ᠲᠡᠮᠡᠭᠡᠨ ᠲᠠᠬᠢᠯᠭ᠎ᠠ
ᠨᠡᠶᠢᠲᠡᠯᠡᠭᠰᠡᠨ ᠴᠠᠭ᠄
2019/12/11
ᠲᠡᠮᠡᠭᠡᠨ ᠲᠠᠬᠢᠯᠭ᠎ᠠ ᠨᠢ ᠪᠤᠥᠷ᠎ᠠ ᠶᠢᠨ ᠲᠠᠬᠢᠯᠭ᠎ᠠ᠂ ᠢᠡᠭᠭᠡᠨ ᠲᠠᠬᠢᠯᠭ᠎ᠠ᠂ ᠲᠡᠮᠡᠭᠡᠨ ᠰᠦᠷᠤᠭ᠌ ᠤᠨ ᠲᠠᠬᠢᠯᠭ᠎ᠠ ᠵᠡᠷᠭᠡ ᠭᠤᠷᠪᠠᠨ ᠲᠦᠷᠤᠯ ᠳᠤ ᠬᠤᠪᠢᠶᠠᠳᠠᠭ᠃ ᠲᠡᠮᠡᠭᠡᠨ ᠲᠠᠬᠢᠯᠭ᠎ᠠ ᠨᠢ ᠪᠦᠬᠦ ᠮᠤᠩᠭᠤᠯ ᠤᠨ ᠭᠠᠯ ᠲᠠᠬᠢᠯᠭ᠎ᠠ ᠲᠠᠢ ᠠᠳᠠᠯᠢ ᠦᠭᠡᠢ ᠪᠠᠶᠢᠳᠠᠭ᠃ ᠲᠠᠮᠡᠭᠡᠴᠢᠨ ᠲᠡᠮᠡᠭᠡ ᠎ ᠪᠠᠨ ᠪᠦᠷᠢᠳᠬᠡᠵᠤ᠂ ᠭᠡᠷ ᠤᠨ ᠤᠷᠴᠢᠮ ᠬᠤᠷᠢᠶᠠᠨ ᠪᠤᠥᠷ᠎ᠠ ᠪᠠᠨ ᠪᠠᠷᠢᠵᠤ ᠵᠤᠭᠳᠤᠷᠯᠠᠳᠠᠭ ᠶᠤᠮ᠃ ᠵᠤᠭᠳᠤᠷᠯᠠᠬᠤ ᠎ ᠳᠠᠭᠠᠨ ᠨᠠᠰᠤ ᠶᠡᠭᠡ ᠳᠤᠨᠢ ᠳᠠᠪᠬᠤᠷ ᠮᠤᠨᠴᠤᠭ᠂ ᠨᠠᠰᠤ ᠪᠠᠷ ᠪᠠᠭ᠎ᠠ ᠳᠤᠨᠢ ᠲᠠᠩ ᠮᠤᠨᠴᠤᠭ ᠦᠯᠡᠳᠡᠭᠡᠵᠦ ᠪᠤᠥᠷ᠎ᠠ ᠎ ᠪᠠᠨ ᠬᠡᠪᠲᠡᠭᠦᠯᠵᠤ᠂ ᠬᠠᠵᠠᠭᠤ ᠳᠤᠨᠢ ᠭᠠᠯ ᠨᠤᠴᠤᠭᠠᠨ ᠤᠷᠢᠳᠠᠵᠤ ᠪᠡᠯᠡᠳᠭᠡᠰᠡᠨ ᠡᠪᠴᠢᠭᠦᠨ ᠲᠡᠭᠡᠷ᠎ᠡ ᠨᠢ ᠠᠷᠴᠠ ᠬᠦᠵᠢ᠂ ᠲᠠᠪᠤᠨ ᠲᠠᠷᠢᠶ᠎ᠠ᠂ ᠲᠠᠪᠤᠨ ᠦᠩᠭᠡ ᠶᠢᠨ ᠲᠤᠷᠭ᠎ᠠ᠂ ᠪᠤᠤᠷ᠎ᠠ ᠶᠢᠨ ᠵᠤᠭᠳᠤᠷ ᠠᠴᠠ ᠪᠠᠭ᠎ᠠ ᠠᠪᠴᠤ ᠲᠠᠯᠪᠢᠬᠤ ᠶᠢᠨ ᠬᠠᠮᠳᠤ ᠭᠠᠯ ᠳᠤ ᠡᠷᠭᠦᠳᠡᠭ ᠶᠤᠮ᠃ ᠰᠠᠴᠤᠯᠢ ︵ᠰᠥ ᠲᠠᠢ ᠴᠠᠢ︶ ᠡᠷᠭᠦᠵᠤ᠂ ᠲᠤᠰᠤᠭᠠᠯ ︵ᠠᠷᠢᠬᠢ᠂ ᠰᠢᠷ᠎ᠠ ᠲᠤᠰᠤ᠂ ᠴᠢᠪᠠᠭ᠎ᠠ᠂ ᠰᠥ᠂ ᠴᠠᠭᠠᠨ ᠰᠢᠬᠢᠷ︶ ᠰᠠᠴᠤᠵᠤ᠂ ᠭᠠᠯ ᠤᠨ ᠪᠤᠳᠠᠭ᠎ᠠ ︵ᠲᠤᠳᠤᠷᠭ᠎ᠠ᠂ ᠴᠠᠭᠠᠨ ᠪᠤᠳᠠᠭ᠎ᠠ᠂ ᠦᠵᠤᠮ᠂ ᠴᠢᠪᠠᠭ᠎ᠠ᠂ ᠠᠶᠢᠷᠠᠭ᠂ ᠰᠢᠷ᠎ᠠ ᠲᠤᠰᠤ᠂ ᠱᠦᠭᠦᠷᠮᠡᠭ︶᠎ ᠪᠠᠨ ᠬᠠᠯᠪᠠᠭ᠎ᠠ ᠪᠠᠷ ᠭᠠᠯ ᠳᠤ ᠡᠷᠬᠦᠵᠤ᠂ ᠲᠠᠶᠠᠭᠠᠷ ᠭᠠᠯ ᠳᠤ ᠮᠦᠷᠭᠦᠴᠡᠭᠡᠨ ᠲᠠᠪᠤᠨ ᠬᠤᠰᠢᠭᠤ ᠮᠠᠯ ᠤᠨ ᠲᠠᠯᠠᠯᠭ᠎ᠠ ᠬᠤᠷᠢᠶᠠᠳᠠᠭ ᠤᠴᠢᠷᠲᠠᠢ᠃ ᠲᠡᠮᠡᠭᠡᠨ ᠰᠦᠷᠤᠭ᠌ ᠢᠶᠠᠨ ᠵᠦᠪ ᠢᠶᠠᠷ ᠭᠤᠷᠪᠠᠨᠳᠠ ᠲᠤᠭᠤᠷᠢᠨ ᠡᠷᠭᠢᠵᠤ᠂ ᠠᠷᠴᠠ ᠬᠦᠵᠢ᠂ ᠠᠷᠢᠭᠤᠨ ᠰᠠᠩ ᠡᠷᠬᠦᠨ ᠠᠷᠢᠭᠤᠳᠬᠠᠨ ᠲᠠᠭᠠᠳᠬᠠᠵᠤ᠂ ᠢᠷᠤᠭᠡᠯ ᠲᠠᠯᠠᠯᠭ᠎ᠠ ᠠᠪᠳᠠᠭ᠃ ᠢᠩᠭᠢᠵᠤ ᠲᠠᠭᠤᠰᠤᠭᠰᠠᠨ ᠤ ᠲᠠᠷᠠᠭ᠎ᠠ ᠭᠠᠯ ᠤᠨ ᠭᠡᠰᠢᠭ ᠢᠶᠠᠨ ᠢᠳᠡᠴᠡᠭᠡᠨ ᠲᠡᠮᠡᠭᠡᠳ ᠢᠶᠠᠨ ᠪᠡᠯᠴᠢᠭᠡᠷ ᠲᠤ ᠵᠠᠯᠠᠵᠤ᠂ ᠡᠷ᠎ᠡ ᠶᠢᠨ ᠭᠤᠷᠪᠠᠨ ᠨᠠᠭᠠᠳᠤᠮ ᠢᠶᠠᠨ ᠦᠷᠭᠦᠯᠵᠢᠯᠡᠭᠦᠯᠵᠤ᠂ ᠲᠡᠮᠡᠭᠡᠨ ᠭᠡᠰᠢᠭ ᠢᠶᠠᠨ ᠬᠤᠷᠤᠶᠢᠯᠠᠵᠤ ᠪᠠᠶᠠᠷ ᠬᠦᠷ ᠲᠠᠢ ᠰᠠᠶᠢᠬᠠᠨ ᠨᠠᠶᠢᠷᠯᠠᠵᠠᠭᠠᠳᠠᠭ᠃ ᠲᠡᠮᠡᠭᠡᠨ ᠲᠠᠬᠢᠯᠭ᠎ᠠ ᠤᠨ ᠠᠵᠢᠯᠯᠠᠭ᠎ᠠ ᠠᠴᠠ ᠪᠤᠢ ᠪᠤᠯᠤᠭᠰᠠᠨ ︿︿ᠲᠡᠮᠡᠭᠡᠨ ᠮᠠᠭᠳᠠᠭᠠᠯ﹀﹀᠂ ︿︿ᠢᠷᠤᠭᠡᠯ﹀﹀᠂᠂᠂᠂ ᠵᠡᠷᠭᠡ ᠨᠢ ᠬᠦᠨ ᠲᠠᠪᠬᠤᠷᠭ᠎ᠠ ᠶᠢᠨ ᠰᠤᠶᠤᠯ ᠤᠨ ᠠᠭᠤᠯᠬᠤᠨ ᠲᠠᠢ ᠪᠠᠶᠢᠵᠤ᠂ ᠦᠨᠳᠤᠰᠤᠲᠡᠨ ᠤ ᠵᠠᠩ ᠲᠠᠳᠬᠠᠯ᠂ ᠲᠡᠮᠡᠭᠡᠨ ᠰᠤᠶᠤᠯ ᠢ ᠰᠤᠳᠤᠯᠬᠤ ᠳᠤ ᠪᠤᠲᠠᠲᠠᠢ ᠲᠦᠯᠬᠢᠴᠡ ᠦᠢᠯᠡᠳᠤᠯ ᠦᠵᠡᠭᠦᠯᠬᠦ ᠨᠢ ᠭᠠᠷᠴᠠᠭ᠎ᠠ ᠦᠭᠡᠢ ᠶᠤᠮ᠃ ᠠᠯᠠᠱᠠ ᠶᠢᠨ ᠲᠡᠮᠡᠭᠡᠨ ᠲᠠᠬᠢᠯᠭ᠎ᠠ ᠶᠢᠨ ᠵᠠᠩ ᠦᠢᠯᠡ ᠨᠢ 2007 ᠤᠨ ᠳᠤ ᠤᠷᠤᠨ ᠤ ᠲᠦᠷᠤᠭᠦᠥ ᠪᠦᠯᠤᠭ᠌ ᠪᠤᠳᠠᠰ ᠎ ᠤᠨ ᠪᠤᠰᠤ ᠰᠤᠶᠤᠯ ᠤᠨ ᠦᠪ ᠲᠤ ᠤᠷᠤᠪᠠ  ᠃
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号