| | | ᠠᠯᠠᠱᠠ ᠬᠤᠱᠤᠳ ᠬᠤᠰᠢᠭᠤᠨ ᠤ ᠠᠩᠬᠠᠳᠤᠭᠠᠷ ᠵᠠᠰᠠᠬ ᠨᠤᠶᠠᠨ ᠬᠤᠷᠤᠯᠠᠢ ᠠᠩᠬ᠎ᠠ ᠰᠢᠨᠵᠢᠶᠠᠩ ᠠᠴᠠ | 1000 ᠭᠠᠷᠤᠢ ᠡᠷᠤᠭᠡ ᠶᠢᠨ 7000 ᠭᠠᠷᠤᠢ ᠬᠥᠮᠤᠨ ᠢᠶᠠᠨ ᠲᠠᠭᠠᠭᠤᠯᠤᠨ ᠢᠷᠡᠵᠡᠢ᠃ ᠡᠬᠦᠨ ᠤ ᠳᠤᠳᠤᠷ᠎ᠠ | ᠮᠤᠩᠭᠤᠯ ᠥᠨᠳᠤᠰᠤᠳᠠᠨ ᠤ ᠪᠤᠷᠵᠢᠬᠢᠨ᠂ ᠥᠭᠡᠯᠡᠳ᠂ ᠲᠤᠷᠭᠤᠳ᠂ ᠪᠠᠭ᠎ᠠ ᠲᠤᠷᠭᠤᠳ᠂ ᠲᠥᠷᠪᠡᠳ᠂ ᠪᠠᠭ᠎ᠠ | ᠲᠥᠷᠪᠡᠳ᠂ ᠵᠡᠬᠦᠨᠭᠠᠷ ︵ᠵᠥᠡᠭᠭᠠᠷ︶᠂ ᠬᠤᠶᠢᠳ᠂ ᠪᠠᠭ᠎ᠠ ᠬᠤᠶᠢᠳ᠂ ᠲᠤᠩᠮᠤᠳ᠂ ᠰᠢᠷᠮᠤᠳ᠂ ᠪᠠᠭ᠎ᠠ ᠰᠢᠷᠮᠤᠳ᠂ | ᠪᠠᠷᠮᠤᠳ᠂ ᠤᠷᠳᠤᠰ᠂ ᠤᠷᠤᠰ᠂ ᠬᠠᠯᠬᠠᠰ᠂ ᠪᠥᠢᠰ᠂ ᠵᠠᠷᠳᠠᠬ᠂ ᠲᠤᠷᠯᠠᠮᠴᠤᠳ᠂ ᠠᠪᠠᠭ᠋ᠠᠰ᠂ ᠬᠥᠷᠤᠭᠡᠴᠢᠨ᠂ | ᠠᠷᠠᠩᠭᠠᠨ᠂ ᠵᠠᠷᠮᠤᠳ᠂ ᠰᠠᠷᠠᠶᠢᠭᠤᠤᠯ᠂ ᠰᠢᠷ᠎ᠠ ᠮᠤᠩᠭᠤᠯᠮᠤᠳ᠂ ᠬᠠᠷ᠎ᠠ ᠮᠤᠩᠭᠤᠯᠮᠤᠳ᠂ ᠴᠡᠳᠡᠨ᠂ ᠮᠤᠷᠢᠨᠤᠳ᠂ | ᠱᠠᠶᠢᠵᠢᠩ᠂ ᠤᠷᠤᠮᠪᠤ᠂ ᠨᠤᠬᠤᠨ᠂ ᠪᠠᠳᠤᠳ᠂ ᠬᠠᠨᠭ᠍ᠬᠢᠨ᠂ ᠪᠠᠶᠢᠰᠢᠩᠭᠤᠳ᠂ ᠴᠤᠷᠤᠰ᠂ ᠬᠤᠷᠠᠯᠳᠤᠨ᠂ ᠤᠷᠴᠢᠬ᠂ | ᠲᠤᠯᠤᠨᠤᠳ᠂ ᠬᠠᠷᠭᠤᠳ᠂ ᠰᠤᠯᠤᠨ᠂ ᠰᠤᠤᠷᠢᠨ᠂ ᠬᠥᠷᠢᠶᠡᠳ᠂ ᠠᠩᠭᠤᠳ᠂ ᠵᠢᠷᠭᠤᠨᠤᠳ᠂ ᠤᠷᠠᠳ᠂ ᠪᠠᠷᠭᠤᠳ᠂ | ᠬᠠᠳᠠᠨᠤᠳ᠂ ᠲᠠᠩᠭᠤᠳ᠂ ᠤᠷᠳᠤᠤᠮᠤᠳ᠂ ᠲᠥᠮᠡᠳ᠂ ᠴᠡᠷᠴᠡᠰ᠂ ᠶᠠᠷᠮᠤᠰ᠂ ᠲᠤᠯᠤᠳ᠂ ᠲᠠᠯᠠᠳ᠂ ᠤᠢᠢᠭᠤᠳ᠂ | ᠭᠡᠤᠭᠡᠳ᠂ ᠴᠠᠬᠠᠷ᠂ ᠪᠠᠷᠠᠭᠤᠨᠭᠠᠷ᠂ ᠬᠠᠷᠠᠩᠭᠠᠨ᠂ ᠪᠤᠷᠢᠶᠠᠳ᠂ ᠰᠤᠯᠤᠩᠭᠤᠳ ᠁ ᠵᠡᠷᠭᠡ ᠵᠢᠷᠠᠨ ᠭᠡᠳᠤᠨ | ᠤᠪᠤᠬᠳᠠᠨ ᠪᠠᠶᠢᠵᠡᠢ᠃ ᠬᠤᠳᠤᠩ ᠥᠨᠳᠤᠰᠤᠳᠠᠨ ᠤ ᠰᠠᠶᠢᠷᠢᠨ᠂ ᠠᠨᠳᠠᠵᠠ᠂ ᠬᠢᠷᠭᠠᠰ᠂ ᠪᠠᠷᠭᠤᠳ᠂ ᠬᠠᠯᠬᠤᠳ | ᠵᠡᠷᠭᠡ ᠲᠠᠪᠤᠨ ᠤᠪᠤᠬᠳᠠᠨ ᠪᠠᠶᠢᠪᠠ᠃ ᠬᠤᠵᠢᠮ ᠨᠢ ᠬᠢᠳᠠᠳ ᠥᠨᠳᠤᠰᠤᠳᠠᠨ ᠤ ᠵᠠᠩ᠂ ᠮᠠ ᠬᠤᠶᠠᠷ ᠤᠪᠤᠬᠳᠠᠨ | ᠨᠡᠮᠡᠭᠳᠡᠭᠰᠡᠨ ᠪᠥᠭᠡᠳ ᠮᠠᠨᠵᠤ ᠶᠢᠨ ᠬᠠᠭᠠᠨ ᠤ ᠬᠥᠡᠭᠵᠤ ᠶᠢᠨ ᠢᠨᠵᠢ ᠲᠠᠭᠠᠭᠤᠯᠢ ᠳᠤ ᠢᠷᠡᠭᠰᠡᠨ ᠮᠠᠨᠵᠤ | ᠥᠨᠳᠤᠰᠤᠳᠠᠨ ᠤ ᠵᠠᠩ᠂ ᠯᠢ᠂ ᠰᠢᠶᠧ᠂ ᠸᠧᠢ᠂ ᠯᠢᠤ᠂ ᠵᠤᠤ᠂ ᠶᠢᠨ᠂ ᠰᠢᠤᠢ᠂ ᠬᠤᠸᠠᠩ᠂ ᠢᠤᠢ᠂ ᠸᠠᠩ ᠵᠡᠷᠭᠡ | ᠠᠷᠪᠠᠨ ᠨᠢᠭᠡᠨ ᠤᠪᠤᠬᠳᠠᠨ ᠴᠥᠮ ᠥᠪᠡᠷ ᠢ ᠪᠠᠨ ᠮᠤᠩᠭᠤᠯ ᠥᠨᠳᠤᠰᠤᠳᠠᠨ ᠭᠡᠵᠤ ᠮᠡᠳᠡᠷᠡᠭᠰᠡᠭᠡᠷ ᠢᠷᠡᠭᠰᠡᠨ ᠲᠤᠯᠠ | ᠮᠤᠩᠭᠤᠯᠴᠤᠳ ᠤᠨ ᠤᠪᠤᠬ ᠲᠤ ᠪᠠᠭᠳᠠᠬᠤ ᠠᠵᠢ᠃ | ᠠᠯᠠᠱᠠ ᠮᠤᠩᠭᠤᠯᠴᠤᠳ ᠠᠩᠬ᠎ᠠ ᠰᠢᠨᠵᠢᠶᠠᠩ ᠠᠴᠠ ᠢᠷᠡᠬᠦ ᠳᠤ 7000 ᠬᠥᠮᠤᠨ ᠲᠠᠢ ᠪᠠᠶᠢᠬᠰᠠᠨ ᠪᠤᠯᠪᠠᠰᠤ | ᠰᠡᠬᠦᠯᠡᠷ ᠰᠢᠨᠵᠢᠶᠠᠩ ᠠᠴᠠ ᠤᠷᠢᠳ ᠬᠤᠵᠢᠳ ᠲᠥᠷᠤᠯ ᠰᠠᠳᠤᠨ ᠢᠶᠠᠨ ᠡᠷᠢᠵᠤ ᠢᠷᠡᠭᠰᠡᠳ᠂ ᠲᠠᠶᠢᠨ | ᠪᠠᠶᠢᠯᠳᠤᠭᠠᠨ ᠤ ᠲᠤᠮᠳᠠ ᠪᠠᠭᠤᠵᠤ ᠲᠠᠭᠠᠬᠰᠠᠳ ᠬᠢᠭᠡᠳ ᠪᠤᠰᠤᠳ ᠭᠠᠵᠠᠷ ᠠᠴᠠ ᠠᠯᠠᠱᠠ ᠶᠢᠨ ᠠᠷᠠᠳ ᠪᠤᠯᠬᠤ ᠪᠠᠷ | ᠭᠤᠶᠤᠵᠤ ᠢᠷᠡᠭᠰᠡᠳ ᠨᠢ ᠬᠥᠮᠤᠨ ᠠᠮᠠ ᠶᠢᠨ ᠥᠰᠥᠯᠳᠠ ᠳᠤ ᠮᠠᠰᠢ ᠶᠡᠭᠡ ᠥᠢᠯᠠᠳᠤᠯ ᠥᠵᠠᠭᠦᠯᠥᠭᠰᠠᠠ ᠪᠠᠶᠢᠨ᠎ᠠ᠃ | ᠡᠬᠦᠨ ᠤ ᠲᠤᠳᠤᠷᠠᠬᠢ ᠪᠤᠷᠵᠢᠬᠢᠨ ᠤᠪᠤᠬᠳᠠᠨ ᠠᠴᠠ ᠪᠤᠰᠤᠳ ᠨᠢ ᠴᠥᠮ ᠬᠠᠷᠠᠴᠤ ᠠᠷᠠᠳ ᠢᠷᠭᠡᠳ ᠪᠤᠯᠤᠨ᠎ᠠ᠃ | ᠬᠠᠷᠠᠴᠤ ᠠᠷᠠᠳ ᠢᠷᠭᠡᠳ ᠤᠨ ᠲᠤᠳᠤᠷᠠᠬᠢ ᠵᠠᠰᠠᠬ ᠨᠤᠶᠠᠳ ᠲᠤ ᠬᠠᠷᠢᠶᠠᠯᠠᠬᠳᠠᠬᠤ ᠶᠢ ᠨᠢ ᠠᠯᠪᠠᠳᠤ ᠠᠷᠠᠳ ᠭᠡᠵᠤ᠂ | ᠭᠡᠭᠡᠨ ᠬᠤᠳᠤᠬᠳᠤ ᠪᠤᠶᠤ ᠯᠠᠮᠠᠳᠠᠨ ᠳᠤ ᠬᠠᠷᠢᠶᠠᠯᠠᠬᠳᠠᠬᠤ ᠶᠢ ᠨᠢ ᠱᠠᠪᠢ ᠨᠠᠷ ᠭᠡᠵᠤ ᠲᠠᠭᠤᠳᠠᠳᠠᠬ ᠪᠠᠶᠢᠪᠠ᠃ | ᠠᠯᠪᠠᠳᠤ ᠭᠡᠳᠡᠭ ᠨᠢ ᠡᠬᠦᠷᠭᠡ ᠬᠥᠢᠴᠡᠳᠭᠡᠭᠴᠢ ᠭᠡᠰᠡᠨ ᠤᠳᠬ᠎ᠠ ᠲᠠᠢ ᠪᠥᠭᠡᠳ ᠵᠠᠰᠠᠬ ᠨᠤᠶᠠᠳ ᠲᠤ ᠰᠢᠭᠤᠳ | ᠵᠠᠬᠢᠷᠤᠬᠳᠠᠨ ᠠᠯᠪᠠ ᠲᠤᠰᠢᠶᠠᠳᠠᠬ᠃ ᠱᠠᠪᠢ ᠨᠠᠷ ᠭᠡᠳᠡᠭ ᠨᠢ ᠭᠡᠷᠡᠭ ᠲᠡᠭᠡᠷ᠎ᠠ ᠪᠠᠨ ᠯᠠᠮᠠ ᠬᠠᠷ᠎ᠠ ᠶᠢ ᠪᠠᠭᠳᠠᠭᠠᠬᠰᠠᠨ | ᠠᠯᠪᠠᠳᠤ ᠮᠥᠨ ᠪᠥᠭᠡᠳ ᠭᠡᠭᠡᠨ ᠬᠤᠳᠤᠬᠳᠤ ᠪᠤᠶᠤ ᠯᠠᠮᠠᠳᠠᠨ ᠳᠤ ᠰᠢᠭᠤᠳ ᠵᠠᠬᠢᠷᠤᠬᠳᠠᠵᠤ ᠠᠯᠪᠠ ᠲᠤᠰᠢᠶᠠᠳᠠᠬ | ᠶᠤᠮ᠃ ᠵᠠᠰᠠᠬ ᠨᠤᠶᠠᠳ ᠤᠨ ᠬᠠᠷᠢᠶᠠᠨ ᠤ ᠠᠯᠪᠠᠳᠤ ᠶᠢ ᠪᠤᠳᠤᠪᠠᠯ ᠱᠠᠪᠢ ᠨᠠᠷ ᠨᠢ ᠮᠠᠰᠢ ᠴᠥᠭᠡᠨ ᠲᠤᠭ᠎ᠠ ᠶᠢ | ᠡᠵᠡᠯᠡᠨ᠎ᠠ᠃ ᠪᠤᠰᠤᠳ ᠬᠤᠰᠢᠭᠤᠨ ᠠᠴᠠ ᠨᠡᠬᠦᠳᠡᠯᠯᠡᠨ ᠢᠷᠡᠭᠡᠳ ᠲᠤᠰ ᠬᠤᠰᠢᠭᠤᠨ ᠳᠤ ᠨᠤᠳᠤᠬᠯᠠᠨ ᠰᠠᠭᠤᠵᠤ | ᠪᠠᠶᠢᠭ᠎ᠠ ᠪᠤᠯᠪᠠᠴᠤ ᠰᠢᠷ᠎ᠠ ᠲᠠᠩᠰᠠ ᠳᠤ ᠤᠷᠤᠭᠠᠳᠤᠢ ᠮᠤᠩᠭᠤᠯ ᠬᠥᠮᠤᠨ ᠢ ᠴᠥᠮ ︽ᠴᠠᠭᠠᠴᠢᠨ︾ ᠭᠡᠵᠤ | ᠲᠠᠭᠤᠳᠠᠳᠠᠬ ᠠᠵᠢ᠃ ᠶᠡᠷᠤ ᠨᠢ ᠠᠯᠠᠱᠠ ᠶᠢᠨ ᠨᠤᠳᠤᠬ ᠲᠠᠪᠢᠰᠭᠡᠷ ᠥᠷᠭᠡᠨ ᠠᠭᠤᠳᠠᠮ ᠪᠤᠯᠪᠠᠴᠤ ᠨᠢᠭᠡ ᠲᠠᠯ᠎ᠠ ᠪᠠᠷ | ᠬᠤᠷ᠎ᠠ ᠪᠤᠷᠤᠭᠠᠨ ᠪᠠᠭ᠎ᠠ᠂ ᠤᠰᠤ ᠬᠤᠪᠤᠷ ᠤᠴᠢᠷ ᠠᠴᠠ ᠪᠤᠰᠤᠳ ᠬᠤᠰᠢᠭᠤ ᠨᠤᠳᠤᠬ ᠤᠨ ᠮᠠᠯᠴᠢᠳ ᠢ | ᠤᠷᠤᠭᠤᠯᠵᠤ ᠢᠷᠡᠬᠦᠯᠬᠦ ᠥᠭᠡᠢ᠂ ᠨᠥᠬᠦᠭᠡ ᠲᠠᠯ᠎ᠠ ᠪᠠᠷ ᠤᠷᠤᠨ ᠨᠤᠳᠤᠬ ᠤᠨ ᠠᠮᠤᠷ ᠲᠥᠪᠰᠢᠨ ᠢ | ᠬᠠᠮᠠᠭᠠᠯᠠᠬᠤ ᠶᠢᠨ ᠲᠥᠯᠤᠭᠡ ᠭᠠᠳᠠᠨᠠᠬᠢ ᠶᠢᠨ ᠬᠥᠮᠤᠰ ᠲᠤᠰ ᠬᠤᠰᠢᠭᠤᠨ ᠳᠤ ᠲᠤᠷ᠎ᠠ ᠲᠠᠪᠠ ᠪᠠᠷ ᠢᠶᠠᠨ ᠤᠷᠤᠵᠤ | ᠢᠷᠡᠬᠦ ᠶᠢ ᠴᠠᠭᠠᠵᠠᠯᠠᠨ ᠬᠤᠷᠢᠬᠯᠠᠳᠠᠬ ᠪᠠᠶᠢᠵᠡᠢ᠃ ᠵᠢᠱᠢᠶᠡᠯᠡᠪᠡᠯ᠂ 1900 ᠤᠨ ᠤ 6 ᠳ᠋ᠤᠭᠠᠷ ᠰᠠᠷ᠎ᠠ ᠶᠢᠨ 27 ᠤ | ᠡᠳᠤᠷ ᠬᠤᠰᠢᠭᠤ ᠲᠠᠮᠠᠭ᠎ᠠ ᠶᠢᠨ ᠶᠠᠮᠤᠨ ᠠᠴᠠ ᠱᠠᠰᠢᠨ ᠢ ᠪᠠᠳᠠᠷᠠᠭᠤᠯᠤᠬᠴᠢ ᠰᠥᠮ᠎ᠠ ᠳᠤ ᠥᠭᠬᠦᠭᠰᠡᠨ | ᠵᠢᠭᠠᠪᠤᠷᠢ ᠳᠠᠭᠠᠨ᠄ ︽᠁ ᠲᠠᠩᠭᠤᠳ᠂ ᠬᠢᠳᠠᠳ᠂ ᠬᠠᠯᠬ᠎ᠠ᠂ ᠬᠠᠷᠠᠴᠢᠨ ᠵᠡᠷᠭᠡ ᠴᠠᠭᠠᠴᠢᠨ ᠯᠠᠮᠠ ᠮᠠᠨ ᠤ | ᠬᠤᠰᠢᠭᠤᠨ ᠤ ᠲᠥᠷᠪᠡᠨ ᠶᠡᠭᠡ ᠰᠥᠮ᠎ᠠ ᠪᠠ ᠡᠯ᠎ᠠ ᠪᠠᠭ᠎ᠠ ᠰᠥᠮ ᠠ ᠳᠤ ᠥᠯᠡᠳᠡᠨ ᠰᠠᠭᠤᠵᠤ ᠭᠡᠷᠡᠭ ᠤᠷᠰᠢᠬ | ᠲᠠᠳᠠᠵᠤ᠂ ᠨᠤᠳᠤᠬ ᠤᠨ ᠬᠥᠮᠤᠨ ᠳᠤ ᠬᠤᠯᠪᠤᠬᠳᠠᠭᠤᠯᠵᠤ ᠭᠡᠷᠡᠭ ᠲᠤ ᠴᠢᠷᠥᠭᠳᠡᠬᠦᠯᠬᠦ ᠶᠢ ᠪᠤᠯᠭᠤᠮᠵᠢᠯᠠᠬᠤ ᠭᠡᠷᠡᠭᠳᠡᠢ᠃ | ᠁ ᠲᠥᠪᠡᠳ᠂ ᠬᠥᠭᠡᠨᠡᠭᠤᠷ ᠵᠡᠷᠭᠡ ᠭᠠᠵᠠᠷ ᠲᠤ ᠶᠠᠪᠤᠵᠤ ᠰᠤᠷᠤᠯᠴᠠᠬᠤ ᠲᠤᠷᠠᠳᠠᠢ ᠶᠢ ᠨᠢ ᠰᠠᠶᠢᠨ ᠲᠤᠷ᠎ᠠ ᠪᠠᠷ ᠨᠢ | ᠪᠤᠯᠭᠠᠵᠤ᠂ ᠬᠤᠰᠢᠭᠤᠨ ᠤ ᠡᠮᠤᠨ᠎ᠠ ᠲᠠᠯ᠎ᠠ ᠶᠢᠨ ᠬᠢᠯᠢ ᠠᠴᠠ ᠭᠠᠷᠭᠠᠬᠤ ᠭᠡᠷᠡᠭᠳᠡᠢ︾ ᠭᠡᠵᠡᠢ᠃ ᠡᠶᠢᠮᠤ ᠪᠠᠶᠢᠳᠠᠯ ᠤᠨ | ᠲᠤᠤᠷ᠎ᠠ᠂ ᠴᠠᠭᠠᠴᠢᠨ ᠪᠤᠯᠤᠨ ᠬᠢᠳᠠᠳ ᠬᠥᠮᠤᠨ ᠵᠢᠴᠢ ᠪᠤᠰᠤᠳ ᠴᠥᠭᠡᠨ ᠲᠤᠭᠠᠳᠤ ᠥᠨᠳᠤᠰᠤᠳᠠᠨ ᠤ ᠬᠥᠮᠤᠨ | ᠭᠡᠷᠪᠡ ᠲᠤᠰ ᠬᠤᠰᠢᠭᠤᠨ ᠳᠤ ᠤᠷᠳᠤ ᠬᠤᠭᠤᠴᠠᠭ᠎ᠠ ᠪᠠᠷ ᠰᠠᠭᠤᠬᠤ ᠲᠤᠷᠠᠳᠠᠢ ᠪᠤᠯ ᠡᠨᠡ ᠬᠦ ᠲᠠᠷᠤᠯᠳᠠ | ᠭᠠᠳᠠᠭᠤᠷᠴᠢᠯᠠᠯ ᠠᠴᠠ ᠵᠠᠶᠢᠯᠠᠰᠬᠢᠬᠦ ᠶᠢᠨ ᠲᠥᠯᠤᠭᠡ ᠲᠤᠰ ᠬᠤᠰᠢᠭᠤᠨ ᠤ ᠬᠠᠷᠢᠶᠠᠳᠤ ᠠᠷᠠᠳ ᠪᠤᠯᠬᠤ ᠪᠠᠷ ᠡᠷᠬᠦᠳᠡᠯ | ᠪᠢᠴᠢᠳᠡᠭ᠃ ᠢᠡᠭᠬᠢᠭᠡᠳ ᠲᠤᠰ ᠤᠷᠤᠨ ᠤ ᠨᠢᠭᠡᠨ ᠲᠠᠨᠢᠳᠠᠬ ᠬᠥᠮᠤᠨ ᠲᠠᠢ ᠠᠬ᠎ᠠ ᠲᠡᠬᠦᠤ ᠪᠠᠷᠢᠯᠳᠤᠵᠤ᠂ ᠭᠡᠷ | ᠪᠥᠯᠢ ᠳᠤᠨᠢ ᠪᠠᠭᠳᠠᠭᠠᠳ ᠲᠡᠬᠦᠨ ᠤ ᠤᠪᠤᠬ ᠢ ᠲᠠᠭᠠᠬᠤ ᠭᠡᠷᠡᠭᠳᠡᠢ᠃ ᠲᠡᠷᠡ ᠬᠦ ᠠᠬ᠎ᠠ ᠲᠡᠬᠦᠤ ᠪᠠᠷᠢᠯᠳᠤᠬᠰᠠᠨ ᠲᠤᠰ | ᠤᠷᠤᠨ ᠤ ᠬᠥᠮᠤᠨ ᠨᠢ ᠪᠠᠳᠤᠯᠠᠬᠤ ᠬᠥᠮᠤᠨ ᠤ ᠬᠤᠪᠢ ᠪᠠᠷ ᠵᠠᠰᠠᠬ ᠨᠤᠶᠠᠳ ᠤᠨ ᠭᠠᠵᠠᠷ ᠮᠡᠳᠡᠬᠦᠯᠥᠭᠰᠡᠨ ᠤ ᠲᠠᠷᠠᠭ᠎ᠠ | ᠲᠠᠮᠠᠭ᠎ᠠ ᠶᠢᠨ ᠶᠠᠮᠤᠨ ᠠᠴᠠ ᠪᠠᠶᠢᠴᠠᠭᠠᠵᠤ ᠥᠵᠡᠭᠡᠳ ᠠᠰᠠᠭᠤᠳᠠᠯ ᠥᠭᠡᠢ ᠪᠤᠯ ᠰᠢᠷ᠎ᠠ ᠲᠠᠩᠰᠠ ᠳᠤ ᠨᠡᠷ᠎ᠠ ᠲᠡᠮᠳᠡᠭᠯᠡᠵᠤ | ᠠᠯᠪᠠᠳᠤ ᠠᠷᠠᠳ ᠪᠤᠯᠭᠠᠨ ᠬᠤᠷᠢᠶᠠᠨ ᠠᠪᠴᠤ ᠪᠤᠯᠤᠨ᠎ᠠ᠃ | ᠬᠢᠳᠠᠳ ᠬᠥᠮᠤᠨ ᠲᠤᠰ ᠬᠤᠰᠢᠭᠤᠨ ᠳᠤ ᠨᠡᠬᠦᠳᠡᠯᠯᠡᠨ ᠢᠷᠡᠵᠤ ᠰᠠᠭᠤᠬᠤ ᠳᠤ ᠤᠯᠠᠩᠬᠢ ᠳᠠᠭᠠᠨ | ᠮᠤᠩᠭᠤᠯᠴᠤᠳ ᠠᠴᠠ ᠭᠠᠵᠠᠷ ᠲᠥᠷᠢᠶᠡᠰᠤᠯᠡᠨ ᠲᠠᠷᠢᠶ᠎ᠠ ᠲᠠᠷᠢᠵᠤ ᠪᠤᠯᠬᠤ ᠠᠴᠠ ᠪᠢᠰᠢ᠂ ᠬᠠᠷᠢᠨ ᠭᠠᠵᠠᠷ ᠰᠢᠷᠤᠢ | ᠡᠵᠡᠯᠡᠵᠤ᠂ ᠭᠡᠷ ᠪᠠᠶᠢᠰᠢᠩ ᠪᠠᠷᠢᠵᠤ ᠪᠤᠯᠬᠤ ᠥᠭᠡᠢ᠃ ᠭᠡᠷᠪᠡ ᠭᠡᠷ ᠪᠠᠶᠢᠰᠢᠩ ᠪᠠᠷᠢᠬᠤ ᠴᠢᠬᠤᠯᠠ ᠲᠠᠢ ᠪᠤᠯ | ᠲᠥᠷᠤᠬᠦᠤ ᠭᠤᠷᠪᠠᠨ ᠵᠢᠯ ᠤᠨ ᠲᠤᠳᠤᠷ᠎ᠠ ᠪᠠᠷᠢᠬᠰᠠᠨ ᠰᠢᠨ᠎ᠠ ᠪᠠᠶᠢᠰᠢᠩ ᠠᠴᠠ ᠬᠥᠯᠥᠰᠤᠨ ᠮᠥᠡᠭᠬᠦ ᠬᠤᠷᠢᠶᠠᠬᠤ | ᠥᠭᠡᠢ᠂ ᠭᠤᠷᠪᠠᠨ ᠵᠢᠯ ᠥᠡᠭᠭᠡᠷᠡᠪᠡᠯ ᠭᠡᠷ ᠪᠠᠶᠢᠰᠢᠩ ᠢ ᠲᠠᠷᠢᠶᠠᠨ ᠤ ᠡᠵᠡᠨ ᠤ ᠬᠥᠷᠤᠩᠭᠡ ᠪᠤᠯᠭᠠᠬᠤ ᠶᠢᠨ ᠬᠠᠮᠳᠤ | ᠬᠥᠯᠥᠰᠤᠨ ᠤ ᠮᠥᠡᠭᠬᠦ ᠬᠤᠷᠢᠶᠠᠨ᠎ᠠ᠃ ᠬᠢᠳᠠᠳ ᠠᠷᠠᠳ ᠢᠷᠭᠡᠳ ᠪᠠᠰᠠ ᠲᠤᠰ ᠬᠤᠰᠢᠭᠤᠨ ᠤ ᠬᠠᠷᠢᠶᠠᠳᠤ ᠠᠯᠪᠠᠳᠤ | ᠠᠷᠠᠳ ᠪᠤᠯᠬᠤ ᠪᠠᠷ ᠭᠤᠶᠤᠴᠢᠯᠠᠪᠠᠯ ᠮᠥᠨ ᠲᠡᠭᠡᠷ᠎ᠠ ᠲᠤᠷᠠᠳᠤᠬᠰᠠᠨ ᠮᠡᠳᠤ ᠭᠠᠷ ᠤᠨ ᠬᠥᠢᠴᠡᠳᠭᠡᠯ ᠬᠢᠬᠦ ᠶᠤᠰᠤᠳᠠᠢ | ᠪᠥᠭᠡᠳ ᠵᠠᠪᠠᠯ ᠥᠨᠳᠤᠰᠤᠳᠠᠨ ᠢᠶᠠᠨ ᠥᠭᠡᠷᠡᠳᠤᠬᠦᠯᠥᠨ ᠮᠤᠩᠭᠤᠯ ᠳᠤ ᠪᠠᠭᠳᠠᠵᠤ ᠤᠷᠤᠭᠠᠳ ᠮᠤᠩᠭᠤᠯ ᠨᠡᠷ᠎ᠠ ᠲᠠᠢ | ᠪᠤᠯᠬᠤ ᠭᠡᠷᠡᠭᠳᠡᠢ᠃ ᠢᠡᠭᠬᠢᠪᠡᠯ ᠰᠠᠶ᠋ᠢ ᠲᠤᠰ ᠬᠤᠰᠢᠭᠤᠨ ᠤ ᠵᠢᠩᠬᠢᠨᠢ ᠠᠯᠪᠠᠳᠤ ᠠᠷᠠᠳ ᠪᠤᠯᠤᠬᠰᠠᠨ ᠳᠤ | ᠲᠤᠭᠠᠴᠠᠬᠳᠠᠵᠤ᠂ ᠠᠪᠠᠭᠠᠢ ᠠᠪᠴᠤ ᠭᠡᠷ ᠪᠥᠯᠢ ᠪᠤᠯᠵᠤ ᠪᠤᠯᠤᠨ᠎ᠠ᠃ ᠠᠷᠠᠳ ᠢᠷᠭᠡᠳ ᠠᠯᠪᠠᠳᠤ ᠱᠠᠪᠢ ᠨᠠᠷ | ᠴᠥᠮ ᠢᠶᠠᠷ ᠢᠶᠠᠨ ᠬᠤᠪᠢ ᠶᠢᠨ ᠥᠮᠴᠢᠯᠡᠯ ᠲᠠᠢ ᠪᠥᠭᠡᠳ ᠬᠤᠰᠢᠭᠤᠨ ᠤ ᠭᠡᠪᠴᠢᠶᠠᠨ ᠳᠤ ᠪᠠᠶᠢᠷᠢ ᠪᠡᠯᠴᠢᠭᠡᠷ ᠰᠢᠯᠢᠨ | ᠮᠠᠯᠵᠢᠬᠤ ᠡᠷᠭᠡ ᠲᠠᠢ᠃ ᠪᠠᠰᠠ ᠪᠤᠳᠠ ᠶᠢᠨ ᠠᠯᠪᠠ ᠪᠠ ᠪᠤᠰᠤᠳ ᠠᠯᠢᠪᠠ ᠠᠯᠪᠠ ᠲᠤᠰᠢᠶᠠᠬᠤ ᠡᠬᠦᠷᠭᠡ ᠲᠠᠢ ᠪᠠᠶᠢᠳᠠᠬ | ᠃ ᠬᠤᠰᠢᠭᠤᠨ ᠤ ᠰᠤᠮᠤ ᠪᠠᠬ ᠤᠨ ᠠᠷᠠᠳ ᠢᠷᠭᠡᠳ ᠪᠤᠯᠤᠨ ᠨᠤᠶᠠᠳ᠂ ᠭᠡᠭᠡᠨ ᠬᠤᠳᠤᠬᠳᠤᠨ ᠤ ᠰᠢᠭᠤᠳ | ᠬᠠᠷᠢᠶᠠᠨ ᠤ ᠠᠯᠪᠠᠳᠤ ᠱᠠᠪᠢ ᠨᠠᠷ ᠥᠡᠭᠭᠡᠷᠡᠭᠰᠡᠨ ᠳᠤ ᠠᠯᠪᠠ ᠲᠤᠰᠢᠶᠠᠬᠤ ᠲᠠᠯ᠎ᠠ ᠪᠠᠷ ᠢᠯᠭᠠᠭ᠎ᠠ ᠲᠠᠢ ᠪᠠᠶᠢᠬᠰᠠᠨ | ᠪᠥᠭᠡᠳ ᠰᠤᠮᠤ ᠪᠠᠬ ᠤᠨ ᠠᠷᠠᠳ ᠢᠷᠭᠡᠳ ᠰᠤᠮᠤ ᠪᠠᠬ ᠲᠠᠭᠠᠨ ᠠᠯᠪᠠ ᠲᠤᠰᠢᠶᠠᠵᠤ᠂ ᠨᠤᠶᠠᠳ᠂ ᠭᠡᠭᠡᠠ | ᠬᠤᠳᠤᠬᠳᠤᠠ ᠤ ᠠᠯᠪᠠᠳᠤ ᠱᠠᠪᠢ ᠨᠠᠷ ᠤᠨ ᠲᠤᠰᠢᠶᠠᠬᠤ ᠠᠯᠪᠠᠨ ᠡᠬᠦᠷᠭᠡ ᠨᠢ ᠰᠤᠮᠤ ᠪᠠᠬ ᠤᠨ ᠬᠢ ᠶᠢ ᠪᠤᠳᠤᠪᠠᠯ | ᠬᠥᠡᠭᠭᠡᠨ ᠰᠢᠭ ᠪᠠᠶᠢᠪᠠ᠃ 1945 ᠤᠨ ᠠᠴᠠ ᠬᠤᠶᠢᠰᠢ ᠨᠤᠶᠠᠳ᠂ ᠭᠡᠭᠡᠨ ᠬᠤᠳᠤᠬᠳᠤᠠ ᠤ ᠰᠢᠭᠤᠳ | ᠬᠠᠷᠢᠶᠠᠯᠠᠬᠳᠠᠬᠤ ᠠᠯᠪᠠᠳᠤ ᠱᠠᠪᠢ ᠨᠠᠷ ᠤᠨ ᠲᠥᠷᠢᠮ ᠢ ᠬᠥᠴᠤᠨ ᠥᠭᠡᠢ ᠪᠤᠯᠭᠠᠬᠰᠠᠨ ᠲᠤᠯᠠ ᠠᠷᠠᠳ ᠢᠷᠭᠡᠳ | ᠠᠯᠪᠠᠳᠤ ᠱᠠᠪᠢ ᠨᠠᠷ ᠪᠥᠬᠦᠳᠡᠭᠡᠷ ᠢᠶᠠᠨ ᠨᠢᠭᠡᠨ ᠠᠳᠠᠯᠢ ᠬᠤᠰᠢᠭᠤᠨ ᠤ ᠵᠠᠰᠠᠬ ᠤᠨ ᠤᠷᠳᠤᠨ ᠳᠤ ︵ᠰᠤᠮᠤ ᠪᠠᠬ ᠢᠶᠠᠷ | ᠲᠡᠮᠵᠢᠭᠤᠯᠤᠨ︶ ᠠᠯᠪᠠ ᠭᠠᠶᠢᠯᠢ ᠲᠤᠰᠢᠶᠠᠬᠤ ᠪᠤᠯᠤᠬᠰᠠᠨ ᠪᠠᠶᠢᠯ᠎ᠠ᠃ | |