| ᠴᠠᠭᠠᠨ ᠤ ᠪᠠᠶᠠᠷ ᠪᠣᠯ ᠨᠡᠶᠢᠳᠠ ᠮᠣᠩᠭᠤᠯᠴᠣᠳ ᠤᠨ ᠬᠠᠭᠤᠴᠢᠨ ᠵᠢᠯ ᠵᠶ᠋ᠡᠨᠦᠳᠠᠨ ᠮᠣᠷᠳᠠᠭᠤᠯᠵᠥ ᠰᠢᠨ᠎ᠠ ᠵᠢᠯ | ᠢᠶᠠᠨ ᠣᠭᠳᠣᠨ ᠢᠷᠡᠭᠦᠯᠦᠭᠰᠠᠨ ᠪᠠᠶᠠᠷ ᠮᠦᠨ᠂ ᠮᠦᠠᠴᠤ ᠦᠢᠷᠡᠳ ᠮᠣᠩᠭᠤᠯ ᠤᠨ ᠵᠣᠯᠨ ᠪᠠᠶᠠᠷ᠂ ᠴᠠᠭᠠᠨ ᠤ ᠪᠠᠶᠠᠷ᠂ | ᠮᠠᠶᠢᠳᠠᠷ ᠤᠨ ᠪᠠᠶᠠᠷ ᠵᠡᠷᠭᠡ ᠭᠤᠷᠪᠠᠨ ᠪᠠᠶᠠᠷ ᠤᠨ ᠨᠢᠭᠡᠨ ᠪᠣᠯᠣᠨ᠎ᠠ᠃ ᠮᠣᠩᠭᠤᠯᠴᠣᠳᠰᠢᠨᠠ ᠵᠢᠯ ᠤᠨ ᠴᠠᠭᠠᠨ ᠤ | ᠪᠠᠶᠠᠷ ᠢ ᠦᠯᠵᠡᠢ ᠲᠡᠮᠪᠡᠷᠡᠯ ᠲᠠᠢ᠂ ᠣᠳᠬ᠎ᠠ ᠠᠭᠤᠯᠭ᠎ᠠ ᠲᠠᠢ ᠮᠦᠷᠳᠡᠭᠡᠨ ᠦᠪᠡᠷᠮᠢᠴᠨ ᠣᠠᠴᠠᠯᠢᠭ ᠲᠠᠢ ᠪᠠᠷ | ᠦᠩᠭᠡᠷᠡᠭᠦᠯᠵᠥ᠂ ᠡᠯᠢᠭᠡᠨ ᠰᠠᠳᠣᠨ ᠲᠦᠷᠦᠯ ᠲᠦᠷᠦᠭᠰᠠᠳ ᠲᠡᠭᠡᠨ ᠰᠢᠨ᠎ᠠ ᠵᠢᠯ ᠣᠨᠮᠠᠠᠳᠠᠭᠦᠴᠢᠯ ᠲᠠᠪᠰᠢᠭᠦᠯᠵᠥ | ᠴᠠᠭᠠᠯᠠᠳᠠᠭ ᠵᠠᠩᠰᠢᠯ ᠲᠠᠢ ᠶᠣᠮ᠃ | ᠨᠢᠭᠡ᠂ ᠴᠠᠭᠠᠨ ᠤ ᠡᠮᠣᠨᠡᠭᠢ ᠪᠡᠯᠡᠳᠭᠡᠯ ᠠᠵᠢᠯ ᠴᠠᠭᠠᠨ ᠤ ᠪᠠᠶᠠᠷ ᠪᠣᠯ ᠵᠢᠯ ᠤᠨ ᠡᠭᠢᠨ ᠤ ᠶᠡᠭᠡ ᠪᠠᠶᠠᠷ ᠪᠣᠯᠬᠤᠷ | ᠡᠯᠪᠡᠭ ᠲᠡᠯᠪᠡᠭ ᠡᠩᠭᠡ ᠰᠠᠶᠢᠬᠠᠨ ᠦᠩᠭᠡᠷᠡᠭᠦᠯᠪᠠᠯ ᠢᠷᠡᠭᠦ ᠵᠢᠯ ᠳᠡᠭᠡᠨ ᠡᠪᠡᠳᠴᠢᠨ ᠭᠡᠮ ᠦᠭᠡᠢ ᠠᠷᠢᠭᠤᠨ ᠴᠡᠪᠡᠷ | ᠪᠠᠶᠢᠵᠥ᠂ ᠭᠡᠰᠢᠭ ᠪᠣᠶᠠᠨ ᠢᠷᠡᠵᠥ ᠭᠢᠢᠮᠣᠷᠢ ᠲᠡᠯᠡᠰᠭᠦ ᠶᠢ ᠪᠡᠯᠭᠡᠰᠢᠶᠠᠵᠥ᠂ ᠠᠯᠢ ᠣᠯᠠᠨ ᠵᠡᠩ ᠦᠢᠯᠨ ᠶᠢ ᠰᠠᠶᠢᠬᠠᠨ | ᠭᠦᠢᠴᠠᠳᠭᠡᠳᠡᠭ᠃ ᠴᠠᠭᠠᠨ ᠤ ᠡᠮᠣᠨ᠎ᠠ ᠶᠡᠭᠡ ᠡᠷᠳᠠ ᠠᠴᠠ ᠠᠪᠣᠭᠠᠳ ᠭᠭᠢᠷᠨᠣᠭᠤᠳ ᠢᠶᠠᠨ ᠣᠭᠢᠶᠠᠵᠥ᠂ ᠡᠭᠦᠳᠠᠨ | ᠲᠡᠷᠽᠠ ᠪᠠᠨ ᠠᠷᠴᠢᠨ ᠭᠡᠷ ᠤᠨ ᠰᠠᠭᠰᠠᠷᠭᠠ ᠪᠣᠭ ᠢ ᠱᠦᠷᠭᠦᠨ ᠠᠷᠢᠯᠭᠠᠵᠥ᠂ ᠬᠤᠷᠢᠶ᠎ᠠ ᠱᠦᠭ ᠢ ᠴᠡᠪᠡᠷᠯᠡᠨ ᠲᠢᠭᠯᠡᠵᠥ | ᠂ ᠬᠠᠶᠢᠰᠣᠨ ᠲᠣᠯᠭ᠎ᠠ ᠪᠠᠨ ᠠᠷᠴᠢᠨ ᠭᠢᠯᠢᠯᠭᠡᠭᠦ ᠮᠠᠳᠤ ᠶᠡᠭᠡ ᠨᠠᠷᠢᠯᠢᠭ ᠠᠷᠢᠭᠤᠨ ᠴᠡᠪᠡᠷ ᠤᠨ ᠠᠵᠢᠯ ᠭᠡᠳᠡᠭ︔ | ᠢᠩᠭᠡᠭᠦ ᠨᠢ ᠰᠢᠨ᠎ᠠ ᠵᠢᠯ ᠳᠤ ᠭᠭᠢᠷ ᠪᠣᠷᠳᠠᠭ ᠦᠭᠡᠢ ᠠᠷᠢᠭᠤᠨ ᠴᠠᠪᠠᠷ ᠪᠠᠶᠢᠪᠠᠯ ᠴᠡᠭᠡᠵᠢ ᠨᠢ ᠴᠡᠶᠢᠵᠥ᠂ ᠴᠡᠪᠡᠷᠭᠡᠨ | ᠠᠮᠢᠳᠣᠷᠠᠵᠥ ᠴᠢᠳᠠᠨ᠎ᠠ ᠭᠡᠳᠡᠭ ᠪᠡᠯᠭᠡᠰᠢᠶᠠᠳᠡᠭ᠃ ᠨᠢᠭᠡ ᠵᠢᠯ ᠤᠨ ᠣᠯᠣᠭᠰᠠᠨ ᠵᠦᠭᠡᠭᠰᠠᠨ ᠢᠶᠠᠨ ᠲᠦᠷᠦᠯ ᠰᠠᠳᠣᠨ | ᠨᠣᠳᠤᠭ ᠤᠨ ᠭᠦᠮᠦᠰ ᠲᠡᠭᠡᠨ ᠠᠮᠰᠠᠭᠤᠯᠵᠥ ᠢᠷᠡᠭᠦ ᠵᠢᠯ ᠤᠨ ᠦᠨᠢᠷ ᠪᠠᠶᠠᠨ ᠪᠣᠯᠬᠤ ᠶᠢ ᠪᠡᠯᠭᠡᠰᠢᠶᠡᠵᠥ ᠠᠷᠢᠭᠢ | ᠮᠢᠬ᠎ᠠ ᠂ ᠪᠡᠯᠡᠭ ᠲᠡᠮᠣᠰᠤ ᠪᠣᠯᠣᠨ ᠪᠣᠽᠨ ᠢᠰᠭᠡᠵᠥ ᠪᠡᠯᠡᠳᠭᠡᠳᠡᠭ᠃ ᠰᠢᠨ᠎ᠠ ᠱᠠᠬᠠᠢ ᠡᠮᠣᠰᠴᠤ ᠰᠢᠨ᠎ᠠ ᠵᠠᠮ ᠢᠶᠠᠷ | ᠶᠠᠪᠣᠵᠥ᠂ ᠰᠢᠨ᠎ᠠ ᠬᠤᠪᠴᠠᠰᠤ ᠡᠮᠣᠰᠴᠤ ᠰᠢᠨ᠎ᠠ ᠦᠢᠯᠠᠰ ᠪᠦᠳᠦᠭᠡᠭᠦ ᠭᠦᠰᠠᠯ ᠢᠶᠠᠷ ᠴᠠᠭᠠᠨ ᠳᠠᠭᠠᠨ ᠡᠮᠣᠰᠭᠦ ᠰᠢᠨ᠎ᠠ | ᠬᠤᠪᠴᠠᠰᠤ ᠬᠤᠨᠠᠷ ᠢᠶᠠᠨ ᠪᠡᠯᠡᠳᠭᠡᠳᠡᠭ᠃ ᠦᠭᠡᠴᠨ ᠠᠪᠣᠴᠨ ᠲᠠᠢ ᠦᠩᠭᠡ ᠭᠡᠷᠡᠯ ᠲᠠᠢ ᠶᠠᠪᠣᠬᠤ ᠶᠢ ᠪᠡᠯᠭᠡᠰᠢᠶᠠᠵᠥ | ᠡᠵᠢ ᠠᠪᠤ ᠡᠯᠢᠭᠡᠨ ᠰᠠᠳᠣᠨ ᠳᠠᠭᠠᠨ ᠲᠠᠳᠠᠬᠤ ᠠᠯᠴᠢᠭᠤᠷ ᠲᠠᠰᠣᠮ ᠡᠮᠣᠰᠭᠡᠯ ᠢᠶᠠᠨ ᠪᠡᠯᠡᠳᠭᠡᠳᠡᠭ᠃ ᠠᠶᠢᠮᠠᠭ | ᠣᠯᠠᠨ ᠳᠠᠭᠠᠨ ᠠᠶᠢᠯᠴᠢᠯᠠᠨ ᠵᠣᠯᠭᠤᠬᠤ ᠴᠠᠯᠪᠡᠭ᠂ ᠬᠤᠷᠣᠬᠠᠢ ᠪᠣᠭᠤᠷᠰᠤᠭ᠂ ᠮᠣᠰᠢᠭᠢᠮᠣᠷ᠂ ᠺᠠᠪᠵᠠᠢ ᠭᠡᠭᠦ ᠶᠢᠨ | ᠬᠠᠮᠳᠤ ᠲᠠᠪᠣᠨ ᠵᠦᠰᠣᠨ ᠮᠠᠯ ᠢ ᠲᠠᠭᠤᠷᠢᠶᠠᠯᠭᠠᠨ ᠭᠡᠵᠥ᠂ ᠲᠡᠭᠦᠨ ᠢᠶᠠᠷ ᠢᠶᠠᠨ ᠲᠡᠭᠡᠵᠢ ᠲᠠᠪᠢᠨ᠎ᠠ᠃ ᠪᠠᠰᠨ ᠭᠡᠶᠢᠴᠢ | ᠲᠣᠭᠠᠬᠤ ᠳᠤ ᠲᠦᠭᠦᠮ ᠢ ᠪᠣᠳᠣᠵᠥ ᠪᠡᠩᠰᠢ ᠪᠣᠣᠽᠢ ᠪᠣᠭᠤᠵᠥ ᠭᠦᠷᠭᠡᠭᠡᠵᠥ ᠪᠡᠯᠡᠳᠭᠡᠳᠡᠭ︔ ᠡᠭᠦᠨ ᠠᠴᠠ ᠭᠠᠳᠠᠨ᠎ᠠ | ᠪᠠᠰᠨ ᠢᠷᠡᠭᠦ ᠵᠢᠯ ᠳᠠᠭᠠᠨ ᠣᠯᠵᠨᠣᠷᠰᠢ ᠲᠠᠢ ᠪᠣᠯᠬᠤ ᠶᠢ ᠶᠣᠷᠯᠠᠵᠥ ᠦᠭᠡᠳᠠ ᠠᠮᠨ ᠲᠠᠢ ᠠᠶᠠᠭ᠎ᠠ ᠰᠠᠪᠠ | ᠬᠤᠳᠣᠯᠳᠣᠨ ᠠᠪᠳᠠᠭ᠃ | ᠬᠤᠶᠠᠷ᠂ ᠭᠤᠴᠢᠨ ᠤ ᠡᠳᠤᠷ ᠭᠤᠴᠢᠨ ᠪᠣᠯ ᠨᠢᠭᠡ ᠵᠢᠯ ᠤᠨ ᠬᠠᠮᠤᠭ ᠤᠨ ᠡᠴᠤᠰ ᠤᠨ ᠡᠳᠤᠷ ᠪᠣᠯᠣᠨ᠎ᠠ᠃ ᠡᠨ᠋ᠨ | ᠡᠳᠤᠷ ᠦᠷᠯᠦᠭᠡ ᠡᠷᠳᠠ ᠪᠣᠰᠴᠦ ᠪᠣᠷᠬᠠᠨ ᠳᠠᠭᠠᠨ ᠲᠡᠭᠡᠵᠢ ᠲᠠᠪᠢᠵᠥ᠂ ᠲᠡᠭᠢᠯ ᠵᠣᠯᠨᠡᠷᠭᠦᠵᠥ᠂ ᠰᠠᠩ ᠭᠦᠵᠢ ᠪᠠᠨ | ᠣᠮᠠᠯᠭᠠᠳᠠᠭ᠃ ᠭᠤᠴᠢᠨ ᠤ ᠡᠳᠤᠷ ᠠᠪᠤ ᠡᠵᠢ᠂ ᠯᠠᠮᠨ ᠭᠡᠩᠭᠡᠢ᠂ ᠠᠬᠠᠮᠠᠳ ᠨᠠᠰᠣᠳᠠᠨ ᠪᠣᠯᠣᠨᠰᠦ᠋ᠮᠠ ᠳᠤ | ᠣᠷᠢᠳᠴᠢᠯᠠᠨ ᠴᠠᠭᠠᠨ ᠭᠦᠷᠭᠡᠳᠡᠭ᠃ ᠣᠷᠣᠢ ᠨᠢ ᠬᠠᠯᠠᠭᠤᠨ ᠠᠮᠨᠪᠦ᠋ᠯᠢ ᠪᠠᠷ ᠢᠶᠠᠨ ᠴᠣᠭᠯᠠᠷᠠᠵᠥ᠂ ᠪᠣᠷᠣ ᠰᠢᠬᠦᠰᠦ | ᠴᠢᠨᠠᠵᠤ᠂ ᠭᠠᠯ ᠳᠠᠭᠠᠨ ᠡᠷᠭᠦᠵᠥ᠂ ︽ᠬᠠᠭᠠᠨ ᠠᠪᠤ ᠶᠢᠨ ᠴᠡᠭᠢᠵᠥ ᠬᠤᠨᠣᠭᠰᠠᠨ ᠭᠠᠯ ᠭᠤᠯᠣᠮᠳᠠ᠂ ᠬᠠᠳᠣᠨ ᠡᠵᠢ | ᠶᠢᠨ ᠦᠯᠢᠶᠠᠵᠥ ᠬᠤᠨᠣᠭᠰᠠᠨ ᠭᠠᠯ ᠭᠤᠯᠣᠮᠳᠠ᠂ ᠦᠷᠦᠭᠡ ᠪᠠᠷ ᠦᠰᠦᠨ ᠭᠤᠭᠤᠵᠢᠵᠥ᠂ ᠲᠣᠳᠣᠭᠤ ᠪᠠᠷ ᠲᠣᠰᠣᠨ | ᠭᠤᠭᠤᠵᠢᠵᠥ ᠦᠣᠷ ᠲᠣᠮᠳᠠ ᠠᠴᠠ ᠦᠭᠡᠭᠦ ᠲᠣᠰᠣ ᠪᠠᠷ ᠪᠣᠴᠠᠯᠳᠣᠭᠠᠢ︾ ᠭᠡᠵᠥ ᠢᠷᠦᠭᠡᠭᠦ ᠶᠢᠨ ᠬᠠᠮᠳᠤ ᠪᠠᠰᠨ ︽ | ᠠᠪᠤ ᠡᠵᠢ ᠶᠢᠨ ᠵᠢᠶᠠᠭᠠᠨ ᠰᠠᠭᠢᠭᠤᠯᠰᠣᠨ ᠮᠢᠨᠢ᠂ ᠠᠨᠢᠭᠰᠠᠨ ᠢᠶᠠᠨ ᠬᠠᠯᠢᠶᠠᠵᠥ ᠠᠳᠬᠤᠭᠰᠠᠨ ᠢᠶᠠᠨ ᠲᠠᠯᠪᠢᠭᠳᠣᠨ᠂ | ᠨᠠᠭᠠᠷᠣ ᠪᠠᠨ ᠬᠠᠯᠢᠶᠠᠵᠥ ᠦᠷ᠎ᠡ ᠰᠠᠳᠣᠨ ᠠᠴᠢ ᠵᠢᠴᠢ ᠳᠡᠭᠡᠨ ᠭᠡᠰᠢᠭ ᠪᠣᠶᠠᠨ ᠢᠶᠠᠨ ᠬᠠᠶᠢᠷᠡᠯᠡᠵᠥ᠂ ᠴᠠᠭᠠᠷᠣ ᠪᠠᠨ | ᠬᠠᠯᠢᠶᠠᠵᠥ ᠪᠣᠷᠬᠠᠨ ᠤ ᠬᠤᠳᠤᠭ ᠲᠤ ᠲᠦᠷᠦᠭᠳᠣᠨ︾ ᠭᠡᠵᠥ ᠢᠷᠦᠭᠡᠵᠥ ᠪᠣᠷᠬᠠᠨ ᠳᠠᠭᠠᠨ ᠲᠡᠭᠡᠵᠢ ᠲᠠᠪᠢᠭᠰᠠᠨ ᠤ | ᠲᠠᠷᠠᠭ᠎ᠠ ᠲᠡᠭᠡᠭᠡᠳ ᠰᠠᠶ᠋ᠭᠠᠷ ᠭᠦᠷᠴᠤ ᠢᠳᠡᠨ᠎ᠡ᠃ ᠴᠢᠮᠡᠭᠡ ᠶᠢ ᠨᠢ ᠴᠣᠭᠢᠵᠥ ᠭᠡᠣᠭᠡᠳ ᠲᠡᠭᠡᠨ ᠢᠳᠡᠭᠦᠯᠵᠥ᠂ ᠶᠠᠰᠤ | ᠶᠢ ᠨᠢ ᠨᠣᠬᠠᠷ ᠳᠠᠭᠠᠨ ᠢᠳᠡᠭᠦᠯᠦᠨ᠎ᠡ᠃ ︽ᠭᠤᠴᠢᠨᠠᠰᠬᠤᠨᠪᠢᠳᠡᠭᠦᠦ ᠬᠤᠭᠤᠯᠨ ᠢᠳᠠᠪᠠᠯ ᠪᠣᠳᠣᠭᠰᠠᠨ ᠭᠡᠷᠡᠭ | ᠪᠦᠳᠦᠮᠵᠢ ᠲᠠᠢ ᠪᠣᠯᠣᠨ᠎ᠠ︾ ᠭᠡᠵᠥ ᠪᠠᠩᠰᠢ ᠪᠣᠭᠤᠵᠥ ᠢᠳᠡᠳᠡᠭ᠃ ᠪᠠᠩᠰᠢ ᠪᠣᠭᠤᠬᠤ ᠳᠠᠭᠠᠨ ᠪᠠᠩᠰᠢ ᠶᠢᠨ ᠢᠶᠠᠨ | ᠵᠠᠷᠢᠮ ᠳᠤ ᠨᠢ ᠶᠠᠷᠴᠠᠨ ᠮᠦᠩᠭᠦ᠂ ᠰᠢᠭᠡᠷ᠂ ᠴᠢᠪᠠᠭ᠎ᠠ᠂ ᠲᠠᠪᠣᠰᠣ ᠵᠡᠷᠭᠡ ᠶᠢ ᠪᠣᠭᠤᠵᠥ᠂ ᠡᠳᠡᠭᠡᠷ ᠪᠡᠩᠰᠢ ᠠᠴᠠ | ᠣᠯᠵᠥ ᠢᠳᠡᠪᠠᠯ ᠢᠷᠡᠭᠦ ᠵᠢᠯ ᠳᠠᠭᠠᠨ ᠪᠣᠶᠠᠨ ᠬᠡᠰᠢᠭ ᠢᠷᠡᠨ᠎ᠡ ᠭᠡᠵᠥ ᠪᠡᠯᠭᠡᠰᠢᠶᠠᠳᠡᠭ᠃ ︽ᠡᠨ᠋ᠨ ᠣᠷᠣᠢ ᠱᠣᠯᠣᠮ | ᠪᠣᠷᠬᠠᠨ ᠬᠤᠶᠠᠷ ᠬᠠᠮᠳᠤ ᠢᠷᠡᠵᠥ ᠵᠢᠩ ᠲᠡᠷᠣᠳᠠᠭ ᠦᠭᠡᠢ ᠭᠦᠩᠭᠡᠨ ᠢ ᠨᠢ ᠠᠪᠣᠭᠠᠳ ᠶᠠᠪᠣᠨ᠎ᠠ ᠭᠡᠳᠡᠭ ᠲᠣᠮᠤᠭ ᠢᠶᠠᠷ | ᠭᠡᠣᠭᠡᠳ ᠢ ᠠᠶᠣᠯᠭᠠᠵᠥ᠂ ᠲᠠᠳᠠᠨ ᠢ ᠴᠡᠳᠳᠠᠯ᠎ᠠ ᠢᠳᠠᠭᠦᠯᠵᠥ᠂ ᠦᠢᠯ ᠢ ᠨᠢ ᠲᠠᠷᠣᠳᠠᠭ᠃ | ᠭᠤᠷᠪᠠ᠂ ᠴᠠᠭᠠᠯᠠᠬᠤ ᠵᠡᠩ ᠦᠢᠯᠨ | 1᠂ ᠲᠡᠮᠪᠡᠷᠡᠯ ᠳᠤ ᠮᠦᠷᠭᠦᠭᠦ ᠨᠠᠷᠨ ᠭᠠᠷᠬᠤ ᠠᠴᠠ ᠣᠷᠢᠳᠠ ᠦᠰᠦ ᠲᠠᠢ ᠴᠡᠢ ᠪᠠᠨ ᠴᠠᠨᠠᠵᠥ ᠠᠪᠣᠭᠠᠳ ᠭᠠᠳᠠᠨ᠎ᠠ | ᠭᠠᠷᠴᠤ ᠲᠡᠮᠪᠡᠷᠡᠯ ᠳᠤ ᠮᠦᠷᠭᠦᠳᠡᠭ᠃ ︽ᠲᠠᠮᠪᠠᠷᠠᠯ ᠳᠤ ᠮᠦᠷᠭᠦᠨ᠎ᠡ︾ ᠭᠡᠵᠥ ᠠᠶᠢᠯ ᠬᠤᠰᠢᠶ᠎ᠠ ᠪᠠᠷ ᠢᠶᠠᠨ ᠭᠦᠷᠡᠯᠴᠠᠨ | ᠢᠷᠡᠵᠥ᠂ ᠦᠠᠳᠦᠷ ᠰᠢᠭ ᠴᠠᠪᠡᠷ ᠭᠠᠵᠠᠷ ᠲᠤ ᠭᠠᠷᠴᠤ ᠰᠢᠷᠳᠡᠭ ᠪᠠᠨ ᠲᠡᠪᠢᠰᠴᠤ᠂ ᠰᠢᠨ᠎ᠠ ᠴᠠᠨᠠᠭᠰᠠᠨ ᠦᠰᠦ ᠲᠠᠢ | ᠴᠠᠢ᠂ ᠣᠯᠠᠨ ᠵᠦᠢᠯ ᠣᠨᠪᠡᠯᠡᠭ ᠲᠡᠮᠣᠰᠣ᠂ ᠰᠠᠴᠣᠯᠢ ᠪᠠᠨ ᠠᠪᠴᠤ᠂ ᠰᠠᠩ ᠭᠦᠵᠢ ᠪᠠᠨ ᠣᠮᠠᠯᠭᠠᠨ᠂ ᠬᠠᠨ ᠭᠠᠵᠠᠷ | ᠣᠰᠣᠨ ᠳᠠᠭᠠᠨ ᠴᠠᠢ᠂ ᠪᠡᠯᠡᠭ ᠠᠴᠠ ᠲᠡᠭᠡᠵᠢ ᠪᠠᠨ ᠡᠷᠭᠦᠵᠥ᠄ ︽ᠬᠠᠨ ᠭᠠᠵᠠᠷ ᠣᠰᠣᠨ ᠮᠢᠨᠢ︕ ᠡᠭᠡᠯ | ᠪᠡᠶ᠎ᠡ ᠵᠢᠨᠡᠩᠭᠡ ᠠᠮᠣᠭᠤᠯᠠᠩ ᠢ ᠦᠷᠢᠰᠢᠶᠠᠵᠥ ᠬᠠᠶᠢᠷᠢᠯᠠᠭᠳᠣᠨ᠂ ᠡᠳ᠋ ᠮᠠᠯ ᠤᠨᠡᠯᠪᠡᠭ ᠪᠠᠶᠠᠨ ᠢ ᠠᠶᠢᠯᠠᠳᠬᠠᠵᠥ | ᠬᠠᠶᠢᠷᠢᠯᠠᠭᠳᠣᠨ᠂ᠦᠷ᠎ᠡ ᠭᠡᠣᠭᠡᠳ ᠢ ᠮᠢᠨᠢ ᠦᠷᠢᠰᠢᠶᠠᠵᠥ ᠬᠠᠶᠢᠷᠢᠯᠠᠭᠳᠣᠨ᠂ ᠭᠠᠢ ᠪᠠᠷᠴᠢᠳ ᠢ ᠠᠷᠢᠯᠭᠠᠵᠥ | ᠬᠠᠶᠢᠷᠢᠯᠠᠭᠳᠣᠨ᠂ ᠴᠦᠳ ᠬᠠᠶᠢᠷᠬᠠᠨ︕︾ ᠭᠡᠵᠥ ᠲᠦᠷᠪᠡᠨ ᠵᠦᠭ ᠲᠤ ᠪᠣᠯᠣᠨ ᠲᠡᠭᠡᠳᠤ ᠲᠡᠭᠷᠢ᠂ ᠲᠣᠣᠷᠡᠳᠤ | ᠭᠠᠵᠠᠷ ᠲᠤ ᠰᠠᠴᠣᠯᠢ ᠡᠷᠭᠦᠵᠥ᠂ ᠪᠦᠭᠦᠳᠡᠭᠡᠷ ᠢᠶᠠᠨ ᠮᠦᠷᠭᠦᠨ᠎ᠠ᠃ ᠡᠨ᠋ᠨ ᠨᠢ ᠰᠠᠭᠢᠭᠤᠯᠰᠣᠨ ᠭᠦᠴᠦᠳᠠᠨ ᠤ | ᠦᠷᠢᠰᠢᠶᠠᠵᠥ ᠬᠠᠶᠢᠷᠢᠯᠠᠬᠤ ᠶᠢ ᠭᠦᠰᠠᠵᠥ ᠪᠠᠶᠢᠬᠤ ᠰᠠᠨᠠᠭ᠎ᠠ ᠪᠣᠯᠣᠨ᠎ᠠ᠃ | ᠢᠩᠭᠡᠭᠡᠳ ᠬᠤᠭᠤᠷᠣᠠᠳᠤ ᠪᠠᠨ ᠴᠠᠢ ᠪᠠᠨ ᠣᠣᠭᠤᠵᠥ ᠰᠠᠴᠣᠯᠢ ᠪᠠᠨ ᠠᠮᠰᠠᠭᠠᠳ ᠭᠡᠷ ᠭᠡᠷ ᠲᠡᠭᠡᠨ ᠬᠠᠷᠢᠨ᠎ᠠ᠃ | ᠴᠠᠭᠠᠨ ᠤ ᠨᠢᠭᠡᠨ ᠰᠢᠨ᠎ᠠ ᠳᠤ ᠡᠷᠳᠠ ᠪᠣᠰᠴᠤ ᠭᠡᠶᠢᠮᠣᠷᠢ ᠪᠠᠨ ᠲᠡᠯᠡᠰᠭᠡᠪᠡᠯ ᠰᠢᠨ᠎ᠠ ᠵᠢᠯ ᠳᠡᠭᠡᠨ ᠭᠡᠶᠢᠮᠣᠷᠢ ᠲᠡᠯᠡᠰᠴᠤ | ᠬᠡᠰᠢᠭ ᠪᠣᠶᠠᠨ ᠲᠡᠯᠭᠡᠷᠡᠨ᠎ᠡ ᠭᠡᠵᠥ ᠪᠡᠯᠭᠡᠰᠢᠶᠠᠵᠥ ᠡᠷᠡᠭᠳᠠᠶᠢᠴᠣᠳ ᠮᠣᠷᠢ ᠣᠨᠣᠭᠠᠳ ᠰᠦᠮ᠎ᠠ ᠳᠤ ᠣᠴᠢᠵᠥ | ᠲᠡᠮᠪᠠᠷᠠᠯ ᠳᠤ ᠮᠦᠷᠭᠦᠭᠦ ᠪᠣᠶᠣ ᠲᠠᠭᠢᠯᠭᠠᠨ ᠳᠤ ᠣᠴᠢᠨ᠎ᠠ᠃ ᠭᠡᠣᠭᠡᠳ ᠭᠠᠳᠠᠨ᠎ᠠ ᠭᠠᠷᠴᠤ ᠱᠠᠪᠠᠷ ᠭᠦᠳᠡᠯᠭᠡᠵᠥ᠂ | ᠮᠣᠳᠣ ᠬᠤᠭᠤᠯᠠᠵᠥ ᠢᠷᠡᠳᠡᠭ᠃ ᠢᠩᠭᠡᠭᠦ ᠨᠢ ᠭᠠᠵᠠᠷ ᠣᠰᠣᠨ ᠤ ᠱᠠᠯᠳᠠᠭ ᠱᠠᠪᠠᠷ ᠡᠰᠠ ᠬᠠᠯᠳᠣᠬᠤ ᠶᠢ ᠶᠣᠷᠣᠯᠠᠵᠥ | ᠪᠠᠶᠢᠨ᠎ᠠ᠃ ᠪᠠᠰᠨᠱᠣᠯᠣᠮ ᠴᠢᠳᠭᠦᠷ ᠢ ᠭᠦᠭᠡᠭᠡᠵᠥ ᠶᠠᠪᠣᠭᠤᠯᠬᠤ ᠵᠣᠷᠢᠯᠭ᠎ᠠ ᠪᠠᠷ ᠫᠣᠣ ᠬᠠᠭᠠᠵᠥ ᠡᠰᠠᠭᠦᠶᠢᠯᠠ ᠫᠣᠣᠵᠢᠩ | ᠬᠠᠭᠠᠯᠠᠨ᠎ᠠ᠃ | 2᠂ ᠴᠠᠭᠠᠯᠠᠬᠤ ᠶᠣᠰᠣ | ᠲᠡᠮᠪᠡᠷᠡᠯ ᠳᠤ ᠮᠦᠷᠭᠦᠵᠥ ᠭᠡᠷ ᠲᠡᠭᠡᠨ ᠢᠷᠡᠵᠥ᠂ ᠶᠠᠭᠤᠨ ᠤ ᠲᠡᠷᠢᠭᠦᠨ ᠳᠤ ᠭᠡᠷ ᠪᠦᠯᠢ ᠪᠠᠷ ᠢᠶᠠᠨ ᠡᠷᠡᠭᠦᠯ ᠮᠠᠠᠳᠤ᠂ | ᠠᠵᠢᠯ ᠦᠢᠯᠠᠰ ᠨᠢ ᠠᠮᠵᠢᠯᠳᠣᠳᠠᠢ᠂ ᠠᠵᠥ ᠠᠮᠢᠳᠣᠷᠠᠯ ᠤ ᠦᠭᠡᠳᠠ ᠡᠰᠡᠷᠡᠭ ᠶᠠᠪᠣᠬᠤ ᠶᠢ ᠲᠠᠭᠠᠳᠬᠠᠨ ᠪᠣᠷᠬᠠᠨ | ᠳᠠᠭᠠᠨ ᠮᠦᠷᠭᠦᠨ᠎ᠡ᠃ ᠡᠭᠦᠨ ᠤ ᠲᠡᠷᠠᠭ᠎ᠠ ᠠᠪᠤ ᠡᠵᠢ ᠡᠴᠢᠭᠡ ᠡᠭᠡ ᠳᠠᠭᠠᠨ ᠴᠠᠭᠠᠯᠠᠨ᠎ᠠ᠂ ᠴᠠᠭᠠᠯᠠᠬᠤ ᠳᠠᠭᠠᠨ᠄ ︽ | ᠰᠠᠶᠢᠨ ᠪᠠᠶᠢᠨ᠎ᠠ ᠲᠨ︖ ᠡᠪᠣᠯᠡᠭᠡᠢ ᠰᠠᠶᠢᠨ ᠭᠠᠷᠪᠠ ᠲᠨ︖ ᠭᠦᠪᠡᠭᠦᠨ ᠠᠴᠢᠨᠡᠷ ᠲᠨ ᠰᠠᠶᠢᠨ ᠪᠠᠶᠢᠨ᠎ᠠ ᠤᠤ︾ ᠭᠡᠵᠥ | ᠮᠠᠠᠳᠣ ᠠᠰᠠᠭᠤᠵᠥ᠂ ᠪᠠᠷᠠᠭᠤᠨ ᠭᠠᠷ ᠤᠨ ᠢᠶᠠᠨ ᠦᠵᠦᠭᠦᠷ ᠢᠶᠠᠷ ᠬᠠᠨᠴᠤ ᠪᠠᠨ ᠪᠠᠷᠢᠵᠥ ᠠᠪᠣᠭᠠᠳ᠂ ᠪᠠᠷᠠᠭᠤᠨ | ᠭᠠᠷ ᠢᠶᠠᠨ ᠦᠭᠴᠤ ᠴᠠᠭᠠᠯᠠᠬᠤ ᠳᠤ ᠠᠪᠤ ᠡᠵᠢ ᠠᠬ᠎ᠠ ᠶᠡᠭᠡᠰ ᠨᠢ᠄ ︽ᠮᠠᠠᠳᠤ︕ ᠣᠷᠳᠤ ᠨᠠᠰᠤ ᠲᠠᠢ ᠣᠳᠠᠭᠠᠨ | ᠵᠢᠷᠭᠠᠯ ᠲᠠᠢ ᠪᠣᠯᠣ︾ ᠭᠡᠵᠥ ᠬᠤᠶᠠᠷ ᠭᠠᠷ ᠤᠨ ᠠᠯᠢᠬ᠎ᠠ ᠪᠠᠷ ᠵᠶ᠋ᠡᠨᠲ᠋ᠠᠰᠢᠨᠠ᠃ ᠪᠠᠷᠠᠭᠤᠨ ᠭᠠᠷ ᠢᠶᠠᠨ ᠦᠭᠴᠤ | ᠴᠠᠭᠠᠯᠠᠬᠤ ᠵᠢᠨᠣᠴᠢᠷ ᠪᠣᠯ᠄ ︽ᠣᠷᠢᠳᠠ ᠬᠠᠮ ᠰᠠᠭᠢᠭᠤᠯᠰᠣᠨ ᠮᠠᠩᠭᠤᠰ ᠤᠨ ᠣᠷᠣᠨ ᠳᠤ ᠲᠣᠭᠰᠢᠨ ᠬᠠᠷ᠎ᠠ | ᠮᠠᠩᠭᠤᠰ ᠲᠦᠷᠦᠭᠦ ᠶᠢ ᠣᠷᠢᠳᠴᠢᠯᠠᠨ ᠮᠡᠳᠡᠭᠡᠳ ᠮᠠᠩᠭᠤᠰ ᠤᠨ ᠬᠠᠭᠠᠨ ᠳᠤ ᠬᠠᠳᠣᠨ ᠪᠣᠯᠵᠥ ᠲᠡᠷᠡᠭᠦ ᠲᠣᠭᠰᠢᠨ | ᠬᠠᠷ᠎ᠠ ᠮᠠᠩᠭᠤᠷ ᠢ ᠪᠡᠶ᠎ᠡ ᠳᠡᠭᠡᠨ ᠲᠦᠷᠦᠭᠦᠯᠵᠥ ᠠᠪᠣᠭᠠᠳ ᠵᠢᠷᠭᠤᠭᠠᠨ ᠰᠠᠷ᠎ᠠ ᠪᠣᠯᠣᠭᠠᠳ ᠮᠠᠩᠭᠤᠷ ᠤᠨ ᠣᠷᠣᠨ ᠠᠴᠠ | ᠵᠣᠯᠠᠵᠥ ᠭᠠᠷᠬᠤ ᠵᠠᠮ ᠵᠠᠭᠤᠷ᠎ᠠ ᠭᠡᠰᠣᠨ ᠳ᠋ᠦᠨᠢ ᠪᠠᠶᠢᠭᠰᠠᠨ ᠲᠡᠷᠡᠭᠦ ᠲᠣᠭᠰᠢᠨ ᠬᠠᠷ᠎ᠠ ᠮᠠᠩᠭᠤᠰ ᠨᠢ ᠲᠣᠳᠠᠭᠤ | ᠭᠠᠷᠣᠭᠠᠳ ᠡᠭᠡ ᠪᠣᠯᠣᠭᠰᠠᠨ ᠬᠠᠮ ᠰᠠᠭᠢᠭᠤᠯᠰᠣᠨ ᠲᠠᠢ ᠪᠠᠶᠢᠯᠳᠣᠭᠦ ᠳᠤ ᠬᠠᠮ ᠰᠠᠭᠢᠭᠤᠯᠰᠣᠨ ᠴᠤ ᠲᠡᠭᠦᠨ ᠲᠠᠢ | ᠰᠢᠷᠦᠭᠦᠨ ᠢᠶᠠᠷ ᠪᠠᠶᠢᠯᠳᠣᠵᠥ᠂ ᠡᠴᠤᠰ ᠲᠦᠨᠢ ᠬᠠᠮ ᠰᠠᠭᠢᠭᠤᠯᠰᠣᠨ ᠲᠡᠶᠢᠯᠡᠭᠡᠳ ᠨᠠᠷᠢᠨ ᠭᠠᠷᠬᠤ ᠶᠢᠨ ᠣᠷᠢᠳᠠ | ᠬᠠᠷᠢᠵᠥ ᠳᠤ ᠠᠯᠢ ᠵᠦᠭ ᠤᠨ ᠪᠣᠷᠬᠠᠨ ᠰᠠᠭᠢᠭᠤᠯᠰᠣᠨᠲ᠋ᠣᠰᠴᠤ ᠢᠷᠡᠵᠡᠢ ᠮᠡᠡᠳᠣᠯᠠᠵᠠᠢ᠃ ᠴᠢᠰᠣ ᠪᠣᠯᠣᠭᠰᠠᠨ ᠭᠠᠷ | ᠢᠶᠠᠨ ᠣᠭᠢᠶᠠᠵᠥ ᠠᠮᠵᠢᠭᠰᠠᠨ ᠦᠭᠡᠢ ᠬᠠᠮ ᠰᠠᠭᠢᠭᠤᠯᠰᠣᠨ ᠠᠷᠭ᠎ᠠ ᠦᠭᠡᠢ ᠴᠢᠰᠣ ᠲᠠᠢ ᠭᠠᠷ ᠢᠶᠠᠨ ᠬᠠᠨᠴᠣ ᠪᠠᠷ ᠢᠶᠠᠨ | ᠲᠠᠯᠳᠠᠯᠠᠵᠥ ᠮᠡᠡᠳᠦᠯᠡᠭᠰᠠᠨ ᠭᠡᠳᠡᠭ︾ ᠦᠯᠢᠭᠡᠷ ᠠᠴᠠ ᠢᠷᠡᠯ ᠲᠠᠢ ᠭᠡᠵᠥ ᠭᠦᠭᠰᠢᠳ ᠭᠡᠯᠡᠳᠡᠭ ᠪᠢᠯᠨ᠃ ᠰᠢᠨ᠎ᠠ ᠶᠢᠨ | ᠨᠢᠭᠡᠨ ᠤ ᠴᠠᠢ ᠠᠴᠠ ᠵᠣᠯᠠᠭᠡᠷᠭᠦᠵᠥ᠂ ᠰᠠᠴᠣᠯᠢ ᠰᠠᠴᠣᠵᠥ᠂ ᠠᠪᠤ ᠡᠵᠢ ᠠᠴᠠ ᠪᠠᠨ ᠡᠭᠡᠯᠡᠨ ᠣᠣᠭᠤᠬᠤ ᠳᠤ ᠠᠪᠤ | ᠨᠢ᠄ ︽ᠪᠣᠣᠷ᠎ᠡ ᠵᠢᠯ ᠭᠠᠷᠴᠤ ᠪᠣᠳᠣᠭᠤᠨ ᠵᠢᠯ ᠣᠷᠣᠵᠥ᠂ ᠵᠠᠭᠤᠨ ᠵᠢᠯ ᠤᠨ ᠴᠠᠭᠠᠨ ᠭᠡᠵᠥ᠂ ᠭᠦᠪᠡᠭᠦᠳ ᠤᠨ ᠮᠢᠨᠢ | ᠭᠡᠰᠢᠭ ᠪᠣᠶᠠᠨ ᠨᠢ ᠢᠷᠡᠵᠥ᠂ ᠭᠡᠶᠢᠮᠣᠷᠢ ᠰᠦᠯᠳᠠ ᠨᠢ ᠮᠠᠠᠳᠣᠵᠥ᠂ ᠨᠣᠮ ᠲᠠᠢ ᠡᠷᠳᠠᠮ ᠲᠠᠢ ᠰᠠᠶᠢᠨ ᠭᠦᠪᠡᠭᠦᠨ ︵ | ᠭᠡᠣᠭᠡᠨ︶ ᠪᠣᠯᠵᠥ᠂ ᠨᠣᠳᠤᠭ ᠤᠨ ᠲᠡᠭᠡᠳᠤ ᠪᠣᠯᠣᠭᠠᠳ ᠡᠨ᠋ᠨ ᠵᠢᠯ ᠳᠠᠭᠠᠨ ᠢᠩᠭᠡᠵᠥ ᠴᠠᠭᠠᠨ ᠭᠡᠵᠥ᠂ ᠡᠰᠡᠷᠭᠡᠨ | ᠵᠢᠯ ᠳᠠᠭᠠᠨ ᠡᠭᠦᠨ ᠠᠴᠠ ᠶᠡᠭᠡ ᠴᠠᠭᠠᠨ ᠭᠡᠵᠥ᠂ ᠠᠮᠣᠷ ᠠᠮᠣᠭᠤᠯᠠᠩ ᠡᠳᠡᠯᠡᠭᠦ ᠪᠣᠯᠳᠣᠭᠠᠢ︾ ᠭᠡᠵᠥ ᠢᠷᠦᠭᠡᠳᠡᠭ᠃ | ᠠᠳᠠᠯᠢ ᠨᠠᠰᠣ ᠲᠠᠢ ᠭᠦᠭᠰᠢᠨ ᠭᠦᠮᠣᠰ ᠬᠤᠭᠤᠷᠣᠠᠳᠤ ᠪᠠᠨ ᠨᠠᠰᠣᠮᠠᠢ ᠪᠠᠨ ᠰᠣᠯᠢᠯᠴᠠᠵᠥ᠂ ᠠᠯᠴᠢᠭᠤᠷ ᠬᠠᠳᠠᠭ | ᠰᠣᠯᠢᠯᠴᠠᠵᠥ ᠮᠡᠡᠳᠣᠯᠡᠳᠡᠭ᠃ ᠪᠠᠭ᠎ᠠ ᠭᠡᠣᠭᠡᠳ ᠪᠣᠯ ᠣᠷᠢᠳᠠᠪᠠᠷ ᠠᠬ᠎ᠠ ᠶᠡᠭᠡᠰ ᠲᠠᠢ ᠪᠠᠨ ᠴᠠᠭᠠᠯᠴᠢᠭᠠᠳ | ᠲᠣᠩᠭᠤᠷᠴᠠᠭ ᠲᠠᠢ ᠪᠡᠯᠡᠭ ︵ᠣᠷᠢᠳᠠ ᠴᠠᠭᠠᠨ ᠶᠠᠩᠪᠣᠣ ᠪᠠᠷ ᠪᠠᠭ᠎ᠠ ᠲᠣᠩᠭᠤᠷᠴᠠᠭ ᠣᠶᠠᠵᠥ ᠲᠣᠳᠣᠷ᠎ᠡ ᠨᠢ ᠪᠡᠯᠡᠭ | ᠲᠡᠮᠣᠰᠤ᠂ ᠶᠠᠷᠳᠠᠨ ᠳᠠᠴᠠᠨ ᠲᠡᠪᠢᠵᠥ ᠭᠡᠣᠭᠡᠳ ᠲᠤ ᠵᠡᠭᠦᠯᠭᠡᠳᠡᠭ ᠪᠢᠯᠨ︶ ᠢᠶᠠᠨ ᠦᠭᠭᠦᠨ᠎ᠠ᠂ ᠪᠡᠯᠡᠭ ᠠᠴᠠ ᠨᠢ | ᠠᠮᠰᠠᠭᠠᠳ ᠲᠡᠭᠢᠨ ᠦᠪᠡᠷ ᠤᠨ ᠢᠶᠠᠨ ᠰᠢᠭᠡᠷ ᠪᠡᠯᠡᠭ ᠠᠴᠠ ᠪᠣᠶᠣ ᠶᠠᠷᠴᠠᠨ ᠮᠣᠩᠭᠦ ᠲᠡᠪᠢᠵᠥ ᠢᠷᠦᠭᠡᠭᠡᠳ ᠡᠷᠭᠡᠭᠦᠯᠵᠥ | ᠦᠭᠭᠦᠳᠡᠭ᠃ ᠨᠠᠰᠣᠨ ᠪᠠᠭ᠎ᠠ ᠪᠣᠯᠪᠠᠴᠤ ᠵᠢᠶᠠᠭᠠᠨ ᠶᠡᠭᠡ ᠪᠣᠯ ᠭᠠᠷ ᠢᠶᠠᠨ ᠦᠭᠴᠤ ᠴᠠᠭᠠᠯᠠᠨ᠎ᠠ᠃ | 3᠂ ᠴᠠᠭ᠎ᠠ ᠭᠦᠷᠭᠡᠭᠦ ᠶᠣᠰᠣᠨ | ᠬᠠᠭᠤᠴᠢᠨ ᠵᠢᠯ ᠢᠶᠠᠨ ᠦᠳᠡᠨ ᠮᠣᠷᠳᠠᠭᠤᠯᠵᠥ᠂ ᠰᠢᠨ᠎ᠠ ᠵᠢᠯ ᠢᠶᠠᠨ ᠣᠭᠳᠠᠨ ᠢᠷᠡᠭᠦᠯᠵᠥ᠂ ᠡᠯᠢᠭᠡ ᠪᠠᠷ ᠢᠶᠠᠨ ᠡᠩᠭᠡ | ᠠᠮᠣᠭᠤᠯᠠᠩ᠂ ᠲᠦᠷᠦᠯ ᠢᠶᠠᠷ ᠢᠶᠠᠨ ᠲᠦᠪᠰᠢᠨ ᠠᠮᠣᠭᠤᠯᠠᠩ ᠭᠠᠷᠣᠭᠰᠠᠨ ᠳᠠᠭᠠᠨ ᠪᠠᠶᠠᠷᠯᠠᠵᠥ᠂ ᠠᠪᠤ ᠡᠵᠢ᠂ ᠠᠬᠠᠮᠠᠳ | ᠶᠡᠭᠡᠰ᠂ ᠬᠠᠨᠢ ᠨᠦᠭᠦᠳ᠂ ᠬᠤᠳᠠ ᠠᠠᠳᠠ ᠲᠠᠢ ᠪᠠᠨ ᠣᠯᠠᠭᠠᠨ ᠴᠢᠷᠡᠢ ᠪᠠᠷ ᠢᠶᠠᠨ ᠠᠭᠤᠯᠵᠠᠵᠥ᠂ ᠣᠴᠢᠷ ᠲᠠᠢ | ᠦᠭᠡ ᠪᠠᠨ ᠶᠠᠷᠢᠯᠴᠠᠵᠥ᠂ ᠠᠮᠣᠷ ᠢᠶᠠᠨ ᠠᠰᠠᠭᠤᠯᠴᠠᠵᠥ᠂ ᠠᠰᠢᠳᠠ ᠶᠢᠨ ᠵᠢᠷᠭᠠᠯ ᠢᠶᠠᠨ ᠪᠠᠯᠭᠡᠳᠡᠵᠥ᠂ ᠬᠠᠷᠢᠯᠴᠠᠨ | ᠴᠠᠭ᠎ᠠ ᠪᠠᠷᠢᠬᠤ ᠵᠠᠩᠰᠢᠯ ᠲᠠᠢ ᠶᠣᠮ᠃ ᠴᠠᠭ᠎ᠠ ᠭᠦᠷᠭᠡᠭᠦ ᠭᠦᠮᠦᠨ ᠠᠶᠢᠯ ᠤᠨ ᠭᠡᠷ ᠲᠤ ᠣᠷᠣᠬᠤ ᠳᠠᠭᠠᠨ ᠵᠦᠪ | ᠪᠡᠶ᠎ᠡ ᠪᠠᠷ ᠣᠷᠣᠵᠥ᠂ ᠲᠡᠯᠢᠩ ᠰᠠᠪᠠ ᠪᠠᠨ ᠲᠣᠭᠢᠷᠠᠮᠵᠢᠳᠠᠢ ᠪᠠᠶᠢᠷᠢ ᠳᠤ ᠲᠠᠪᠢᠵᠥ ᠪᠣᠯᠣᠭᠠᠳ ᠭᠡᠷ ᠤᠨ ᠭᠦᠮᠦᠰ ᠠᠴᠠ | ᠮᠠᠠᠳᠤ ᠠᠰᠠᠭᠤᠵᠥ ᠴᠠᠭᠠᠯᠠᠨ᠎ᠠ᠃ ᠭᠡᠷᠪᠡ ᠠᠪᠤ ᠡᠵᠢ ᠪᠣᠶᠣ ᠠᠪᠠᠭ᠎ᠠ᠂ ᠠᠬ᠎ᠠ ᠨᠠᠷ ᠤᠨ ᠭᠡᠷ ᠲᠤ ᠪᠣᠯ ᠣᠷᠢᠳᠠᠪᠡᠷ | ᠪᠣᠷᠬᠠᠨ ᠳᠦᠨᠢ ᠮᠦᠷᠭᠦᠵᠥ ᠬᠠᠳᠠᠭ ᠲᠠᠳᠠᠨ᠎ᠠ᠂ ᠲᠡᠷᠠᠭ᠎ᠠ ᠨᠢ ᠭᠡᠷ ᠤᠨ ᠭᠦᠮᠦᠰ ᠲᠠᠢ ᠨᠢ ᠮᠠᠠᠳᠣ ᠠᠰᠠᠭᠤᠵᠥ | ᠴᠠᠭᠠᠯᠠᠨ᠎ᠠ᠃ ᠭᠡᠷ ᠤᠨ ᠡᠵᠡᠨ ᠠᠴᠠ ᠴᠠᠭ᠎ᠠ ᠭᠦᠷᠭᠡᠵᠥ ᠢᠷᠡᠭᠰᠠᠨ ᠵᠣᠯᠭᠠᠯᠴᠢᠨ ᠳᠤ ᠰᠠᠶᠢᠨ ᠰᠠᠶᠢᠬᠠᠨ ᠤ ᠪᠡᠯᠭᠡᠳᠡᠯ | ᠲᠡᠪᠰᠢᠭᠦᠯᠵᠥ ᠮᠦᠩᠭᠦᠨ ᠠᠶᠠᠭ᠎ᠠ ᠳᠤ ᠠᠶᠠᠭᠠᠯᠠᠭᠰᠠᠨ ᠴᠢᠪᠠᠭ᠎ᠠ ᠲᠠᠢ ᠦᠰᠦᠨ ᠠᠴᠠ ᠣᠷᠢᠳᠠᠪᠡᠷ ᠠᠮᠰᠠᠭᠤᠯᠵᠥ | ᠲᠠᠷᠠᠭ᠎ᠠ ᠨᠢ ᠴᠠᠢ ᠭᠡᠳᠡᠭ᠃ ᠵᠣᠯᠭᠠᠵᠥ ᠢᠷᠡᠭᠰᠠᠨ ᠭᠡᠶᠢᠴᠢ ᠴᠠᠢ ᠶᠢ ᠠᠮᠠᠰᠴᠤ ᠪᠣᠯᠣᠭᠠᠳ ᠪᠡᠯᠡᠭ ᠢᠶᠠᠨ ᠭᠠᠷᠭᠠᠵᠥ᠂ | ᠭᠡᠷ ᠤᠨ ᠡᠵᠡᠨ ᠤ ᠭᠠᠷ ᠲᠤ ᠦᠭᠴᠤ᠂ ᠠᠯᠴᠢᠭᠤᠷ ᠡᠮᠣᠰᠭᠡᠯ ᠢᠶᠠᠨ ᠲᠠᠳᠠᠳᠠᠭ᠃ ᠴᠠᠭᠠᠨ ᠪᠠᠷᠢᠬᠤ ᠳᠤ ᠨᠢᠭᠡ | ᠠᠶᠢᠯ ᠤᠨ ᠵᠣᠯᠭᠠᠯ ᠲᠠᠢ ᠣᠴᠢᠳᠠᠭ᠂ ᠵᠣᠯᠭᠠᠬᠤ ᠳ᠋ᠠᠭᠠᠨᠣᠷᠢᠳᠡᠭᠢ ᠶᠣᠰᠣ ᠪᠠᠷ ᠪᠣᠯ ᠨᠢᠭᠡ ᠯᠣᠩᠬᠤ ᠠᠷᠢᠭᠢ᠂ ᠲᠠᠪᠣᠨ | ᠴᠠᠯᠪᠡᠭ᠂ ᠭᠡᠳᠣᠨ ᠺᠠᠪᠵᠠᠢ᠂ ᠲᠠᠢ ᠲᠠᠢ ᠰᠢᠭᠡᠷ᠂ ᠭᠡᠪ ᠲᠠᠢ ᠴᠡᠢ᠂ ᠪᠡᠯᠡᠭ ᠲᠡᠮᠤᠰᠣ᠂ ᠠᠯᠴᠢᠭᠤᠷ ᠪᠣᠶᠣ ᠡᠮᠤᠰᠭᠡᠯ | ᠵᠡᠷᠭᠡ ᠪᠣᠯᠤᠨ᠎ᠠ᠃ ᠡᠳᠤᠭᠡ ᠠᠮᠢᠳᠣᠷᠡᠯ ᠲᠡᠭᠡᠭᠰᠢᠯᠡᠵᠥ᠂ ᠵᠤᠯᠭᠠᠯ ᠤᠨ ᠪᠡᠯᠡᠭ ᠴᠣ᠋ ᠬᠤᠪᠢᠷᠠᠯᠳᠠ ᠲᠠᠢ ᠪᠣᠯᠣᠭᠰᠠᠨ | ᠪᠠᠶᠢᠨ᠎ᠠ᠃ ᠠᠬᠠᠮᠠᠳ ᠨᠠᠰᠣ ᠲᠠᠢ ᠭᠦᠮᠦᠨ ᠪᠣᠯ ᠴᠠᠢ ᠶᠢ ᠨᠢ ᠠᠮᠠᠰᠴᠤ ︽ᠣᠣᠭᠤᠳᠠᠭ ᠨᠢ ᠣᠯᠠᠭᠠᠨ ᠴᠡᠢ ᠪᠣᠯᠵᠥ᠂ | ᠣᠨᠣᠳᠠᠭ ᠨᠢ ᠣᠯᠠᠭᠠᠨ ᠭᠡᠭᠡᠷ᠎ᠡ ᠮᠣᠷᠢᠨ ᠪᠣᠯᠵᠥ᠂ ᠰᠠᠨᠠᠭᠰᠠᠨᠨᠢ ᠪᠦᠳᠦᠵᠥ ᠰᠠᠭᠢᠭᠰᠠᠨ ᠤ ᠦᠷᠦᠰᠢᠶᠠᠵᠥ᠂ ᠠᠮᠣᠷ | ᠠᠮᠣᠭᠤᠯᠠᠩ ᠡᠳᠡᠯᠨ ᠭᠡᠵᠥ︾ ᠢᠷᠦᠭᠡᠵᠥ ᠴᠠᠢ ᠪᠠᠨ ᠣᠣᠭᠤᠳᠠᠭ᠃ ᠭᠡᠷ ᠣᠨᠡᠵᠡᠨ ᠠᠴᠠ ᠵᠣᠯᠭᠠᠯᠴᠢᠨ ᠤ | ᠠᠪᠴᠢᠷᠠᠭᠰᠠᠨ ᠪᠡᠯᠡᠭ ᠠᠴᠠ ᠣᠷᠢᠳᠡᠪᠡᠷ ᠪᠣᠷᠬᠠᠨ ᠳᠠᠭᠠᠨ ᠲᠡᠭᠡᠵᠢ ᠲᠠᠪᠢᠭᠠᠳ ᠲᠠᠷᠠᠭ᠎ᠠ ᠨᠢ ᠭᠡᠷ ᠲᠤ ᠪᠠᠶᠢᠭᠰᠠᠨ | ᠭᠦᠮᠦᠰ ᠲᠤ ᠵᠣᠯᠭᠠᠯᠴᠢᠨ ᠤ ᠠᠪᠴᠢᠷᠡᠭ᠌ᠰᠠᠨ ᠪᠡᠯᠡᠭ ᠠᠴᠠ ᠠᠮᠰᠠᠭᠤᠯᠵᠥ᠂ ᠠᠷᠢᠭᠢ ᠶᠢᠨ ᠠᠮᠨ ᠶᠢ ᠰᠠᠭᠦᠵᠥ᠂ | ᠭᠠᠯ ᠳᠠᠭᠠᠨ ᠰᠠᠴᠣᠯᠢ ᠡᠷᠭᠦᠨ᠎ᠡ᠃ ᠢᠩᠭᠡᠭᠦ ᠶᠢᠨ ᠣᠴᠢᠷ ᠪᠣᠯ ᠭᠠᠯ ᠤᠨ ᠪᠣᠷᠬᠠᠨ ᠳᠠᠭᠠᠨ ᠵᠣᠴᠢᠨ ᠤ ᠠᠪᠴᠢᠷᠠᠭᠰᠠᠨ | ᠢᠳᠠᠭᠡᠨ ᠤ ᠲᠡᠭᠡᠵᠢ ᠶᠢ ᠠᠮᠰᠠᠭᠤᠯᠵᠥ ᠪᠠᠶᠢᠬᠤ ᠣᠴᠢᠷ ᠲᠠᠢ ᠶᠣᠮ᠃ ᠪᠠᠰᠠ ᠭᠠᠳᠠᠨ᠎ᠠ ᠰᠠᠴᠣᠯᠢ ᠰᠠᠴᠤᠨ᠎ᠠ᠂ | ᠭᠠᠳᠠᠨ᠎ᠠ ᠰᠠᠴᠣᠯᠢ ᠰᠠᠴᠣᠬᠤ ᠳᠤ ᠡᠭᠦᠳᠠᠨ ᠠᠴᠠ ᠭᠠᠷᠣᠯ ᠦᠭᠡᠢ ︽ᠠᠨᠢᠭᠰᠠᠨ ᠢᠶᠠᠨ ᠬᠠᠯᠢᠶᠠᠵᠥ ᠠᠳᠬᠤᠭᠰᠠᠨ | ᠢᠶᠠᠨ ᠲᠠᠪᠢᠵᠥ᠂ ᠨᠠᠭᠠᠷᠣ ᠪᠠᠨ ᠬᠠᠯᠢᠶᠠᠵᠥ ᠭᠡᠰᠢᠭ ᠪᠣᠶᠠᠨ ᠢᠶᠠᠨ ᠬᠠᠶᠢᠷᠢᠯᠠᠵᠥ ᠦᠷᠦᠰᠢᠶᠠᠭᠳᠣᠨ︕ ᠴᠦᠳ | ᠬᠠᠶᠢᠷᠬᠠᠨ︾ ᠭᠡᠵᠥ ᠭᠡᠯᠡᠭᠡᠳ ᠡᠭᠦᠳᠠᠨ ᠤ ᠪᠠᠷᠠᠭᠤᠨ ᠪᠡᠶ᠎ᠡ ᠪᠠᠷ ᠭᠠᠷᠭᠠᠵᠥ ᠰᠠᠴᠣᠨ᠎ᠠ᠃ ᠢᠩᠭᠡᠵᠥ ᠪᠠᠶᠢᠬᠤ ᠨᠢ | ᠬᠠᠨ ᠭᠠᠵᠠᠷ ᠣᠰᠣᠨ ᠳᠠᠭᠠᠨ ᠢᠳᠡᠭᠡᠨ ᠤ ᠲᠡᠭᠡᠵᠢ ᠶᠢ ᠡᠷᠭᠦᠵᠥ ᠪᠠᠶᠢᠬᠤ ᠶᠣᠰᠣ ᠪᠣᠯᠣᠨ᠎ᠠ᠃ ᠰᠠᠴᠣᠯᠢ | ᠰᠠᠴᠣᠬᠤ ᠳᠤ ᠭᠡᠷ ᠣᠨᠡᠵᠡᠨᠦᠪᠡᠷ ᠢᠶᠠᠨ ᠭᠦᠢᠴᠡᠳᠭᠡᠳᠡᠭ᠃ ᠪᠣᠰᠣᠳ ᠭᠦᠮᠦᠨ᠂ ᠢᠯᠡᠩᠭᠤᠶ᠎ᠠ ᠲᠦᠷᠦᠯ ᠰᠠᠳᠤᠨ | ᠪᠣᠰᠣ ᠭᠦᠮᠦᠨ ᠢᠶᠠᠷ ᠭᠡᠯᠭᠡᠭᠦ ᠶᠣᠰᠣ ᠦᠭᠡᠢ᠃ ᠵᠠᠪᠠᠯ ᠦᠪᠡᠷ ᠤᠨ ᠭᠡᠣᠭᠡᠳ ᠪᠣᠯᠣᠨ ᠠᠴᠢ ᠦᠷᠡᠰ ᠢᠶᠠᠷ ᠢᠶᠠᠨ | ᠭᠦᠢᠴᠡᠳᠭᠡᠳᠡᠭ᠃ ᠭᠡᠷ ᠤᠨ ᠡᠵᠡᠨ ᠲᠦᠷᠦᠭᠦᠯᠵᠥ ᠨᠢᠭᠡ ᠴᠦᠭᠦᠴᠨ ᠠᠷᠢᠭᠢ ᠭᠡᠵᠥ ᠠᠪᠣᠭᠠᠳ ᠦᠪᠡᠷ ᠢᠶᠠᠨ | ᠠᠮᠰᠠᠭᠠᠳ ᠲᠠᠷᠠᠭ᠎ᠠ ᠨᠢ ᠭᠡᠷ ᠲᠤ ᠪᠠᠶᠢᠭᠰᠠᠨ ᠭᠦᠮᠦᠰ ᠤᠨ ᠠᠬᠠᠮᠠᠳ ᠠᠴᠠ ᠲᠡᠷᠡᠭᠠᠯᠠᠨ ᠵᠦᠪ ᠡᠷᠭᠡᠭᠦᠯᠵᠥ | ᠠᠷᠢᠭᠢ ᠪᠠᠨ ᠠᠮᠰᠠᠭᠤᠯᠣᠨᠠ᠃ ᠭᠡᠷᠪᠡ ᠢᠷᠡᠭᠰᠠᠨ ᠵᠣᠴᠢᠨ ᠨᠠᠰᠣ ᠵᠠᠶᠠᠭ᠎ᠠ ᠪᠠᠷ ᠪᠠᠭ᠎ᠠ ᠪᠣᠯ ᠭᠡᠷ ᠤᠨ ᠡᠵᠡᠨ ᠠᠴᠠ ︽ | ᠢᠷᠡᠭᠰᠠᠨ ᠢᠷᠡᠬᠦᠯᠦᠭᠰᠡᠨ ᠤ ᠭᠢᠰᠢᠭ ᠪᠣᠶᠠᠨ ᠢᠷᠡᠵᠥ᠂ ᠬᠡᠢ ᠮᠣᠷᠢ ᠭᠦᠶᠣᠵᠥ ᠠᠮᠣᠷ ᠠᠮᠣᠭᠤᠯᠠᠩ ᠡᠳ᠋ᠯᠨ︾ ᠭᠡᠵᠥ | ᠢᠷᠣᠭᠡᠯ ᠲᠡᠯᠪᠢᠵᠥ ᠠᠷᠢᠭᠢ ᠪᠠᠨ ᠪᠠᠶᠠᠵᠢᠭᠠᠨᠠ᠃ ᠵᠠᠯᠭᠠᠭᠠᠳ ᠭᠡᠷ ᠲᠤ ᠪᠠᠶᠢᠭᠰᠠᠨ ᠭᠦᠮᠦᠰ ᠲᠤ ᠴᠦᠮ ᠳᠤ ᠨᠢ | ᠵᠣᠯᠭᠠᠯᠴᠢᠨ ᠤ ᠠᠪᠴᠢᠷᠠᠭᠰᠠᠨ ᠠᠷᠢᠭᠢ ᠠᠴᠠ ᠭᠡᠨ᠎ᠡ᠃ ᠲᠡᠭᠡᠭᠡᠳ ᠡᠨ᠋ᠨ ᠨᠢᠭᠡ ᠶᠣᠰᠣᠨ ᠲᠦᠭᠦᠷᠦᠭᠰᠠᠨ ᠤ ᠲᠠᠷᠠᠭ᠎ᠠ | ᠭᠡᠷ ᠤᠨ ᠡᠵᠡᠨ ᠠᠴᠠ ᠦᠪᠡᠷ ᠣᠨᠢᠶ᠋ᠡᠨ ᠭᠡᠷ ᠤᠨ ᠠᠷᠢᠭᠢ ᠶᠢ ᠭᠠᠷᠭᠠᠵᠥ ᠵᠣᠯᠭᠠᠯᠴᠢᠨ ᠳᠤ ᠭᠡᠨ᠎ᠡ᠃ ᠵᠣᠯᠭᠠᠯᠴᠢᠨ | ᠡᠮᠣᠨᠠᠭᠢ ᠲᠠᠢ ᠠᠳᠠᠯᠢ ᠣᠯᠠᠨ ᠳᠤ ᠠᠮᠰᠠᠭᠤᠯᠣᠨ᠂ ᠭᠦᠭᠰᠢᠳ ᠤᠨ ᠢᠷᠦᠭᠡᠯ ᠢ ᠰᠢᠩᠭᠡᠭᠡᠭᠰᠠᠨ ᠤ ᠲᠡᠷᠠᠭ᠎ᠠ ᠣᠣᠭᠤᠬᠤ | ᠴᠢᠳᠠᠯ ᠲᠠᠢ ᠪᠣᠯ ᠠᠷᠢᠭᠢ ᠪᠠᠨ ᠪᠠᠶᠠᠵᠢᠭᠠᠨᠠ᠂ ᠣᠣᠭᠤᠵᠥ ᠴᠢᠳᠠᠬᠤ ᠦᠭᠡᠢ ᠪᠣᠯ ᠵᠦᠪ ᠢᠶᠠᠨ ᠭᠡᠯᠡᠵᠥ | ᠭᠡᠷ ᠣᠨᠡᠵᠡᠨ ᠳᠤ ᠭᠠᠷᠳᠠᠭᠤᠯᠵᠥ ᠦᠭᠭᠦᠨ᠎ᠠ᠃ ᠠᠳᠠ ᠣᠠᠴᠣᠭᠠᠶᠢᠯᠠᠨ ᠲᠣᠷᠠᠳᠣᠰᠢᠳᠠᠢ ᠨᠢ ᠠᠷᠢᠭᠢ ᠠᠮᠰᠠᠬᠤ ᠳᠤ | ᠵᠠᠪᠠᠯ ᠮᠠᠯᠠᠭᠠᠢ ᠪᠠᠨ ᠡᠮᠣᠰᠴᠤ ᠠᠮᠣᠰᠣᠨᠠ᠂ ᠭᠡᠷᠪᠡ ᠮᠠᠯᠠᠭᠠᠢ ᠦᠭᠡᠢ ᠪᠣᠯ ᠵᠡᠭᠦᠨ ᠭᠠᠷ ᠢᠶᠠᠷ ᠢᠶᠠᠨ ᠲᠣᠯᠣᠭᠠᠢ ᠪᠠᠨ | ᠲᠠᠷᠣᠵᠥ ᠠᠮᠠᠰᠠᠨᠠ᠃ ᠲᠠᠷᠠᠭ᠎ᠠ ᠨᠢ ᠪᠣᠶᠠᠨ ᠲᠠᠢ ᠪᠣᠳᠠᠭᠠᠨ ᠠᠴᠠ ᠪᠠᠨ ᠭᠡᠵᠥ ᠦᠭᠭᠦᠨ᠎ᠡ᠃ ᠪᠣᠶᠠᠨ ᠲᠠᠢ ᠪᠣᠳᠠᠭᠠᠨ | ᠭᠡᠵᠥ ᠮᠢᠬ᠎ᠠ ᠴᠢᠨᠠᠵᠥ᠂ ᠲᠣᠳᠣᠷ᠎ᠡ ᠨᠢ ᠴᠢᠪᠠᠭ᠎ᠠ᠂ ᠦᠵᠣᠮᠡ ᠲᠡᠪᠢᠵᠥ ᠭᠡᠭᠰᠠᠨ ᠲᠣᠳᠣᠷᠭ᠎ᠠ ᠪᠣᠳᠠᠭ᠎ᠠ ᠶᠢ ᠭᠡᠯᠡᠵᠥ | ᠪᠠᠶᠢᠨ᠎ᠠ᠃ ᠬᠤᠳᠠ ᠬᠤᠭᠤᠯᠨᠢᠳᠡᠭᠡᠳ ᠨᠢᠭᠡ ᠪᠠᠷᠤᠭ ᠪᠣᠯᠣᠭᠰᠠᠨ ᠨᠢ ᠲᠠᠷᠠᠭ᠎ᠠ ᠵᠣᠯᠭᠠᠯᠴᠢᠨ ᠠᠴᠠ ᠶᠠᠪᠣᠬᠤ | ᠭᠡᠭᠰᠠᠨ ᠰᠠᠨᠠᠭ᠎ᠠ ᠪᠠᠨ ᠭᠡᠷ ᠤᠨ ᠡᠵᠡᠨ ᠳᠤ ᠭᠡᠯᠡᠵᠥ ᠮᠡᠳᠡᠭᠦᠯᠦᠨ᠎ᠡ᠃ ᠡᠨ᠋ᠨ ᠦᠶᠡᠰ ᠭᠡᠷ ᠤᠨ ᠡᠵᠡᠨ ᠠᠴᠠ ᠠᠯᠴᠢᠭᠤᠷ | ᠲᠠᠰᠣᠮ ᠲᠠᠳᠠᠵᠥ᠂ ᠭᠠᠷ ᠢ ᠨᠢ ᠴᠠᠶᠢᠯᠭᠠᠵᠥ᠂ ᠬᠠᠷᠢᠭᠤ ᠰᠠᠪᠠ ᠲᠦᠷᠦᠵᠥ᠂ ᠠᠯᠴᠢᠭᠤᠷ ᠤᠨ ᠰᠠᠴᠣᠯ ᠭᠡᠵᠥ᠂ | ᠮᠣᠷᠳᠠᠬᠤ ᠶᠢᠨ ᠡᠮᠣᠨᠡᠭᠢ ᠮᠣᠯᠣᠷ ᠬᠤᠨᠳᠠᠭ᠎ᠠ ᠲᠡᠪᠰᠢᠭᠦᠯᠳᠡᠭ᠃ ᠠᠯᠴᠢᠭᠤᠷ ᠲᠠᠰᠣᠮ ᠢ ᠬᠤᠷᠢᠶᠠᠵᠥ ᠠᠪᠣᠭᠰᠠᠨ | ᠭᠦᠮᠦᠨ ᠨᠠᠰᠤ ᠵᠢᠯ᠂ ᠵᠠᠶᠠᠭ᠎ᠠ ᠪᠠᠷ ᠪᠠᠭ᠎ᠠ ᠪᠣᠯ ᠠᠬᠠᠮᠠᠳ ᠤᠨ ᠲᠠᠳᠠᠭᠰᠠᠨ ᠠᠯᠴᠢᠭᠤᠷ ᠢ ᠬᠤᠶᠠᠷ ᠭᠠᠷᠳᠠᠨ ᠲᠣᠰᠴᠤ | ᠠᠪᠣᠭᠠᠳ ᠮᠠᠩᠨᠠᠢ ᠳᠠᠭᠠᠨ ᠠᠶᠢᠳᠣᠰ ᠭᠦᠷᠭᠡᠵᠥ ᠠᠪᠣᠳᠠᠭ᠃ ᠵᠣᠯᠭᠠᠯᠴᠢᠨ ᠤ ᠰᠠᠪᠠ ᠳᠤ ᠬᠤᠶᠠᠷ ᠴᠠᠯᠪᠡᠭ᠂ ᠭᠡᠪ ᠲᠠᠢ | ᠴᠡᠢ᠂ ᠲᠠᠢ ᠲᠠᠢ ᠰᠢᠭᠡᠷ ᠵᠡᠷᠭᠡ ᠬᠠᠷᠢᠭᠤ ᠪᠡᠯᠡᠭ ᠲᠦᠷᠦᠳᠡᠭ᠃ ᠢᠩᠭᠡᠭᠦ ᠶᠢᠨ ᠣᠴᠢᠷ ᠪᠣᠯ ᠰᠠᠪᠠ ᠬᠤᠭᠤᠰᠣᠨ | ᠶᠠᠪᠣᠪᠠᠯ ᠲᠣᠩᠭᠤᠷᠴᠠᠭ ᠨᠢ ︽ᠬᠤᠭᠤᠰᠣᠨ ᠠᠴᠠ ᠢᠷᠡᠪᠡ︾ ᠭᠡᠵᠥ ᠭᠡᠯᠡᠳᠡᠭ ᠭᠡᠨ᠎ᠡ᠂ ᠰᠢᠨ᠎ᠠ ᠵᠢᠯ ᠳᠤ ᠬᠤᠭᠤᠰᠣᠨ | ᠨᠡᠷ᠎ᠡ ᠲᠠᠭᠤᠳᠠᠭᠤᠯᠬᠤ ᠦᠭᠡᠢ ᠶᠢᠨ ᠲᠦᠯᠦᠭᠡ ᠵᠡᠪᠡᠯ ᠬᠠᠷᠢᠭᠤ ᠰᠠᠪᠠ ᠦᠭᠳᠡᠭ ᠶᠣᠰᠣ ᠲᠠᠢ ᠶᠣᠮ᠃ ᠵᠣᠯᠭᠠᠯᠴᠢᠨ | ᠭᠡᠷ ᠠᠴᠠ ᠭᠠᠷᠬᠤ ᠳᠤ ᠪᠦᠳᠦᠷᠡᠵᠥ ᠣᠨᠠᠬᠤ ᠠᠴᠠ ᠭᠡᠴᠢᠶᠠᠵᠥ᠂ ᠪᠠᠷᠠᠭᠤᠨ ᠪᠡᠶ᠎ᠡ ᠪᠠᠷ ᠭᠠᠷᠣᠨ᠎ᠠ᠃ | ᠭᠡᠷ ᠣᠨᠡᠵᠡᠨ ᠠᠴᠠ ᠵᠣᠯᠭᠠᠯᠴᠢᠨ ᠢ ᠡᠭᠦᠳᠠᠨ ᠳᠤ ᠭᠠᠷᠭᠠᠵᠥ ︽ᠰᠠᠶᠢᠨ ᠶᠠᠪᠣᠭᠳᠠᠨ᠂ ᠴᠠᠭᠠᠨ ᠬᠠᠭᠠᠯᠭ᠎ᠠ ᠪᠠᠷ | ᠶᠠᠪᠣᠭᠳᠣᠨ᠂ ᠲᠡᠭᠢᠨ ᠴᠢᠯᠦᠭᠡ ᠪᠠᠷ ᠢᠶᠠᠨ ᠢᠷᠡᠭᠳᠣᠨ︾ ᠭᠡᠵᠥ ᠭᠡᠯᠡᠭᠦ ᠳᠤ ᠵᠣᠯᠭᠠᠯᠴᠢᠨ ᠠᠴᠠ᠄ ︽ᠰᠠᠶᠢᠨ ᠪᠠᠶᠢᠵᠥ | ᠪᠠᠶᠢᠭᠳᠣᠨ᠂ ᠴᠠᠭᠠᠨ ᠢᠶᠠᠨ ᠰᠠᠶᠢᠨ ᠭᠡᠭᠳᠣᠨ᠂ ᠮᠠᠨ ᠤ ᠳᠤ ᠣᠳᠴᠤ ᠴᠠᠭᠠᠨ ᠤ ᠴᠠᠢ ᠣᠣᠭᠤᠭᠳᠣᠨ︾ ᠭᠡᠵᠥ | ᠭᠡᠯᠡᠭᠡᠳ ᠶᠠᠪᠣᠳᠠᠭ᠃ | 4᠂ ᠴᠠᠭ᠎ᠠ ᠲᠠᠶᠢᠯᠠᠬᠤ ᠶᠣᠰᠣᠨ | ᠴᠠᠭᠠᠨ ᠶᠢᠨ ᠲᠠᠪᠣᠨ ᠰᠢᠨ᠎ᠠ ᠪᠣᠶᠣ ᠠᠷᠪᠠᠨ ᠲᠠᠪᠣᠨ ᠳᠤ ᠴᠠᠭᠠᠨ ᠢᠶᠠᠨ ᠲᠡᠶᠢᠯᠡᠳᠠᠭ᠃ ᠴᠠᠭ᠎ᠠ ᠲᠠᠶᠢᠯᠠᠬᠤ ᠭᠡᠵᠥ | ᠭᠤᠴᠢᠨ ᠳᠤ ᠲᠡᠪᠢᠭ᠌ᠰᠠᠨ ᠲᠡᠭᠡᠵᠢ ᠪᠣᠯᠣᠨ ᠴᠠᠭ᠎ᠠ ᠭᠦᠷᠭᠡᠵᠥ ᠢᠷᠡᠭᠰᠠᠨ ᠠᠶᠢᠯ ᠤᠨ ᠪᠡᠯᠡᠭ ᠠᠴᠠ ᠲᠠᠪᠢᠭᠰᠠᠨ | ᠲᠡᠭᠡᠵᠢ ᠪᠠᠨ ᠬᠤᠷᠢᠶᠠᠵᠥ ᠠᠬ᠎ᠠ ᠲᠠᠭᠦᠦ ᠲᠦᠷᠦᠯ ᠰᠠᠳᠣᠨ ᠢᠶᠠᠨ︽ᠴᠠᠭ᠎ᠠ ᠪᠠᠨ ᠲᠠᠶᠢᠯᠠᠵᠥ ᠪᠠᠶᠢᠨ᠎ᠠ︾ ᠭᠡᠳ | ᠲᠠᠭᠤᠳᠠᠵᠥ᠂ ᠭᠢᠰᠢᠭ ᠲᠠᠢ ᠰᠠᠶᠢᠬᠠᠨ ᠲᠡᠭᠡᠵᠢ ᠶᠢᠨ ᠪᠡᠯᠡᠭ ᠢᠶᠠᠨ ᠢᠳᠡᠵᠥ᠂ ᠪᠣᠷᠣ ᠰᠢᠭᠦᠰᠤ ᠪᠠᠨ ᠵᠣᠭᠤᠭᠯᠠᠨ | ᠪᠣᠯᠪᠠᠰᠣᠨ ᠵᠣᠭᠤᠭ ᠲᠡᠯᠭᠡᠵᠥ᠂ ᠰᠢᠨ᠎ᠠ ᠵᠢᠯ ᠤᠨ ᠠᠯᠢᠪᠠ ᠪᠦᠭᠦᠨ ᠰᠠᠶᠢᠨ ᠰᠠᠶᠢᠬᠠᠨ ᠪᠣᠯᠬᠤ ᠶᠢ ᠵᠦᠩᠨᠠᠨ | ᠢᠷᠦᠭᠡᠳᠡᠭ ᠶᠣᠮ᠃ | 5᠂ ᠴᠠᠭᠠᠨ ᠤᠨ ᠲᠣᠬᠠᠢ ᠪᠠᠯᠭᠡᠳᠡᠯ ᠪᠣᠯᠣᠨ ᠴᠡᠭᠡᠷᠯᠡᠯ | ᠴᠠᠭᠠᠨ ᠤ ᠨᠢᠭᠡᠨ ᠰᠢᠨ᠎ᠠ ᠶᠢ ᠦᠯᠵᠡᠢ ᠲᠡᠮᠪᠡᠷᠡᠯ ᠲᠠᠢ ᠦᠩᠭᠡᠷᠡᠭᠦᠯᠭᠦ ᠶᠢ ᠨᠢᠭᠡ ᠵᠢᠯ ᠤᠨ ᠦᠯᠵᠡᠢ ᠪᠣᠶᠠᠨ ᠲᠠᠢ | ᠬᠤᠯᠪᠣᠨ ᠦᠵᠡᠵᠥ᠂ ᠡᠨ᠋ᠨ ᠡᠳᠤᠷ ᠢ ᠠᠭᠤᠷᠯᠠᠵᠥ ᠭᠢᠯᠢᠩᠨᠠᠭᠦ ᠦᠭᠡᠢ᠂ ᠪᠠᠶᠠᠷ ᠪᠠᠶᠠᠰᠬᠤᠯᠠᠩ ᠲᠠᠢ ᠦᠩᠭᠡᠷᠡᠭᠦᠯᠳᠡᠭ᠃ | ᠨᠢᠭᠡᠨ ᠰᠢᠨ᠎ᠠ ᠳᠤ ᠶᠠᠮᠠᠷ ᠭᠦᠮᠦᠨ ᠢᠷᠡᠭᠰᠠᠨ ᠴᠤ ᠠᠶᠠᠭ᠎ᠠ ᠶᠢᠨ ᠠᠮᠨ ᠵᠠᠭᠤᠯᠭᠠᠵᠥ ᠭᠠᠷᠭᠠᠬᠤ ᠶᠣᠰᠣ ᠲᠠᠢ᠃ | ᠪᠠᠳᠢᠷᠴᠢ ᠪᠣᠯᠪᠠᠴᠤ ᠨᠢᠭᠡ ᠢᠳᠡᠰᠦᠨ ᠪᠣᠳᠠᠭ᠎ᠠ ᠢᠳᠡᠭᠦᠯᠵᠥ ᠭᠠᠷᠭᠠᠨ᠎ᠠ᠂ ᠡᠰᠡᠭᠦᠶᠢᠯᠠ ᠬᠤᠭᠤᠰᠣᠨ ᠤ ᠭᠡᠨᠡᠷ | ᠲᠣᠰᠴᠤ᠂ ᠬᠤᠭᠤᠰᠣᠷᠠᠨ᠎ᠠ ᠭᠡᠵᠥ ᠶᠣᠷᠣᠯᠠᠳᠠᠭ᠃ | ᠨᠢᠭᠡᠨ ᠰᠢᠨ᠎ᠠ ᠳᠤ ᠡᠭᠦᠳᠠ ᠪᠠᠨ ᠦᠨᠢᠰᠦᠯᠠᠵᠥ ᠶᠠᠪᠣᠬᠤ ᠦᠭᠡᠢ᠂ ᠨᠢᠭᠡᠨ ᠰᠢᠨ᠎ᠠ ᠳᠤ ᠢᠷᠡᠭᠦ ᠭᠦᠮᠦᠨ ᠣᠯᠠᠨ ᠪᠣᠯ | ᠡᠨ᠋ᠨ ᠵᠢᠯ ᠳᠡᠭᠡᠨ ︽ᠡᠭᠦᠳᠠᠨ ᠠᠴᠠ ᠡᠮᠡᠭᠡᠯ ᠲᠠᠢ ᠬᠠᠵᠠᠭᠠᠷ ᠲᠠᠢ ᠮᠣᠷᠢ ᠬᠤᠶᠢᠭᠤᠳᠠᠭ ᠦᠭᠡᠢ᠂ ᠡᠷᠭᠢᠨ ᠠᠴᠠ | ᠡᠭᠡᠮ᠎ᠡ ᠲᠠᠢ ᠲᠠᠯᠣ ᠲᠠᠢ ᠭᠦᠮᠦᠨ ᠬᠤᠶᠢᠭᠤᠳᠠᠭ ᠦᠭᠡᠢ︾ ᠦᠨᠢᠷ ᠪᠠᠶᠠᠨ ᠪᠣᠯᠣᠨ᠎ᠠ ᠭᠡᠵᠥ ᠪᠡᠯᠭᠡᠰᠢᠶᠡᠳᠡᠭ᠃ ᠮᠠᠭᠤ | ᠶᠣᠷ ᠲᠠᠢ ᠦᠭᠡ ᠭᠡᠯᠡᠭᠦ ᠶᠢ ᠴᠡᠭᠡᠷᠢᠯᠡᠨᠡ᠃ ︽ᠶᠣᠷ ᠣᠷᠢᠳᠠ ᠠᠴᠠ ᠵᠡᠩᠭᠠᠭ ᠲᠡᠭᠡᠷ᠎ᠡ ᠠᠴᠠ︾ ᠭᠡᠳ ᠭᠡᠯᠡᠭᠡᠳ | ᠪᠠᠶᠢᠪᠠᠯ ᠭᠡᠯᠡᠭᠰᠠᠨ ᠶᠣᠰᠣ ᠪᠠᠷ ᠢᠷᠡᠭᠦ ᠠᠴᠠ ᠡᠮᠢᠶᠠᠵᠥ᠂ ᠪᠡᠯᠭᠡ ᠰᠠᠶᠢᠳᠠᠢ ᠦᠭᠡ ᠭᠡᠯᠡᠳᠡᠭ᠃ ᠭᠦᠮᠦᠨ ᠬᠠᠷᠢᠶᠠᠵᠥ | ᠬᠠᠷᠢᠶᠠᠯ ᠲᠡᠪᠢᠬᠤ ᠶᠢ ᠴᠡᠭᠡᠷᠯᠡᠨ᠎ᠡ᠃ ᠢᠷᠡᠭᠦ ᠵᠢᠯ ᠳᠤ ᠡᠪ ᠣᠶᠣ ᠲᠠᠢ ᠰᠠᠶᠢᠬᠠᠨ ᠶᠠᠪᠣᠬᠤ ᠶᠢ ᠭᠦᠰᠠᠨ ᠵᠦᠩᠨᠡᠵᠥ | ᠪᠠᠶᠢᠬᠤ ᠵᠣᠯ ᠵᠢᠷᠭᠠᠯ ᠲᠠᠢ ᠴᠠᠭ ᠦᠶ᠎ᠡ ᠳᠤ ᠭᠡᠯᠡᠨ ᠨᠢ ᠭᠢᠯᠡᠡᠴᠨ ᠳᠤ ᠣᠨᠠᠪᠠᠯ ᠰᠢᠨ᠎ᠡ ᠵᠢᠯ ᠳᠠᠭᠠᠨ ᠮᠠᠭᠤ ᠪᠣᠯᠣᠨ᠎ᠠ | ᠭᠡᠳᠡᠭ᠃ | ᠨᠢᠭᠡᠨ ᠰᠢᠨ᠎ᠠ ᠳᠤ ᠠᠷᠭ᠎ᠠ ᠪᠠᠶᠢᠪᠠᠯ ᠡᠮ ᠲᠡᠩ ᠣᠣᠭᠤᠳᠠᠭ ᠦᠭᠡᠢ᠂ ᠨᠢᠭᠡᠨ ᠰᠢᠨ᠎ᠠ ᠳᠤ ᠡᠮ ᠣᠣᠭᠤᠪᠠᠯ ᠵᠢᠯ ᠤᠨ | ᠲᠣᠭᠤᠰᠣᠨ ᠡᠮ ᠠᠴᠠ ᠰᠠᠯᠬᠤ ᠦᠭᠡᠢ ᠪᠣᠯᠣᠨ᠎ᠠ ᠭᠡᠵᠥ ᠶᠣᠷᠣᠯᠠᠵᠥ᠂ ᠨᠢᠭᠡ ᠡᠳᠤᠷ ᠵᠣᠭᠰᠣᠭᠠᠳᠠᠭ᠃ ᠦᠨᠡᠰᠣᠨ | ᠪᠣᠭ ᠭᠠᠷᠭᠠᠬᠤ ᠦᠭᠡᠢ᠃ ᠮᠣᠩᠭᠤᠯᠴᠣᠳ ᠦᠨᠡᠰᠣᠨ ᠪᠣᠭ ᠢ ᠪᠠᠰᠨ ᠭᠢᠰᠢᠭ ᠤᠨ ᠨᠢᠭᠡ ᠬᠤᠪᠢᠯᠪᠣᠷᠢ ᠪᠠᠷ ᠦᠵᠡᠵᠥ᠂ | ᠨᠢᠭᠡ ᠵᠢᠯ ᠤᠨ ᠡᠭᠡᠨ ᠤ ᠡᠳᠤᠷ ᠤᠨ ᠬᠤᠷᠠᠭᠰᠠᠨ ᠭᠢᠰᠢᠭ ᠢ ᠭᠡᠷ ᠲᠡᠭᠡᠨ ᠬᠠᠳᠠᠭᠠᠯᠠᠨ ᠨᠢᠭᠡ ᠬᠤᠨᠣᠭᠤᠯᠵᠥ᠂ | ᠮᠠᠷᠭᠠᠰᠢ ᠨᠢ ᠭᠠᠷᠭᠠᠳᠠᠭ᠃ | ᠵᠣᠴᠢᠨ ᠤ ᠡᠮᠣᠨ᠎ᠠ ᠠᠴᠠ ᠬᠤᠭᠤᠰᠣᠨ ᠰᠠᠭᠤᠯᠭ᠎ᠠ ᠡᠷᠭᠦᠵᠥ ᠭᠠᠷᠬᠤ ᠶᠢ ᠭᠡᠴᠢᠶᠠᠨᠠ᠃ ᠭᠦᠮᠦᠰ ᠴᠠᠭ᠎ᠠ ᠭᠡᠵᠥ | ᠠᠯᠢᠪᠠ ᠪᠦᠭᠦᠨ ᠲᠡᠭᠦᠰ ᠲᠦᠭᠦᠷᠦᠩ ᠪᠣᠯᠬᠤ ᠶᠢ ᠪᠡᠯᠭᠡᠰᠢᠶᠠᠵᠥ ᠪᠠᠶᠢᠬᠤ ᠦᠶ᠎ᠡ ᠳᠤ ᠭᠦᠮᠦᠰ ᠲᠤ | ᠬᠤᠭᠤᠰᠣᠨᠰᠠᠭᠤᠯᠭᠠ ᠡᠷᠭᠦᠵᠥ ᠬᠠᠷᠭᠠᠯᠳᠣᠪᠠᠯ ᠭᠦᠮᠦᠨ ᠤ ᠰᠠᠶᠢᠨ ᠰᠠᠶᠢᠬᠠᠨ ᠭᠦᠰᠠᠯ ᠳᠤ ᠰᠡᠵᠢᠭ ᠣᠷᠣᠭᠤᠯᠣᠨ᠎ᠠ᠂ | ᠲᠡᠶᠢᠮᠣ ᠠᠴᠠ ᠰᠠᠭᠤᠯᠭ᠎ᠠ ᠪᠠᠨ ᠡᠷᠭᠦᠵᠥ ᠭᠠᠷᠬᠤ ᠠᠴᠠ ᠣᠷᠢᠳᠠ ᠭᠠᠳᠠᠨ᠎ᠠ ᠭᠦᠮᠦᠨ ᠢᠷᠡᠵᠥ ᠪᠠᠶᠢᠬᠤ ᠡᠰᠠᠭᠦ ᠶᠢ | ᠬᠠᠯᠢᠶᠠᠵᠥ ᠠᠪᠣᠭᠠᠳ ᠭᠠᠷᠳᠠᠭ᠃ ᠴᠡᠢ ᠭᠡᠭᠦ ᠳᠡᠭᠡᠨ ᠠᠶᠠᠭ᠎ᠠ ᠪᠠᠨ ᠵᠦᠪ ᠡᠷᠭᠡᠭᠦᠯᠵᠥ ᠭᠡᠳᠡᠭ᠂ ᠵᠦᠪ ᠡᠷᠭᠡᠭᠦᠯᠵᠥ | ᠭᠡᠪᠡᠯ ᠪᠣᠳᠣᠭᠰᠠᠨ ᠰᠠᠨᠠᠭᠰᠠᠨ ᠭᠡᠷᠡᠭ ᠪᠦᠳᠦᠨ᠎ᠡ ᠭᠡᠵᠥ ᠪᠡᠯᠭᠡᠰᠢᠶᠡᠳᠡᠭ᠃ | ᠪᠣᠰᠣᠳ ᠲᠤ ᠲᠡᠰᠣᠷᠭᠡᠢ ᠠᠮᠨ ᠲᠠᠢ ᠠᠶᠠᠭ᠎ᠠ ᠳᠤ ᠴᠠᠢ ᠭᠡᠭᠦ ᠶᠢ ᠴᠡᠭᠡᠷᠯᠡᠨ᠎ᠡ᠃ ᠭᠦᠮᠦᠨ ᠢ ᠭᠦᠡᠳᠦᠯᠦᠭᠰᠠᠨ ᠦᠭᠡᠢ | ᠶᠠᠪᠣᠳᠠᠯ ᠪᠣᠯᠣᠨ᠎ᠠ᠃ | ᠴᠦᠬᠦᠨ ᠨᠢ ᠠᠮᠰᠠᠷ᠂ ᠯᠣᠩᠬᠤ ᠶᠢᠨ ᠠᠮᠰᠠᠷ ᠢ ᠨᠢ ᠡᠭᠦᠳᠠᠨ ᠵᠦᠭ ᠬᠠᠯᠢᠶᠠᠯᠭᠠᠵᠥ ᠭᠡᠭᠦ ᠦᠭᠡᠢ᠂ ᠢᠩᠭᠡᠪᠡᠯ | ᠣᠯᠵᠨ ᠣᠷᠣᠰᠢ ᠡᠭᠦᠳᠠ ᠪᠠᠷ ᠭᠠᠷᠣᠭᠠᠳ ᠶᠠᠪᠣᠴᠢᠬᠠᠨ᠎ᠠ ᠭᠡᠵᠥ ᠢᠷᠣᠯᠠᠵᠥ᠂ ᠵᠠᠪᠠᠯ ᠭᠡᠷ ᠤᠨ ᠡᠭᠦᠳᠠᠨ ᠤ ᠡᠰᠡᠷᠭᠦ | ᠪᠠᠷᠠᠭᠠᠨ ᠲᠠᠯ᠎ᠠ ᠳᠤ ᠬᠠᠨᠳᠠᠭᠤᠯᠣᠨ ᠭᠡᠵᠥ᠂ ᠭᠢᠰᠢᠭ ᠢᠶᠠᠨ ᠬᠤᠷᠢᠶᠠᠵᠥ ᠪᠠᠶᠢᠨ᠎ᠠ ᠭᠡᠵᠥ ᠪᠡᠯᠭᠡᠰᠢᠶᠡᠳᠡᠭ᠃ | ᠭᠤᠴᠢᠨ ᠠᠴᠠ ᠡᠮᠣᠨ᠎ᠡ ᠬᠠᠭᠤᠴᠢᠨ ᠵᠢᠯ ᠤᠨ ᠣᠣᠭᠤᠵᠥ ᠦᠯᠡᠳᠦᠭᠰᠠᠨ ᠡᠮ ᠲᠠᠩ ᠪᠣᠯᠣᠨ ᠮᠠᠭᠤ ᠬᠠᠭᠤᠴᠢᠨ | ᠬᠤᠪᠴᠠᠰᠤ ᠶᠢ ᠭᠠᠶᠢᠯᠠᠨ ᠬᠠᠶᠠᠳᠠᠭ᠃ ᠡᠪᠡᠳᠴᠢᠨ ᠭᠡᠮ ᠢ ᠬᠠᠶ᠋ᠢᠵᠥ᠂ ᠮᠠᠭᠤ ᠮᠠᠭᠤᠬᠠᠢ ᠪᠣᠵᠠᠷ ᠪᠣᠷᠳᠠᠭ ᠢ ᠬᠠᠶ᠋ᠢᠵᠥ | ᠂ ᠰᠢᠨ᠎ᠠ ᠵᠢᠯ ᠳᠠᠭᠠᠨ ᠡᠪᠠᠳᠴᠢᠨ ᠭᠡᠮ ᠦᠭᠡᠢ ᠡᠷᠡᠭᠦᠯ ᠰᠠᠶᠢᠬᠠᠨ ᠠᠮᠢᠳᠣᠷᠠᠬᠤ ᠶᠢ ᠪᠡᠯᠭᠡᠰᠢᠶᠠᠵᠥ ᠪᠠᠶᠢᠳᠠᠭ᠃ ᠦᠷᠢ | ᠦᠭᠡᠢ ᠦᠭᠡᠳᠠ ᠲᠠᠢ ᠶᠠᠪᠣᠬᠤ ᠶᠢ ᠪᠡᠯᠭᠡᠰᠢᠶᠠᠵᠥ ᠨᠢᠭᠡᠨ ᠰᠢᠨ᠎ᠠ ᠠᠴᠠ ᠣᠷᠢᠳᠠ ᠦᠷᠢᠨ ᠱᠠᠷᠢ ᠪᠠᠶᠢᠪᠠᠯ ᠬᠠᠷᠢᠭᠤᠯᠵᠥ | ᠦᠭᠭᠦᠳᠡᠭ᠂ ᠡᠰᠠᠭᠦᠶᠢᠯᠠ ᠦᠷᠢ ᠲᠠᠢ ᠪᠠᠨ ᠰᠢᠨ᠎ᠠ ᠵᠢᠯ ᠳᠤ ᠣᠷᠣᠪᠠᠯ ᠨᠢᠭᠡ ᠵᠢᠯ ᠦᠷᠢ ᠲᠦᠯᠦᠭᠡᠳ ᠭᠠᠷᠣᠨ᠎ᠠ | ᠭᠡᠳᠡᠭ᠃ ᠨᠢᠭᠡᠨ ᠰᠢᠨ᠎ᠠ ᠳᠤ ᠭᠦᠮᠦᠨ ᠠᠴᠠ ᠦᠷᠦ ᠨᠡᠭᠡᠭᠦ ᠦᠭᠡᠢ᠃ ᠭᠦᠮᠦᠨ ᠪᠠᠰᠨ ᠰᠠᠶᠢᠨ ᠰᠠᠶᠢᠬᠠᠨ ᠢ ᠪᠣᠳᠣᠵᠥ᠂ | ᠨᠢᠭᠡᠨ ᠰᠢᠨ᠎ᠠ ᠳᠤ ᠦᠷᠦ ᠬᠠᠷᠢᠭᠤᠯᠪᠠᠯ ᠨᠢᠭᠡ ᠵᠢᠯ ᠳᠡᠭᠡᠨ ᠦᠷᠢ ᠬᠠᠷᠢᠭᠤᠯᠵᠥ ᠰᠠᠭᠤᠬᠤ ᠶᠢ ᠪᠣᠳᠣᠵᠥ ᠪᠠᠶᠢᠯ᠎ᠠ | ᠭᠡᠳ ᠪᠠᠰᠨ ᠦᠭᠭᠦ ᠦᠭᠡᠢ᠂ ᠲᠡᠶᠢᠮᠣ ᠠᠴᠠ ᠡᠰᠠ ᠰᠣᠷᠣᠭᠰᠠᠨ ᠨᠢ ᠰᠠᠶᠢᠨ᠃ | ᠴᠠᠭ᠎ᠠ ᠲᠠᠰᠣᠯᠠᠵᠥ ᠪᠣᠯᠬᠤ ᠦᠭᠡᠢ᠃ ᠭᠦᠮᠦᠨ ᠮᠠᠠᠳᠣ ᠪᠠᠨ ᠲᠠᠪᠰᠢᠭᠦᠯᠵᠥ ᠴᠠᠭ᠎ᠠ ᠭᠦᠷᠭᠡᠵᠥ ᠢᠷᠡᠭᠰᠠᠨ ᠠᠶᠢᠯ ᠳᠤ | ᠬᠠᠷᠢᠭᠤ ᠴᠠᠭ᠎ᠠ ᠭᠦᠷᠭᠡᠭᠦ ᠦᠭᠡᠢ ᠪᠣᠯ ᠭᠦᠡᠳᠣᠯᠡᠵᠥ ᠲᠣᠭᠠᠭᠰᠠᠨ ᠦᠭᠡᠢ ᠳᠤ ᠲᠣᠭᠠᠴᠢᠭᠳᠠᠨ᠎ᠠ ᠭᠡᠳ ᠵᠠᠪᠠᠯ ᠴᠠᠭᠠᠨ | ᠰᠠᠷ᠎ᠠ ᠲᠣᠳᠣᠷ᠎ᠡ ᠬᠠᠷᠢᠭᠤ ᠴᠠᠭ᠎ᠠ ᠭᠦᠷᠭᠡᠭᠦ ᠶᠣᠰᠣ ᠲᠠᠢ ᠶᠣᠮ᠃ | | |