ᠠᠯᠠᠱᠠ ᠦᠷᠡᠰ ᠨᠠᠶᠢᠷ ᠤᠨ ᠲᠤᠬᠠᠢ
ᠨᠡᠶᠢᠲᠡᠯᠡᠭᠰᠡᠨ ᠴᠠᠭ᠄
2019/12/11
ᠠᠯᠠᠱᠠ ᠬᠤᠱᠤᠳ ᠮᠤᠩᠭᠤᠯᠴᠤᠳ  ᠬᠤᠰᠢᠭᠤᠨ ᠤ ᠶᠡᠭᠡ ᠨᠠᠶᠢᠷ ᠨᠠᠭᠠᠳᠤᠮ ᠢᠶᠠᠨ ︽ᠦᠷᠡᠰ ᠨᠠᠶᠢᠷ︾ ᠬᠡᠵᠦ ᠨᠡᠷᠡᠶᠢᠳᠦᠭᠰᠡᠬᠡᠷ ᠢᠷᠡᠭᠰᠡᠨ ᠪᠠᠶᠢᠨ᠎ᠠ᠃ ︽ᠦᠷᠡᠰ ᠨᠠᠶᠢᠷ︾ ᠬᠡᠳᠡᠭ ᠨᠢ ᠬᠡᠷᠡᠭ ᠲᠡᠬᠡᠷ᠎ᠡ ᠪᠠᠨ ᠴᠢᠩᠬᠢᠰ ᠤᠨ ᠦᠷᠡᠰ ᠤᠨ ᠲᠦᠷᠦ ᠶᠢᠨ ᠨᠠᠶᠢᠷ ᠬᠡᠰᠡᠨ ᠤᠳᠬ᠎ᠠ ᠲᠠᠢ ᠶᠤᠮ᠃ ᠡᠨᠡᠬᠦ ᠦᠪᠡᠳᠡᠭᠰᠢ ᠶᠡᠭᠡ ︽ᠦᠷᠡᠰ ᠨᠠᠶᠢᠷ︾᠎ ᠢ ᠡᠩ ᠤᠨ ᠨᠠᠭᠠᠳᠤᠮ ᠤᠨ ᠬᠤᠷᠡᠯ ᠰᠢᠬ ᠦᠷᠬᠦᠯᠵᠢ ᠬᠢᠳᠡᠭ ᠪᠢᠰᠢ᠂ ᠸᠡᠩ ᠨᠤᠶᠠᠳ ᠤᠨ ᠪᠤᠶᠤ ᠬᠤᠰᠢᠭᠤᠨ ᠤ ᠲᠤᠮᠤ ᠶᠡᠭᠡ ᠬᠡᠷᠡᠭ ᠤᠴᠢᠷ ᠢ ᠲᠤᠷᠠᠰᠬᠠᠨ ᠲᠡᠮᠳᠡᠭᠯᠡᠨ ᠬᠢᠳᠡᠭ ᠪᠠᠶᠢᠵᠡᠢ᠃ ᠵᠢᠱᠢᠶᠡᠯᠠᠪᠡᠯ᠂ ᠠᠯᠠᠱᠠ ᠶᠢᠨ ᠭᠤᠷᠪᠡᠳᠤᠭᠠᠷ ᠦᠶ᠎ᠡ ᠶᠢᠨ ᠨᠤᠶᠠᠨ ᠯᠤᠪᠰᠠᠩᠳᠤᠷᠵᠢ ᠴᠢᠨ ᠸᠡᠩ ᠤᠨ ᠰᠠᠭᠤᠷᠢᠨ ᠳᠤ ᠰᠠᠭᠤᠵᠦ᠂ ᠲᠦᠷᠦ ᠶᠢᠨ ᠬᠡᠬᠡ ᠯᠦᠭᠡ ᠤᠷᠤᠬ ᠬᠤᠯᠪᠤᠵᠦ ᠲᠦᠷᠦ ᠶᠢᠨ ᠡᠹᠦ᠋ ᠪᠤᠯᠤᠬᠰᠠᠨ ᠬᠦᠨᠳᠦᠳᠦ ᠲᠤᠰᠢᠶᠠᠯ ᠬᠡᠷᠬᠡᠮ ᠴᠤᠯᠠ ᠤᠯᠤᠬᠰᠠᠨ ᠢ ᠲᠤᠷᠠᠰᠬᠠᠨ ᠲᠡᠮᠳᠡᠭᠯᠡᠵᠦ 1766 ᠤᠨ ᠳᠤ ᠦᠷᠡᠰ ᠤᠨ ᠨᠠᠶᠢᠷ ᠬᠢᠵᠠᠢ᠃ ᠲᠤᠰ ᠨᠠᠶᠢᠷ ᠢ ᠠᠯᠠᠱᠠ ᠬᠤᠰᠢᠭᠤᠨ ᠤ ᠦᠯᠵᠡᠶᠢᠳᠦ ᠮᠦᠷᠡᠨ ᠤ ᠡᠬᠢᠨ ᠳᠤ ᠬᠢᠭᠰᠡᠨ ᠪᠦᠬᠡᠳ ᠵᠠᠭᠤᠨ ᠴᠠᠭᠠᠨ ᠦᠷᠭᠦᠬᠡ ᠪᠠᠶᠢᠭᠤᠯᠵᠦ᠂ ᠲᠦᠮᠠᠨ ᠬᠦᠮᠦᠨ ᠴᠤᠬᠯᠠᠷᠠᠯ᠎ᠠ ᠬᠡᠵᠦ ᠲᠡᠤᠬᠡᠨ ᠳᠤ ᠲᠡᠮᠳᠡᠭᠯᠡᠵᠦ ᠪᠤᠢ᠃ ᠤᠢᠢᠷ᠎ᠠ ᠦᠶ᠎ᠠ ᠶᠢᠨ ᠪᠠᠶᠢᠳᠠᠯ ᠢ ᠬᠡᠯᠡᠪᠡᠯ᠂ ᠲᠡᠬᠡᠷ᠎ᠠ ᠵᠠᠭᠤᠨ ᠤ ᠭᠤᠴᠢᠭᠠᠳ ᠤᠨ ᠤ ᠦᠶ᠎ᠡ ᠳᠤ ᠳ᠋ᠠᠨᠢᠵᠠᠨ᠎ᠠ ᠴᠢᠨ ᠸᠡᠩ ᠤᠨ ᠰᠠᠭᠤᠷᠢᠨ ᠢ ᠵᠠᠯᠭᠠᠮᠵᠢᠯᠠᠬᠰᠠᠨ ᠤ ᠬᠠᠮᠳᠦ ᠤᠷᠤᠨ ᠨᠤᠳᠤᠬ ᠤᠨ ᠠᠮᠤᠷ ᠢ ᠬᠠᠮᠠᠭᠠᠯᠠᠬᠤ ᠰᠧᠯᠢᠩ ᠤᠨ ᠲᠤᠰᠢᠶᠠᠯ ᠬᠠᠷᠢᠭᠤᠴᠠᠬᠰᠠᠨ ᠤ ᠲᠠᠷᠠᠭ᠎ᠠ᠂ 1937 ᠤᠨ ᠤ 7 ᠰᠠᠷ᠎ᠠ ᠳᠤ ᠮᠦᠨ ᠦᠯᠵᠡᠶᠢᠳᠦ ᠮᠦᠷᠡᠨ ᠤ ᠦᠷᠡᠰ ᠤᠨ ᠲᠠᠯᠠᠪᠠᠢ ᠳᠤ ᠲᠦᠮᠡᠨ ᠬᠦᠮᠦᠨ ᠴᠤᠬᠯᠠᠷᠠᠬᠰᠠᠨ ᠦᠪᠡᠳᠡᠭᠰᠢ ᠶᠡᠭᠡ ᠦᠷᠡᠰ ᠨᠠᠶᠢᠷ ᠬᠢᠵᠠᠢ᠃ ᠮᠤᠩᠭᠤᠯᠴᠤᠳ ᠤᠨ ᠡᠷ᠎ᠠ ᠶᠢᠨ ᠭᠤᠷᠪᠡᠨ ᠨᠠᠭᠠᠳᠤᠮ ᠤᠨ ᠮᠦᠷᠦ᠋ᠢᠴᠡᠯᠬᠡ ᠪᠠᠷ ᠭᠤᠤᠯ ᠠᠭᠤᠯᠭ᠎ᠠ ᠪᠤᠯᠭᠠᠬᠰᠠᠨ ᠠᠯᠠᠱᠠ ᠦᠷᠡᠰ ᠨᠠᠶᠢᠷ ᠨᠢ ᠤᠯᠠᠮᠵᠢᠯᠠᠬᠳᠠᠨ ᠬᠦᠭᠵᠢᠭᠰᠡᠭᠡᠷ ᠦᠷᠬᠡᠨ ᠤᠯᠠᠨ ᠮᠠᠯᠴᠢᠨ ᠲᠦᠮᠠᠨ ᠤ ᠦᠷᠨᠢᠯᠳᠦ ᠨᠠᠶᠢᠷ ᠪᠤᠯᠵᠠᠢ᠃ ᠢᠯᠠᠩᠭᠤᠶ᠎ᠠ ᠠᠯᠠᠱᠠ ᠬᠤᠱᠤᠳ ᠬᠤᠰᠢᠭᠤ ᠨᠠᠶᠢᠷᠠᠮᠳᠠᠯ ᠢᠶᠠᠷ ᠴᠢᠯᠦᠬᠡᠯᠡᠭᠳᠡᠭᠰᠡᠨ ︵1949 ᠤᠨ︶᠎ ᠤ ᠲᠠᠷᠠᠭ᠎ᠠ ᠠᠯᠠᠱᠠ ᠬᠤᠰᠢᠭᠤᠨ ᠤ ᠮᠤᠩᠭᠤᠯ ᠤᠨ ᠦᠪᠡᠷᠳᠡᠬᠡᠨ ᠵᠠᠰᠠᠬᠤ ᠠᠷᠠᠳ ᠤᠨ ᠵᠠᠰᠠᠬ ᠤᠨ ᠤᠷᠳᠤᠨ ᠪᠠᠶᠢᠭᠤᠯᠤᠬᠳᠠᠬᠰᠠᠨ ᠪᠡ ᠳ᠋ᠠᠨᠢᠵᠠᠨ᠎ᠠ ᠠᠷᠠᠳ ᠤᠨ ᠵᠠᠰᠠᠬ ᠤᠨ ᠤᠷᠳᠤᠨ ᠤ ᠲᠡᠷᠢᠭᠦᠯᠡᠭᠴᠢ᠂ ᠯᠦᠸᠧ ᠪᠠᠳᠦᠮᠦ᠋ᠡᠭᠬᠡ ᠳᠡᠳ᠋ ᠲᠡᠷᠢᠭᠦᠯᠡᠭᠴᠢ ᠪᠤᠯᠤᠬᠰᠠᠨ ᠵᠡᠷᠬᠡ ᠲᠦᠷᠦ ᠶᠢᠨ ᠶᠡᠭᠡ ᠪᠠᠶᠡᠷ ᠢ ᠪᠡᠯᠬᠡᠯᠡᠵᠦ 1952 ᠤᠨ ᠤ ᠨᠠᠮᠤᠷ ᠲᠦᠮᠠ ᠬᠤᠶᠠᠷ ᠮᠢᠩᠭᠠᠨ ᠬᠦᠮᠦᠨ ᠤ ᠴᠤᠬᠯᠠᠭᠠᠨ ᠪᠤᠯᠵᠦ᠂ ᠠᠯᠠᠱᠠ ᠬᠤᠱᠤᠳ ᠬᠤᠰᠢᠭᠤᠨ ᠤ ᠨᠠᠭᠠᠳᠤᠮ ᠤᠨ ᠶᠡᠭᠡ ᠬᠤᠷᠡᠯ ᠬᠢᠭᠰᠡᠨ ᠪᠢᠯᠠ᠃ ᠡᠨᠡ ᠦᠶ᠎ᠡ ᠠᠴᠠ ᠡᠬᠢᠯᠡᠵᠦ ︽ᠦᠷᠡᠰ ᠨᠠᠶᠢᠷ︾᠎ ᠢ ︽ᠨᠠᠭᠠᠳᠤᠮ ᠤᠨ ᠶᠡᠭᠡ ᠬᠤᠷᠡᠯ︾ ᠬᠡᠵᠦ ᠨᠡᠷᠡᠶᠢᠳᠬᠦ ᠪᠤᠯᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号