ᠠᠯᠠᠱᠠ ᠮᠤᠩᠭᠤᠯᠴᠤᠳ ᠤᠨ ᠦᠷᠡᠰ ᠨᠠᠭᠠᠳᠤᠮ
ᠨᠡᠶᠢᠲᠡᠯᠡᠭᠰᠡᠨ ᠴᠠᠭ᠄
2019/12/11
ᠠᠯᠠᠱᠠ ᠮᠤᠩᠭᠤᠯᠴᠤᠳ ᠤᠨ ᠦᠷᠡᠰ ᠨᠠᠭᠠᠳᠤᠮ ᠪᠤᠯ ᠤᠳᠠᠭᠠᠨ ᠵᠢᠯ ᠤᠨ ᠲᠡᠤᠬᠡ ᠲᠠᠢ᠂ ᠤᠯᠠᠨ ᠲᠦᠮᠡᠨᠴᠢ ᠴᠢᠨᠡᠷ ᠎ ᠲᠠᠢ ᠬᠦᠳᠡᠯᠭᠡᠭᠡᠨ ᠶᠤᠮ᠃ ᠲᠡᠭᠷᠢ ᠲᠡᠳᠬᠦᠭᠴᠢ ᠶᠢᠨ 31 ︵1775︶᠎ ᠳᠤ ᠯᠤᠪᠰᠠᠩᠳᠤᠷᠵᠢ ᠨᠤᠶᠠᠨ ᠴᠢᠩ ᠸᠠᠩ ᠤᠨ ᠰᠠᠭᠤᠷᠢᠨ ᠳᠤ ᠰᠠᠭᠤᠵᠤ᠂ ᠲᠦᠷᠦ ᠶᠢᠨ ᠭᠡᠭᠡ ᠲᠠᠢ ᠤᠷᠤᠭᠯᠠᠭᠠᠳ ᠠᠪᠤ ᠪᠤᠯᠤᠭᠰᠠᠨ ᠢ ᠳᠤᠷᠠᠰᠬᠠᠵᠤ᠂ ᠠᠩᠬᠠᠳᠤᠭᠠᠷ ᠤᠳᠠᠭᠠᠨ ᠤ ᠶᠡᠭᠡ ᠨᠠᠶᠢᠷ ᠲᠠᠯᠪᠢᠵᠤ᠂ ︽ᠦᠷᠡᠰ ᠤᠨ ᠳᠠᠭᠤᠤ︾ ᠵᠤᠬᠢᠶᠠᠭᠰᠠᠨ ᠶᠤᠮ᠃ ᠲᠡᠷᠡ ᠳᠠᠭᠤᠤ ᠳᠤ ︽ᠥᠨᠳᠦᠷ ᠶᠡᠭᠡ ᠠᠯᠠᠱᠠ ᠶᠢᠨ ᠠᠷᠤ ᠳᠤ᠂ ᠥᠷᠭᠡᠨ ᠰᠢᠷ᠎ᠠ ᠵᠡᠯ᠎ᠡ ᠪᠠᠨ ᠲᠠᠳᠠᠵᠤ᠂ ᠥᠡᠭᠭᠡ ᠵᠢᠰᠤᠮ ᠤᠨ ᠠᠳᠤᠭᠤᠳ ᠪᠠᠨ ᠪᠠᠷᠢᠵᠤ᠂ ᠦᠷᠡᠰ ᠨᠠᠶᠢᠷ ᠢᠶᠠᠨ ᠰᠠᠴᠤᠨ ᠵᠢᠷᠭᠠᠨ᠎ᠠ︾ ᠭᠡᠵᠤ ᠳᠠᠭᠤᠯᠠᠭᠰᠠᠨ ᠪᠠᠶᠢᠳᠠᠭ᠃ ᠥᠡᠭᠭᠡᠷᠡᠭᠰᠡᠨ ᠠᠴᠠ ᠠᠪᠤᠭᠠᠳ ᠠᠯᠠᠱᠠᠴᠤᠳ ᠵᠢᠯ ᠪᠤᠯᠭᠠᠨ ᠦᠷᠡᠰ ᠨᠠᠭᠠᠳᠤᠮ ᠡᠷᠬᠢᠯᠡᠵᠤ᠂ ᠡᠷ᠎ᠡ ᠶᠢᠨ ᠭᠤᠷᠪᠠᠨ ᠨᠠᠭᠠᠳᠤᠮ ᠰᠢᠯᠭᠠᠷᠠᠭᠤᠯᠤᠨ ᠠᠳᠠᠯᠢᠳᠬᠠᠳᠠᠭ ᠪᠠᠶᠢᠪᠡ᠃ ᠢᠡᠭᠬᠢᠬᠦ ᠳᠡᠭᠡᠨ ᠡᠨᠡ ᠬᠦ ᠨᠠᠭᠠᠳᠤᠮ ᠤᠨ ᠬᠤᠷᠠᠯ ᠢᠶᠠᠨ ᠶᠡᠭᠡ ᠦᠷᠡᠰ ︵ᠸᠠᠩ ᠤᠨ ᠦᠷᠡᠰ︶᠂ ᠪᠠᠭ᠎ᠠ ᠦᠷᠡᠰ ᠭᠡᠵᠤ ᠳᠤᠰ ᠳᠤᠰ ᠨᠡᠷᠡᠯᠡᠳᠡᠭ᠃ ᠶᠡᠭᠡ ᠦᠷᠡᠰ ᠭᠡᠳᠡᠭ ᠨᠢ ᠨᠤᠶᠠᠨ ᠎ ᠠᠴᠠ ᠡᠷᠬᠢᠯᠡᠭᠰᠡᠨ ᠨᠠᠭᠠᠳᠤᠮ ᠤᠨ ᠬᠤᠷᠠᠯ ᠢ ᠬᠡᠯᠡᠳᠡᠭ᠃ ᠪᠠᠭ᠎ᠠ ᠦᠷᠡᠰ ᠭᠡᠳᠡᠭ ᠨᠢ ᠨᠤᠶᠠᠨ ᠤ ᠤᠷᠳᠤᠨ ᠳᠤ ᠶᠠᠮᠠᠷ ᠨᠢᠭᠡᠨ ᠪᠡᠯᠭᠡ ᠳᠤᠷᠠᠰᠬᠠᠯ ᠳᠤ ᠵᠤᠷᠢᠭᠤᠯᠤᠨ ᠡᠷᠬᠢᠯᠡᠬᠦ ᠪᠤᠶᠤ ᠪᠠᠭ ᠰᠤᠮᠤ᠂ ᠰᠦᠮ᠎ᠡ ᠬᠡᠶᠢᠳ ᠠᠴᠠ ᠡᠷᠬᠢᠯᠡᠭᠰᠡᠨ ᠨᠠᠶᠢᠷ ᠨᠠᠭᠠᠳᠤᠮ ᠢ ᠵᠢᠭᠠᠳᠠᠭ᠃ ᠶᠡᠭᠡ ᠦᠷᠡᠰ ᠢ ᠬᠡᠳᠦᠨ ᠵᠢᠯ ᠨᠢᠭᠡ ᠤᠳᠠᠭ᠎ᠠ ᠡᠷᠬᠢᠯᠡᠳᠡᠭ ᠪᠦᠭᠡᠳ ᠵᠠᠪᠠᠯ ᠶᠠᠮᠤᠨ ᠬᠤᠲᠠ ᠶᠢᠨ ᠲᠤᠭᠲᠠᠭᠰᠠᠨ ᠭᠠᠵᠠᠷ ᠲᠤ ᠬᠢᠳᠡᠭ᠃ ᠢᠡᠭᠭᠢᠬᠦ ᠳᠡᠭᠡᠨ ᠠᠯᠠᠱᠠ ᠶᠢᠨ ᠨᠠᠢᠮᠠᠨ ᠰᠤᠮᠤ ᠵᠠᠬᠢᠷᠭ᠎ᠠ ᠶᠢ ᠵᠡᠭᠦᠨ ᠳᠦᠷᠪᠡ᠂ ᠪᠠᠷᠠᠭᠤᠨ ᠲᠦᠷᠪᠡ ᠭᠡᠵᠤ ᠬᠤᠪᠢᠶᠠᠭᠠᠳ᠂ ᠪᠠᠷᠠᠭᠤᠨ ᠳᠦᠷᠪᠡᠨ ᠰᠤᠮᠤ ᠶᠢ ᠨᠤᠶᠠᠨ ᠰᠤᠮᠤ᠂ ᠵᠡᠭᠦᠨ ᠳᠦᠷᠪᠡᠨ ᠰᠦᠮ᠎ᠡ ᠶᠢ ᠬᠠᠲᠤᠨ ᠰᠤᠮᠤ ᠭᠡᠵᠤ ᠨᠡᠷᠡᠯᠡᠨ ᠬᠤᠭᠤᠷᠤ ᠬᠤᠭᠤᠷᠤᠨᠳᠤ ᠪᠠᠨ ᠮᠦᠷᠦ᠋ᠢᠴᠡᠭᠡᠨ ᠲᠠᠯᠪᠢᠨ ᠦᠷᠡᠰ ᠨᠠᠭᠠᠳᠤᠮ ᠳᠤ ᠪᠡᠯᠡᠳᠬᠡᠳᠡᠭ ᠪᠠᠶᠢᠪᠠ᠃ ᠶᠡᠭᠡ ᠦᠷᠡᠰ ᠪᠤᠯᠬᠤ ᠠᠴᠠ ᠡᠮᠤᠨ᠎ᠡ ᠰᠤᠮᠤᠨ ᠵᠠᠩᠭᠢ ᠬᠠᠷᠢᠭᠤᠴᠠᠨ ᠡᠷ᠎ᠡ ᠶᠢᠨ ᠭᠤᠷᠪᠠᠨ ᠨᠠᠭᠠᠳᠤᠮ ᠤᠨ ᠪᠡᠯᠡᠳᠬᠡᠯ ᠰᠤᠷᠢᠯᠳᠠ ᠶᠢ ᠵᠠᠪᠠᠯ ᠨᠢᠭᠡ ᠰᠠᠷ᠎ᠠ ᠬᠢᠭᠰᠡᠨ ᠰᠠᠭᠤᠷᠢᠨ ᠳᠡᠭᠡᠷ᠎ᠡ ᠰᠠᠶᠢ ᠬᠢᠳᠡᠭ ᠪᠠᠶᠢᠵᠡᠢ᠃ ᠡᠨᠡ ᠨᠢ ᠲᠡᠭᠦᠨ ᠤ ᠥᠯᠠᠨ ᠲᠦᠮᠡᠨᠴᠢ ᠴᠢᠨᠠᠷ ᠢ ᠬᠠᠷᠠᠭᠤᠯᠵᠤ ᠪᠠᠶᠢᠭ᠎ᠠ ᠶᠤᠮ᠃ ᠦᠨᠡᠨ ᠳᠡᠭᠡᠨ ᠵᠢᠯ ᠪᠦᠷᠢ ᠶᠢᠨ ᠭᠠᠵᠠᠷ ᠪᠦᠬᠦᠨ ᠳᠤ ᠡᠷᠬᠢᠯᠡᠭᠰᠡᠨ ᠪᠠᠭ᠎ᠠ ᠦᠷᠡᠰ ᠮᠥᠨ ᠴᠤ ᠶᠡᠭᠡ ᠦᠷᠡᠰ ᠤᠨ ᠪᠡᠯᠡᠳᠬᠡᠯ ᠪᠤᠯᠳᠠᠭ ᠪᠠᠶᠢᠨ᠎ᠠ᠃ ᠡᠶᠢᠮᠤ ᠳᠡᠭᠡᠨ ︽ᠡᠭᠦᠯᠡ ᠲᠠᠲᠠᠨ ᠭᠦᠶᠦᠭᠴᠢ︾ ᠭᠡᠳᠡᠭ ᠠᠷᠭᠤᠮᠠᠭ ᠠᠭᠲᠠ ᠲᠠᠢ ᠵᠠᠯᠠᠭᠤ ᠶᠢᠨ ᠳᠠᠭᠤᠤ ᠳᠤ ︽ᠥᠲᠡᠯᠡᠶ᠎ᠡ ᠭᠡᠰᠡᠨ ᠭᠠᠵᠠᠷ ᠨᠢ ᠦᠷᠡᠰ ᠨᠠᠶᠢᠷ ᠤᠨ ᠳᠡᠨᠵᠢᠨ ᠲᠠᠢ ᠁︾ ᠭᠡᠵᠤ ᠳᠠᠭᠤᠯᠠᠳᠠᠭ ᠨᠢ ᠠᠯᠠᠱᠠᠠ ᠨᠤᠳᠤᠭ ᠲᠤ ᠪᠠᠭ᠎ᠠ ᠬᠡᠮᠵᠢᠶᠡᠨ ᠤ ᠦᠷᠡᠰ ᠨᠠᠭᠠᠳᠤᠮ  ᠢ ᠭᠠᠵᠠᠷ ᠪᠦᠬᠦᠨ ᠳᠤ ᠦᠷᠭᠡᠨ ᠳᠡᠯᠭᠡᠷ ᠬᠢᠳᠡᠭ ᠭᠡᠰᠡᠨ ᠢ ᠡᠳᠡᠭᠡᠷ ᠠᠴᠠ ᠮᠠᠳᠡᠵᠤ ᠪᠤᠯᠬᠤ ᠶᠤᠮ᠃ ᠴᠢᠯᠤᠭᠡᠯᠡᠭᠲᠡᠭᠰᠡᠨ ᠤ ᠲᠠᠷᠠᠭ᠎ᠠ᠂ ᠠᠯᠠᠱᠠ ᠶᠢᠨ ᠦᠷᠡᠰ ᠨᠠᠭᠠᠳᠤᠮ ᠪᠡᠶ᠎ᠡ ᠶᠢᠨ ᠲᠠᠮᠢᠷ ᠤᠨ ᠬᠦᠳᠡᠯᠭᠡᠭᠡᠨ ᠤ ᠠᠭᠤᠯᠭ᠎ᠠ ᠬᠡᠯᠪᠡᠷᠢ ᠪᠠᠷ ᠤᠯᠠᠮ ᠪᠠᠶᠠᠯᠢᠭᠵᠢᠨ ᠦᠷᠭᠡᠳᠴᠤ᠂ ᠠᠶᠢᠮᠠᠭ ᠬᠤᠰᠢᠭᠤ ᠰᠤᠮᠤ ᠭᠠᠴᠠᠭ᠎ᠠ ᠠᠴᠠ ᠡᠬᠢᠯᠡᠭᠡᠳ ᠬᠤᠪᠢ ᠬᠦᠮᠥᠨ ᠬᠦᠷᠲᠡᠯ᠎ᠡ ᠡᠷᠬᠢᠯᠡᠵᠤ᠂ ᠰᠤᠶᠤᠯ ᠬᠦᠮᠦᠵᠢᠯ᠂ ᠪᠡᠶ᠎ᠡ ᠎ ᠶᠢᠨ ᠲᠠᠮᠢᠷ᠂ ᠮᠠᠶᠢᠮᠠᠢ ᠠᠷᠠᠯᠵᠢᠶ᠎ᠠ ᠵᠡᠷᠭᠡ ᠶᠢ ᠬᠠᠮᠤᠷᠤᠭᠰᠠᠨ ᠰᠢᠨ᠎ᠠ ᠬᠡᠯᠪᠡᠷᠢ ᠪᠤᠯᠤᠭᠰᠠᠨ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号