣᠷᠣᠯᠴᠠᠭᠤᠯᠵᠣ᠂ | ᠠᠷᠠᠳ ᠤᠨ ᠲᠠᠭᠤᠣ ᠶᠢᠨ ᠰᠢᠨ᠎ᠠ ᠰᠣᠶᠣᠯ ᠤᠨ ᠣᠷᠴᠢᠨ ᠢ ᠰᠠᠶ᠋ᠢ ᠵᠢᠩᠬᠢᠨᠢ ᠰᠡᠷᠬᠦᠭᠡᠨ ᠪᠣᠢ ᠪᠣᠯᠭᠠᠵᠣ ᠴᠢᠲᠠᠨ᠎ᠠ᠃ | ᠴᠠᠭ ᠵᠢᠯ ᠤᠨ ᠰᠠᠶᠢᠨ ᠳᠤ ᠮᠠᠯᠴᠢᠳ᠂ ᠮᠣᠩᠭᠤᠯᠴᠣᠣᠨ ᠬᠦᠲᠡᠭᠡ ᠳᠤ ᠪᠠᠨ ᠬᠤᠷᠢᠮ ᠨᠠᠶᠢᠷ ᠬᠢᠵᠣ ᠰᠣᠷᠪᠠᠯ | ᠶᠠᠭᠠᠬᠢᠲᠠᠭ ᠪᠣᠯ︖ ᠡᠨᠠ ᠪᠣᠯ ᠰᠣᠶᠣᠯ ᠤᠨ ᠣᠯᠠᠮᠵᠢᠯᠠᠯ ᠳᠤ ᠬᠤᠯᠪᠣᠬᠲᠠᠬᠤ ᠲᠣᠮᠣᠬᠠᠨ ᠠᠰᠠᠭᠤᠲᠠᠯ ᠭᠡᠳ᠋ᠩ ᠢ | ᠣᠲᠣᠬᠠᠨ ᠪᠣᠲᠣᠯᠬᠢᠯᠠᠬᠤ ᠦᠭᠡᠢ ᠪᠠᠷ ᠶᠠᠭᠠᠬᠢᠵᠣ ᠪᠣᠯᠬᠤ ᠪᠢᠯᠠ᠃ | ᠵᠤᠬᠢᠶᠠᠭᠴᠢ ᠶᠢᠨ ᠬᠠᠶ᠋ᠢᠭ᠄ ᠠᠯᠠᠱᠠ ᠠᠶᠢᠮᠠᠭ ᠤᠨ ᠠᠷᠠᠤᠨ ᠤᠨ ᠲᠦᠯᠤᠭᠡᠯᠡᠭᠴᠢᠤᠨ ᠤᠨ ᠶᠡᠭᠡ ᠬᠤᠷᠠᠯ ᠤᠨ | ᠠᠵᠢᠯ ᠤᠨ ᠵᠦᠪᠯᠠᠯ |