ᠠᠯᠠᠱᠠ ᠮᠤᠩᠭᠤᠯᠴᠤᠳ ᠤᠨ ᠤᠭᠤᠴᠠ ᠰᠢᠬᠦᠰᠦ ᠲᠠᠪᠠᠭᠯᠠᠬᠤ ᠶᠤᠰᠤᠨ 
ᠨᠡᠶᠢᠲᠡᠯᠡᠭᠰᠡᠨ ᠴᠠᠭ᠄
2019/12/11
ᠤᠭᠤᠴᠠ ᠰᠢᠬᠦᠰᠦ ᠲᠡᠷᠢᠬᠦᠳᠡᠨ ᠣᠯᠠᠭᠠᠨ ᠢᠳᠡᠬᠡᠨ ᠨᠢ ᠮᠣᠩᠭᠤᠯᠴᠣᠳ ᠤᠨ ᠬᠠᠮᠤᠭ ᠠᠴᠠ ᠡᠷᠬᠢᠮᠯᠡᠳᠡᠭ ᠬᠤᠭᠤᠯᠡ ᠢᠳᠡᠭᠡᠨ ᠪᠤᠯᠬᠤᠷ ᠵᠣᠴᠢᠨ ᠳᠠᠶᠢᠯᠠᠵᠣ ᠢᠳᠡᠭᠡ ᠰᠢᠭᠦᠰᠦ ᠭᠠᠷᠭᠠᠬᠤ ᠳᠤ ᠴᠡᠭᠡᠷ ᠶᠣᠰᠣ᠂ ᠪᠡᠯᠭᠡ ᠲᠡᠮᠪᠡᠷᠢᠯ ᠢ ᠠᠩᠬᠠᠷᠳᠠᠭ ᠵᠠᠩᠰᠢᠯ ᠲᠠᠳᠬᠠᠯ ᠶᠡᠭᠡ ᠪᠤᠢ᠃ ᠠᠯᠠᠱᠠ ᠮᠣᠩᠭᠤᠯᠴᠣᠳ ᠬᠤᠨᠢᠨ ᠤ ᠬᠠ ᠳᠠᠯᠣ ᠳᠠᠯᠪᠢᠬᠤ ᠳᠤ ᠭᠡᠷ ᠲᠤ ᠨᠢᠭᠡ ᠬᠤᠶᠠᠷ ᠭᠡᠶᠢᠴᠢᠨ ᠢᠷᠡᠪᠡᠯ ᠨᠢᠭᠡ ᠬᠠ ᠪᠣᠶᠣ ᠦᠭᠡᠷ᠎ᠡ ᠪᠣᠰᠣᠳ ᠶᠠᠰᠣ ᠮᠢᠬ᠎ᠠ ᠴᠢᠨᠠᠵᠣ ᠳᠠᠯᠣ ᠳᠡᠭᠡᠷ᠎ᠡ ᠨᠢ ᠳᠠᠯᠪᠢᠵᠣ ᠬᠦᠨᠳᠦᠯᠡᠳᠡᠭ ᠶᠣᠰᠣᠨ ᠪᠣᠢ᠃ ᠭᠡᠷᠪᠡ ᠭᠡᠶᠢᠴᠢᠨ ᠤ ᠳᠣᠳᠣᠷ᠎ᠠ ᠡᠮᠡᠭᠳᠡᠢ ᠬᠦᠮᠦᠨ᠂ ᠨᠡᠩ ᠢᠯᠠᠩᠭᠤᠶ᠎ᠠ ᠪᠡᠷᠢ ᠬᠦᠮᠦᠨ ᠪᠠᠶᠢᠪᠠᠯ ᠵᠠᠪᠠᠯ ᠡᠪᠴᠢᠬᠦᠣ ᠳᠠᠯᠪᠢᠳᠠᠭ ᠶᠣᠰᠣ ᠲᠠᠢ᠃ ᠡᠮᠡᠭᠳᠡᠢ ᠬᠦᠮᠦᠨ ᠦᠭᠡᠢ ᠪᠣᠯ ᠡᠪᠴᠢᠬᠦᠣ ᠳᠠᠯᠪᠢᠳᠠᠭ ᠶᠣᠰᠣ ᠦᠭᠡᠢ᠂ ᠡᠶᠢᠮᠣ ᠠᠴᠠ ᠠᠯᠠᠱᠠ ᠨᠣᠳᠤᠭ ᠤᠨ ᠵᠠᠷᠢᠮ ᠭᠠᠵᠠᠷ ᠲᠤ ᠬᠤᠨᠢᠨ ᠤ ᠡᠪᠴᠢᠬᠦᠣ ᠶᠢ ᠡᠮᠡᠭᠳᠡᠢ ᠬᠦᠮᠦᠨ ᠤ ︽ᠣᠭᠤᠴᠠ︾ ᠭᠡᠮᠡᠨ ᠶᠤᠰᠤᠴᠢᠯᠠᠨ ᠶᠠᠷᠢᠳᠠᠬ ᠶᠤᠮ᠃ ᠡᠪᠴᠢᠬᠦᠦ ᠳᠠᠯᠪᠢᠬᠤ ᠳᠤ ᠮᠠᠯ ᠤᠨ ᠪᠡᠶ᠎ᠡ ᠳᠤ ᠪᠠᠶᠢᠳᠠᠭ ᠬᠡᠯᠪᠡᠷᠢ ᠪᠠᠷ ᠨᠢ ᠳᠡᠭᠡᠭᠰᠢ ᠬᠠᠨᠳᠤᠭᠤᠯᠤᠨ᠂ ᠬᠤᠰᠢᠭᠤ ᠲᠠᠯ᠎ᠠ ᠶᠢ ᠨᠢ ᠵᠤᠴᠢᠳ ᠤᠨ ᠵᠥᠭ ᠭᠡᠷ ᠤᠨ ᠬᠤᠶᠢᠮᠤᠷ ᠳᠠᠶᠢᠰᠢ ᠬᠠᠨᠳᠤᠭᠤᠯᠤᠨ᠂ ᠲᠤᠳᠤᠷ᠎ᠠ ᠨᠢ ᠲᠥᠷᠪᠡᠨ ᠥᠨᠳᠦᠷ ᠳᠠᠯᠪᠢᠵᠤ᠂ ᠬᠤᠷᠮᠤᠢ ᠶᠢ ᠨᠢ ᠳᠡᠭᠡᠭᠰᠢ ᠨᠢ ᠨᠣᠭᠤᠯᠵᠣ ᠳᠠᠯᠪᠢᠳᠠᠭ᠃ ᠤᠭᠤᠴᠠ ᠰᠢᠭᠦᠰᠤ ᠲᠠᠯᠪᠢᠬᠤ ᠲᠠᠯ᠎ᠠ ᠪᠠᠷ ᠭᠠᠵᠠᠷ ᠭᠠᠵᠠᠷ᠂ ᠨᠤᠳᠤᠭ ᠨᠤᠳᠤᠭ ᠤᠨ ᠬᠢᠨ ᠬᠤᠪᠢ ᠬᠤᠪᠢᠨ ᠳᠠᠭᠠᠨ ᠶᠤᠰᠤ ᠵᠠᠩᠰᠢᠯ ᠲᠠᠢ᠃ ᠠᠯᠠᠱᠠᠴᠣᠳ ᠬᠤᠨᠢᠨ ᠤ ᠪᠦᠬᠦᠯᠢ ᠰᠢᠬᠦᠰᠣ ᠳᠠᠯᠪᠢᠬᠤ ᠳᠤ ᠣᠭᠤᠴᠠ ᠪᠠᠨ ᠴᠢᠨᠠᠵᠣ ᠮᠣᠳᠣᠨ ᠳᠡᠪᠰᠢ ᠪᠣᠶᠣ ᠵᠡᠰ᠂ ᠭᠠᠣᠯᠢᠨ ᠪᠦᠳᠦᠬᠦᠨ ᠳᠦᠬᠦᠷᠢᠭ ᠳᠠᠪᠠᠭ ᠲᠠᠭᠠᠨ ᠳᠠᠯᠪᠢᠵᠣ᠂ ᠣᠭᠤᠴᠠ ᠮᠢᠬ᠎ᠠ ᠪᠠᠨ ᠠᠮᠢᠳᠣ ᠬᠤᠨᠢᠨ ᠤ ᠪᠠᠶᠢᠷᠢᠯᠠᠯ ᠢᠶᠠᠷ ᠮᠠᠰᠢ ᠰᠠᠶᠢᠬᠠᠨ ᠳᠠᠷᠠᠭᠠᠯᠠᠭᠤᠯᠳᠠᠭ᠃ ᠡᠨᠡ ᠨᠢ ᠰᠡᠭᠡᠷ ᠢ ᠳᠡᠭᠡᠳᠣ ᠳᠠᠯ᠎ᠠ ᠳᠤ ᠳᠣᠳᠣᠭᠰᠢ ᠬᠠᠨᠳᠣᠭᠤᠯᠣᠨ ᠬᠦᠨᠳᠡᠯᠡᠨ ᠳᠠᠯᠪᠢᠵᠣ ᠵᠡᠬᠦᠨ ᠪᠠᠷᠠᠭᠤᠨ ᠬᠠ ᠶᠢ ᠰᠡᠭᠡᠷ ᠤᠨ ᠬᠤᠶᠠᠷ ᠳᠣᠯᠣᠭᠠᠢ ᠠᠴᠠ ᠳᠠᠷᠠᠭᠠᠯᠠᠭᠤᠯᠬᠤ ᠮᠡᠳᠣ ᠪᠠᠷ ᠳᠦᠷᠪᠡᠨ ᠮᠦᠴᠢ ᠶᠢ ᠳᠦᠷᠪᠡᠨ ᠳᠠᠯ᠎ᠠ ᠳᠤᠨᠢ ᠦᠨᠴᠦᠭᠯᠡᠬᠦᠯᠦᠨ ᠳᠣᠭᠤᠷᠢᠭᠤᠯᠵᠣ᠂ ᠣᠭᠤᠴᠠᠨ ᠤ ᠳᠣᠯᠣᠭᠠᠢ ᠶᠢ ᠰᠡᠭᠡᠷ ᠤᠨ ᠳᠡᠭᠡᠷ᠎ᠡ ᠳᠡᠷᠡᠯᠡᠬᠦᠯᠦᠨ ᠪᠦᠷᠬᠦᠵᠣ ᠳᠠᠯᠪᠢᠳᠠᠭ ᠶᠤᠮ᠃ ᠣᠭᠤᠴᠠᠨ ᠤ ᠭᠤᠣᠯ ᠳᠣᠮᠳᠠ ᠨᠢ ᠬᠤᠨᠢᠨ ᠳᠣᠯᠣᠭᠠᠢ ᠪᠠᠨ ᠳᠡᠭᠡᠳᠣ ᠬᠤᠶᠢᠮᠣᠷ ᠳᠠᠯ᠎ᠠ ᠳᠤ ᠬᠠᠨᠳᠣᠭᠤᠯᠣᠨ᠎ᠠ᠃ ᠢᠩᠭᠢᠬᠦ ᠳᠡᠭᠡᠨ ᠬᠤᠨᠢᠨ ᠳᠣᠯᠣᠭᠠᠢ ᠶᠢᠨ ᠮᠠᠩᠨᠠᠢ ᠳᠣᠮᠳᠠ ᠨᠢ ᠭᠤᠷᠪᠠᠯᠵᠢᠨ ᠣᠭᠳᠣᠯᠣᠭᠠᠰᠣ ᠭᠠᠷᠭᠠᠵᠣ᠂ ᠠᠷᠠᠰᠣ ᠶᠢ ᠨᠢ ᠱᠠᠭᠠᠯᠣᠨ ᠠᠪᠴᠣ ᠣᠷᠬᠢᠭᠠᠳ ᠱᠣᠪᠣᠭᠤᠷ ᠦᠵᠦᠬᠦᠷ ᠳᠠᠯ᠎ᠠ ᠶᠢ ᠨᠢ ᠬᠠᠮᠠᠷ ᠳᠡᠰᠢ ᠬᠠᠨᠳᠣᠭᠤᠯᠣᠨ᠎ᠠ᠃ ᠬᠤᠨᠢᠨ ᠤ ᠶᠡᠷᠤ ᠶᠢᠨ ᠣᠭᠤᠴᠠ ᠰᠢᠬᠦᠰᠣ ᠳᠠᠯᠪᠢᠬᠤ ᠳᠤ ᠰᠡᠭᠡᠷ ᠲᠠᠢ ᠬᠤᠶᠠᠷ ᠮᠦᠴᠢ ᠪᠣᠶᠣ ᠳᠦᠷᠪᠡᠨ ᠮᠦᠴᠢ ᠶᠢ ᠨᠢ ᠪᠦᠷ ᠳᠠᠯᠪᠢᠵᠣ ᠪᠣᠯᠳᠠᠭ᠃ ᠶᠡᠷᠤ ᠶᠢᠨ ᠰᠢᠬᠦᠰᠣ ᠶᠢᠨ ᠢᠯᠭᠠᠭ᠎ᠠ ᠨᠢ ᠮᠦᠴᠢ ᠪᠠᠨ ᠴᠦᠮ ᠢ ᠨᠢ ᠦᠶᠡᠯᠡᠨ ᠡᠪᠳᠡᠵᠣ ᠳᠠᠯᠪᠢᠭᠠᠳ ᠳᠡᠭᠡᠷ᠎ᠡ ᠨᠢ ᠣᠭᠤᠴᠠ ᠪᠠᠨ ᠬᠦᠮᠦᠷᠢᠵᠣ᠂ ᠣᠭᠤᠴᠠᠨ ᠳᠣᠣᠷ᠎ᠠ ᠬᠠᠪᠢᠰᠣ ᠶᠢ ᠨᠢ ᠵᠢᠬᠢᠷᠢᠭᠯᠡᠵᠣ ᠳᠠᠯᠪᠢᠨ᠎ᠠ᠃ ᠠᠯᠠᠱᠠ ᠮᠣᠩᠭᠤᠯᠴᠣᠳ ᠶᠡᠷᠤᠨᠢ ᠪᠦᠬᠦᠯᠢ ᠰᠢᠬᠦᠰᠣ ᠪᠣᠯᠣᠨ ᠶᠡᠷᠤ ᠶᠢᠨ ᠣᠭᠤᠴᠠ ᠶᠢ ᠶᠣᠰᠣᠴᠢᠯᠠᠨ ᠳᠠᠪᠠᠭᠯᠠᠵᠣ᠂ ᠨᠠᠶᠢᠷ ᠤᠨ ᠰᠢᠷᠡᠭᠡᠨ ᠳᠡᠭᠡᠷ᠎ᠡ ᠳᠠᠯᠪᠢᠭᠠᠳ ᠬᠡᠷ ᠤᠨ ᠡᠵᠡᠨ ᠨᠢ ᠵᠤᠴᠢᠳ ᠲᠠᠭᠠᠨ ᠲᠡᠰ ᠲᠡᠷᠠᠭᠠᠯᠠᠨ ᠠᠷᠢᠬᠢ ᠵᠠᠰᠠᠵᠤ ᠪᠠᠷᠠᠭᠰᠠᠨ ᠤ ᠬᠤᠶᠢᠨ᠎ᠠ᠂ ᠬᠥᠨᠳᠤᠳᠬᠡᠯ ᠶᠤᠰᠤᠨ ᠤ ᠥᠬᠡ ᠪᠠᠨ ᠬᠡᠯᠡᠵᠤ ᠪᠠᠷᠠᠭᠠᠳ ᠵᠤᠴᠢᠨ ᠤ ᠦᠷᠬᠦᠭᠡᠨ ᠠᠴᠠ ᠭᠠᠷᠴᠣ ᠶᠠᠪᠣᠳᠠᠭ ᠵᠠᠩᠰᠢᠯ ᠲᠠᠢ᠂ ᠳᠠᠷᠠᠭ᠎ᠠ ᠨᠢ ᠳᠣᠰᠬᠠᠢ ᠬᠦᠮᠦᠨ ᠢᠶᠠᠷ ᠣᠭᠤᠴᠠ ᠬᠦᠨᠳᠡᠬᠦᠯᠵᠦ ᠵᠦᠰᠦᠬᠦᠯᠳᠡᠭ᠃ ᠡᠨᠡ ᠮᠡᠳᠣ ᠪᠠᠷ ᠮᠠᠯ ᠤᠨ ᠳᠣᠯᠣᠭᠠᠢ ᠰᠢᠬᠢᠷ᠎ᠠ᠂ ᠬᠡᠳᠡᠰᠦ ᠲᠤᠳᠤᠷ ᠪᠠᠵᠠᠭᠠᠵᠦ ᠲᠠᠪᠠᠭᠯᠠᠬᠤ ᠵᠡᠷᠭᠡ ᠳᠤ ᠪᠦᠷ ᠶᠣᠰᠣ ᠵᠠᠩᠰᠢᠯ ᠠᠭᠤᠯᠣᠭᠳᠠᠵᠣ᠂ ᠡᠳᠡᠭᠡᠷ ᠨᠢ ᠠᠯᠠᠱᠠ ᠮᠣᠩᠭᠤᠯᠴᠣᠳ ᠤᠨ ᠢᠳᠡᠬᠡᠨ ᠤ ᠰᠣᠶᠣᠯ ᠤᠨ ᠴᠢᠬᠤᠯᠠ ᠨᠢᠭᠡᠨ ᠠᠭᠤᠯᠭ᠎ᠠ ᠨᠢ ᠪᠣᠯᠵᠣ ᠪᠠᠶᠢᠳᠠᠭ᠃ ᠳᠡᠭᠡᠬᠦ ᠪᠠᠷ ᠮᠢᠬ᠎ᠠ ᠳᠠᠪᠠᠭᠯᠠᠬᠤ ᠶᠣᠰᠣ ᠵᠠᠩᠰᠢᠯ ᠢᠶᠠᠨ ᠮᠡᠳᠡᠵᠣ ᠣᠶᠢᠯᠠᠭᠠᠵᠣ ᠶᠠᠪᠣᠬᠤ ᠨᠢ ᠮᠣᠩᠭᠤᠯᠴᠣᠳ ᠪᠢᠳᠠᠨ ᠤ ᠡᠳᠣᠷ ᠳᠣᠳᠣᠮ ᠤᠨ ᠠᠮᠢᠳᠣᠷᠠᠯ ᠢᠶᠠᠨ ᠣᠶᠢᠯᠠᠭᠠᠵᠣ ᠮᠡᠳᠡᠵᠣ ᠶᠠᠪᠣᠬᠤ ᠲᠠᠢ ᠡᠭᠡᠭᠡ ᠯᠠ ᠠᠳᠠᠯᠢ᠃ ᠡᠶᠢᠮᠣ ᠪᠠᠷ ᠢᠶᠠᠨ ᠠᠶᠢᠯ ᠪᠦᠷᠢ ᠶᠢᠨ ᠬᠦᠮᠦᠨ ᠪᠣᠯᠭᠠᠨ ᠮᠢᠬ᠎ᠠ ᠪᠠᠨ ᠳᠠᠪᠠᠭᠯᠠᠵᠣ ᠴᠢᠳᠠᠬᠤ ᠭᠡᠷᠡᠭᠳᠡᠢ᠂ ᠮᠢᠬ᠎ᠠ ᠳᠠᠪᠠᠭᠯᠠᠬᠤ ᠶᠣᠰᠣ ᠣᠴᠢᠷ ᠢ ᠭᠡᠣᠭᠡᠳ ᠪᠠᠭᠠᠴᠣᠳ ᠲᠤ ᠠᠯᠢ ᠡᠷᠳᠡ ᠠᠴᠠ ᠵᠢᠭᠠᠵᠣ ᠬᠢᠯᠭᠡᠬᠦ ᠨᠢ ᠬᠠᠮᠤᠭ ᠠᠴᠠ ᠴᠢᠬᠤᠯᠠ ᠶᠤᠮ᠃ ᠶᠡᠷᠤᠨᠢ ᠠᠯᠠᠱᠠ ᠮᠣᠩᠭᠤᠯᠴᠣᠳ ᠡᠨᠡᠬᠦ ᠶᠣᠰᠣ ᠵᠠᠩᠰᠢᠯ ᠢᠶᠠᠨ ᠶᠡᠭᠡ ᠬᠦᠨᠳᠦᠳᠭᠡᠨ ᠴᠢᠬᠤᠯᠠᠴᠢᠯᠠᠳᠠᠭ ᠴᠦ ᠵᠠᠯᠠᠭᠤ ᠬᠦᠮᠦᠰ ᠲᠡᠭᠡᠨ ᠨᠡᠩ ᠢᠯᠡᠬᠦᠣ ᠦᠨᠳᠦᠷ ᠱᠠᠭᠠᠷᠳᠠᠯᠭ᠎ᠠ ᠳᠠᠯᠪᠢᠨ᠂ ᠣᠯᠠᠮᠵᠢᠯᠠᠨ ᠵᠠᠯᠭᠠᠮᠵᠢᠯᠠᠵᠣ᠂ ᠳᠡᠷᠡ ᠮᠦᠷᠳᠡᠭᠡᠨ ᠬᠠᠮᠤᠭ ᠣᠬᠢ ᠰᠣᠳᠣ ᠢᠳᠡᠭᠡᠨ ᠤ ᠰᠣᠶᠣᠯ ᠢᠶᠠᠨ ᠦᠯᠡᠳᠡᠭᠡᠵᠣ ᠤᠯᠠᠮᠵᠢᠯᠠᠬᠤ ᠨᠢ ᠵᠦᠢᠳᠡᠢ ᠪᠤᠶᠤ᠃
 
ᠢᠷᠡᠯᠲᠡ᠄ ᠠᠯᠠᠱᠠ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号