| | ᠡᠵᠡᠨ᠎ᠡ ᠶᠢᠨ ᠬᠠᠭᠤᠴᠢᠨ ᠲᠤᠷᠭᠤᠳᠴᠤᠳ ᠢ ᠦᠬᠦᠯᠡᠬᠦ ᠳᠤ᠂ ᠠᠷᠠᠪᠵᠤᠤᠷ ᠢ ᠡ᠊ᠩ ᠲᠡᠷᠢᠬᠦᠨ ᠳᠤ | ᠲᠤᠷᠠᠳᠬᠤ ᠶᠤᠰᠤᠲᠠᠢ ᠪᠢᠯᠡ᠃ ᠴᠢᠩ ᠤᠯᠤᠰ ᠤᠨ ᠡ᠊ᠩᠭᠡ ᠠᠮᠤᠭᠤᠯᠠᠩ ᠤᠨ ᠭᠤᠴᠢᠨ ᠲᠤᠯᠤᠭᠠᠨ ᠤᠨ ᠳᠤ᠂ | ᠢᠵᠢᠯ ᠮᠦ᠋ᠷᠡᠡ ᠤ ᠲᠤᠷᠭᠤᠳ ᠤᠨ ᠶᠡᠭᠡ ᠬᠠᠭᠠᠨ ᠠᠶᠤᠰᠢ ᠠᠷᠠᠪᠵᠤᠤᠷ ᠢ ᠲᠠᠯᠠᠢ ᠯᠠᠮᠠ ᠳᠤ ᠪᠠᠷᠠᠭᠠᠳᠠᠨ ᠮᠦᠷᠬᠦᠯ | ᠬᠢᠵᠦ ᠯᠠᠮᠠ ᠶᠢᠨ ᠱᠠᠰᠢᠨ ᠵᠠᠯᠠᠵᠤ ᠢᠷᠡᠬᠦᠯᠬᠦ ᠶᠢ ᠲᠤᠰᠢᠶᠠᠨ ᠲᠤᠮᠢᠯᠠᠭᠰᠠᠨ ᠳᠤ᠂ ᠲᠡᠷᠡ 500 ᠴᠡᠷᠢᠭ ᠠᠯᠪᠠᠲᠤ | ᠲᠠᠭᠠᠭᠤᠯᠤᠨ ᠮᠠᠨᠤ ᠲᠤᠬᠤᠢ ᠠᠴᠠ ᠲᠦᠪᠡᠳ ᠲᠤ ᠬᠦᠷᠴᠠᠢ᠃ 5 ᠵᠢᠯ ᠬᠢᠷᠢᠲᠠᠢ ᠪᠤᠶᠠᠨ ᠨᠤᠮ ᠦᠢᠯᠡᠳᠦᠬᠡᠳ | ᠪᠤᠴᠠᠬᠤ ᠵᠠᠮ ᠢᠶᠠᠨ ᠡᠯᠬᠦᠬᠦ ᠭᠡᠰᠡᠨ ᠳᠤ ︽ᠰᠠᠨᠵᠠᠪ ᠤᠨ ᠬᠡᠷᠡᠭ ᠤᠴᠢᠷ︾ ᠡᠬᠦᠰᠴᠦ᠂ ᠲᠡᠳᠡᠨ ᠤ ᠪᠤᠴᠠᠬᠤ ᠵᠠᠮ | ᠬᠠᠭᠠᠭᠳᠠᠭᠰᠠᠠ ᠪᠠᠶᠢᠨ᠎ᠠ᠃ ᠡᠬᠦᠨ ᠠᠴᠠ ᠪᠤᠯᠵᠤ ᠠᠷᠠᠪᠵᠤᠤᠷ ᠨᠤᠶᠠᠨ ᠠᠷᠭ᠎ᠠ ᠪᠤᠰᠤ ᠪᠡᠭᠡᠵᠢᠩ ᠳᠤ ᠡᠯᠴᠢ ᠵᠠᠷᠤᠨ | ᠲᠤᠰᠠᠯᠠᠮᠵᠢ ᠭᠤᠶᠤᠭᠰᠠᠨ ᠳᠤ᠂ ᠲᠠᠶᠢᠴᠢᠩ ᠬᠦᠷᠦᠨ ᠠᠷᠠᠪᠵᠤᠤᠷ ᠲᠤ ᠬᠤᠱᠦᠢ ᠪᠠᠶᠢᠰᠠ ᠱᠠᠩᠨᠠᠭᠰᠠᠨ ᠲᠡᠳᠦᠢ | ᠦᠭᠡᠢ ᠪᠠᠰᠠ ᠪᠤᠭᠤᠮᠲᠠ ᠶᠢᠨ ᠭᠠᠳᠠᠨᠠᠬᠢ ᠳ᠋ᠠᠩ ᠤᠨ ᠭᠤᠤᠯ᠂ ᠰᠡᠷᠳᠡᠩ ᠵᠡᠷᠭᠡ ᠭᠠᠵᠠᠷ ᠲᠤ ᠨᠤᠲᠤᠭ ᠵᠢᠭᠠᠵᠤ | ᠰᠠᠭᠤᠯᠭᠠᠨ ᠦᠪᠡᠷᠰᠡᠳ ᠤᠨ ᠢᠶᠠᠨ ᠭᠠᠳᠠᠭᠠᠲᠤ ᠬᠠᠷᠢᠯᠴᠠᠭᠠᠨ ᠤ ᠪᠠᠭᠠᠵᠢ ᠪᠤᠯᠭᠠᠵᠠᠢ᠃ | ᠡᠩᠬᠡ ᠠᠮᠤᠭᠤᠯᠠᠩ ᠤᠨ ᠲᠠᠪᠢᠨ ᠳᠠᠪᠤᠳᠤᠭᠠᠷ ᠤᠨ ᠳᠤ ᠠᠷᠠᠪᠵᠤᠤᠷ ᠬᠤᠱᠦᠢ ᠪᠠᠶᠢᠰᠠ ︽ᠶᠡᠭᠡ | ᠴᠡᠷᠢᠭ ᠢ ᠲᠠᠭᠠᠨ ᠨᠢᠭᠡᠨ ᠮᠦᠷᠦᠨ ᠤ ᠬᠦᠴᠦᠨ ᠡᠷᠬᠦᠰᠦᠭᠡᠢ︾ ᠬᠡᠵᠦ ᠡᠷᠬᠦᠳᠡᠯ ᠭᠠᠷᠭᠠᠭᠰᠠᠨ ᠳᠤ᠂ ︽500 | ᠴᠡᠷᠢᠭ ᠲᠠᠶᠢᠴᠢᠯᠠᠨ ᠭᠠᠰ ᠭᠡᠬᠦ ᠭᠠᠵᠠᠷ ᠲᠤ ᠬᠦᠷᠴᠦ᠂ ᠵᠠᠬᠦᠠᠭᠠᠷ ᠤᠨ ᠲᠤᠪᠲᠤᠯᠤᠯᠲᠠ ᠶᠢ ᠰᠡᠷᠭᠡᠶᠢᠯᠡ︾ ᠬᠡᠮᠡᠬᠦ | ᠵᠠᠷᠯᠢᠭ ᠤᠴᠢᠭᠰᠠᠨ ᠪᠤᠯᠪᠠᠴᠤ ᠲᠡᠷᠡ ᠲᠡᠮᠡᠢ ᠤᠳᠠᠯ ᠦᠭᠡᠢ ᠡᠪᠡᠳᠴᠢᠨ ᠢᠶᠠᠷ ᠨᠠᠰᠤ ᠪᠠᠷᠠᠪᠠ᠃ ᠠᠷᠠᠪᠵᠤᠤᠷ ᠤᠨ | ᠵᠡᠷᠭᠡ ᠬᠡᠷᠬᠡᠮ ᠢ ᠠᠬᠠᠮᠠᠳ ᠬᠦᠪᠡᠬᠦᠨ ᠳ᠋ᠠᠨᠵᠦ᠋ᠩ ᠨᠢ ᠵᠠᠯᠭᠠᠮᠵᠢᠯᠠᠨ ᠬᠤᠱᠤᠢ ᠪᠠᠶᠢᠰᠠ ᠪᠤᠯᠵᠤ᠂ ᠨᠠᠶᠢᠷᠠᠯᠲᠤ ᠲᠦᠪ ᠤᠨ | ᠲᠤᠯᠤᠳᠤᠭᠠᠷ ᠤᠨ ᠳᠤ ᠪᠡᠭᠡᠵᠢᠩ ᠳᠤ ᠬᠦᠷᠴᠦ ᠱᠢᠽᠦ᠋ᠩ ᠬᠠᠭᠠᠨ ᠳᠤ ᠪᠠᠷᠠᠭᠠᠯᠠᠬᠠᠭᠰᠠᠠ ᠳᠤ᠂ ᠲᠦᠷᠦ ᠶᠢᠨ | ᠪᠠᠶᠢᠯ᠎ᠡ ᠪᠠᠷ ᠡᠷᠬᠦᠮᠵᠢᠯᠡᠵᠡᠢ᠃ ᠨᠠᠶᠢᠷᠠᠯᠲᠤ ᠲᠦᠪ ᠤᠨ ᠶᠢᠰᠤᠳᠤᠭᠡᠷ ᠤᠨ ᠳᠤ ᠳ᠋ᠠᠨᠵᠦ᠋ᠩ ᠵᠠᠬᠦᠠᠭᠠᠷ ᠲᠤ | ᠲᠤᠪᠲᠤᠯᠤᠭᠳᠠᠬᠤ ᠠᠴᠠ ᠪᠠᠨ ᠠᠶᠤᠨ ᠡᠮᠢᠶᠡᠵᠦ ᠴᠢᠩ ᠤᠨ ᠲᠦᠷᠦ ᠳᠤ ᠲᠤᠳᠤᠭᠰᠢ ᠨᠡᠬᠦᠬᠦ ᠡᠷᠬᠦᠳᠡᠯ | ᠭᠠᠷᠭᠠᠭᠰᠠᠨ ᠳᠤ᠂ ᠱᠠᠨ ᠭᠠᠨ ᠤ ᠪᠦᠬᠦᠳᠡ ᠶᠢ ᠵᠠᠬᠢᠷᠤᠭᠴᠢ ᠰᠠᠶᠢᠳ ᠴᠠᠯᠠᠩᠬᠠ ᠳ᠋ᠠᠨᠵᠦ᠋ᠩ ᠨᠠᠷ ᠲᠤ ᠠᠯᠠᠭ ᠠᠭᠤᠯᠠ | ᠠᠯᠲᠠᠨ ᠲᠡᠪᠰᠢ ᠳᠤ ᠭᠠᠵᠠᠷ ᠵᠢᠭᠠᠨ ᠦᠭᠴᠦ ᠨᠤᠲᠤᠭᠯᠠᠭᠤᠯᠵᠡᠢ᠃ ᠨᠠᠶᠢᠷᠠᠯᠲᠤ ᠲᠦᠪ ᠤᠨ ᠠᠷᠪᠠᠨ ᠨᠢᠭᠡᠳᠤᠭᠡᠷ | ᠤᠨ ᠳᠤ ︽ᠮᠠᠨ ᠤ ᠤᠳᠤ ᠶᠢᠨ ᠰᠠᠭᠤᠵᠤ ᠪᠠᠶᠢᠬᠤ ᠡᠷᠪᠡᠬᠡᠢ ᠬᠡᠮᠡᠭᠴᠢ ᠭᠠᠵᠠᠷ ᠤᠰᠤ ᠬᠤᠪᠤᠷ᠂ ᠬᠠᠪᠤᠷ ᠴᠠᠰᠤ | ᠬᠠᠶᠢᠯᠤᠭᠰᠠᠨ ᠤ ᠳᠠᠷᠠᠭ᠎ᠠ ᠰᠠᠭᠤᠬᠤ ᠳᠤ ᠪᠡᠷᠭᠡ ᠁︾ ᠬᠡᠬᠦ ᠮᠡᠲᠤ ᠪᠠᠷ ᠳᠡᠭᠡᠭᠰᠢ ᠮᠡᠳᠡᠬᠦᠯᠵᠦ᠂ ᠭᠠᠨ ᠵᠧᠦ ᠶᠢᠨ | ᠬᠠᠷᠢᠶᠠᠨ ᠳᠠᠬᠢ ᠪᠡᠶᠡᠨ ᠬᠠᠷ᠎ᠠ ᠠᠭᠤᠯᠠ ᠬᠢᠭᠡᠳ ᠬᠠᠷᠰᠢ ᠪᠤᠷᠠᠭᠲᠤ ᠳᠤ ᠲᠦᠷ ᠨᠤᠲᠤᠭᠯᠠᠬᠤ ᠪᠠᠷ | ᠭᠤᠶᠤᠴᠢᠯᠠᠭᠰᠠᠠ ᠳᠤ ᠵᠦᠪᠰᠢᠶᠡᠷᠡᠯ ᠤᠯᠵᠠᠢ᠃ ᠲᠡᠷᠡ ᠬᠠᠷᠢᠶᠠᠲᠤ ᠠᠯᠪᠠᠲᠤ ᠲᠠᠢ ᠪᠠᠨ ᠡᠪᠤᠯ ᠳᠡᠭᠡᠨ ᠠᠯᠠᠭ ᠠᠭᠤᠯᠠ | ᠠᠯᠲᠠᠨ ᠲᠡᠪᠰᠢ᠂ ᠡᠷᠪᠡᠬᠡᠢ ᠵᠡᠷᠭᠡ ᠭᠠᠵᠠᠷ ᠢᠶᠠᠷ ᠰᠠᠭᠤᠷᠢᠰᠢᠨ ᠮᠠᠯᠵᠢᠵᠤ᠂ ᠵᠤᠨ ᠳᠠᠭᠠᠨ ᠰᠢᠶᠠ ᠺᠧᠦ ᠬᠠᠭᠠᠯᠭ᠎ᠠ ᠶᠢᠨ | ᠲᠤᠲᠤᠨ᠎ᠠ ᠤᠷᠤᠵᠤ᠂ ᠪᠠᠶᠠᠨ ᠬᠠᠷ᠎ᠠ ᠠᠭᠤᠯᠠ᠂ ᠬᠠᠷᠰᠢ ᠪᠤᠷᠠᠭᠲᠤ ᠪᠠᠷ ᠤᠲᠤᠷᠯᠠᠨ ᠮᠠᠯᠵᠢᠵᠤ ᠪᠠᠶᠢᠵᠡᠢ᠃ ᠨᠠᠶᠢᠷᠠᠯᠲᠤ | ᠲᠦᠪ ᠤᠨ ᠠᠷᠪᠠᠨ ᠭᠤᠷᠪᠠᠳᠤᠭᠠᠷ ᠤᠨ ᠳᠤ ᠳ᠋ᠠᠨᠵᠦ᠋ᠩ ᠪᠠᠶᠢᠯ᠎ᠡ ᠬᠠᠷᠢᠶᠠᠲᠤ ᠠᠯᠪᠠᠲᠤ ᠲᠠᠢ ᠪᠠᠨ ᠬᠠᠷ᠎ᠠ ᠭᠤᠤᠯ ᠤᠨ | ᠤᠷᠤᠰᠬᠠᠯ ᠢ ᠤᠷᠤᠭᠤᠳᠠᠨ ᠲᠠᠭᠠᠵᠤ ᠤᠪᠤᠨ ᠴᠤᠪᠤᠨ ᠨᠡᠬᠦᠳᠡᠯᠯᠡᠨ ᠶᠠᠪᠤᠭᠰᠠᠭᠠᠷ ᠡᠵᠡᠨ᠎ᠡ ᠳᠤ ᠲᠠᠬᠢᠨᠲᠠ ᠡᠷᠬᠢᠨ | ᠢᠷᠡᠵᠦ ᠡᠨᠡᠬᠦ ᠭᠠᠵᠠᠷ ᠨᠤᠲᠤᠭ ᠢᠶᠠᠷ ᠡᠴᠤᠰ ᠤᠨ ᠦᠷᠲᠡᠭᠡ ᠪᠠᠨ ᠪᠤᠯᠭᠠᠵᠠᠢ᠃ ᠲᠡᠭᠷᠢ ᠲᠡᠳᠬᠦᠭᠴᠢ ᠶᠢᠨ | ᠲᠠᠪᠤᠳᠤᠭᠠᠷ ᠤᠨ ᠳᠤ ᠳ᠋ᠠᠨᠵᠦ᠋ᠩ ᠲᠠᠭᠠᠯᠠᠯ ᠲᠡᠬᠦᠰᠴᠦ᠂ ᠲᠡᠭᠦᠨ ᠤ ᠶᠡᠭᠡ ᠬᠦᠤ ᠯᠤᠪᠰᠠᠩᠳᠠᠷᠵᠠ ᠵᠡᠷᠭᠡ ᠬᠡᠷᠬᠡᠮ ᠢ ᠨᠢ | ᠵᠠᠯᠭᠠᠮᠵᠢᠯᠠᠨ ᠲᠦᠷᠦ ᠶᠢᠨ ᠪᠠᠶᠢᠯ᠎ᠡ ᠰᠠᠭᠤᠭᠰᠠᠨ ᠪᠤᠯᠪᠠᠴᠤ ᠨᠠᠰᠤ ᠪᠠᠭ᠎ᠠ ᠠᠴᠠ ᠪᠤᠯᠵᠤ᠂ ᠴᠢᠩ ᠤᠯᠤᠰ ᠤᠨ | ᠭᠠᠳᠠᠭᠠᠲᠤ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ ᠶᠠᠮᠤᠨ ᠠᠴᠠ ᠲᠤᠰᠬᠠᠢ ᠲᠦᠰᠢᠮᠡᠯ ᠲᠤᠮᠢᠯᠠᠨ ᠠᠶᠢᠮᠠᠭ | ᠤᠭᠰᠠᠭᠠᠨ ᠤ ᠬᠢᠨᠢ ᠲᠤᠲᠤᠭᠠᠲᠤ ᠬᠡᠷᠡᠭ ᠤᠴᠢᠷ ᠢ ᠤᠷᠤᠯᠠᠨ ᠬᠦᠢᠴᠡᠳᠬᠡᠵᠦ ᠪᠠᠶᠢᠵᠡᠢ᠃ | ᠲᠡᠭᠷᠢ ᠲᠡᠳᠬᠦᠭᠴᠢ ᠶᠢᠨ ᠠᠷᠪᠠᠨ ᠲᠤᠯᠤᠳᠤᠭᠠᠷ ᠤᠨ ᠳᠤ ᠴᠢᠩ ᠤᠨ ᠵᠠᠰᠠᠭ ᠠᠴᠠ ᠡᠨᠡᠬᠦ ᠲᠦᠰᠢᠮᠡᠯ ᠢᠶᠠᠨ | ᠪᠣᠴᠠᠭᠠᠠ ᠠᠪᠠᠴᠢᠭᠰᠠᠠ ᠪᠠ ᠲᠠᠷᠠᠭ᠎ᠠ ᠵᠢᠯ ᠨᠢ ᠯᠤᠪᠰᠠᠩᠳᠠᠷᠵᠠ ᠳᠤ ᠬᠤᠰᠢᠭᠤᠨ ᠤ ᠵᠠᠰᠠᠭ ᠤᠨ ᠡᠷᠭᠡ ᠤᠯᠭᠤᠨ᠂ | ᠮᠠᠨᠵᠤ ᠮᠤᠩᠭᠤᠯ ᠦᠰᠦᠭ ᠬᠠᠪᠰᠤᠷᠭᠠᠭᠰᠠᠨ ︽ᠬᠠᠭᠤᠴᠢᠨ ᠲᠤᠷᠭᠤᠳ ᠬᠤᠰᠢᠭᠤ ᠶᠢ ᠵᠠᠬᠢᠷᠬᠤ ᠵᠠᠰᠠᠭ ᠤᠨ ᠲᠠᠮᠠᠭ᠎ᠠ | ︾ ᠬᠡᠮᠡᠬᠦ ᠮᠦᠩᠬᠦᠨ ᠲᠠᠮᠠᠭ᠎ᠠ ᠪᠠᠭᠤᠯᠭᠠᠨ ︽ᠡᠵᠡᠨ᠎ᠡ ᠬᠠᠭᠤᠴᠢᠨ ᠲᠤᠷᠭᠤᠳ ᠤᠨᠴᠠᠭᠠᠢ ᠬᠤᠰᠢᠭᠤ︾ ᠬᠡᠮᠡᠨ | ᠨᠡᠷᠡᠶᠢᠳᠴᠦ᠂ ᠲᠠᠶᠢᠴᠢᠩ ᠬᠦᠷᠦᠨ ᠤ ᠭᠠᠳᠠᠭᠠᠳᠤ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ ᠶᠠᠮᠤᠨ ᠳᠤ | ᠬᠠᠮᠢᠶᠠᠷᠤᠭᠳᠠᠬᠤ ︽ᠲᠦᠪ ᠤᠨ ᠰᠢᠭᠤᠳ ᠬᠠᠷᠢᠶᠠᠲᠤ ᠪᠠᠶᠢᠭᠤᠯᠤᠯᠭ᠎ᠠ︾ ᠪᠤᠯᠵᠡᠢ᠃ ᠢᠩᠬᠢᠭᠰᠡᠨ ᠢᠶᠠᠷ᠂ ᠡᠬᠡ | ᠨᠤᠲᠤᠭ ᠲᠠᠭᠠᠨ ᠡᠷᠬᠢᠵᠦ ᠬᠠᠷᠢᠵᠤ ᠴᠢᠳᠠᠯ ᠦᠭᠡᠢ ᠪᠤᠰᠤᠳ ᠤᠨ ᠦᠷᠦᠰᠢᠶᠡᠯ ᠬᠠᠶᠢᠷ᠎ᠠ ᠪᠠᠷ ᠪᠠᠭᠤᠳᠠᠯ ᠦᠷᠲᠡᠭᠡ | ᠰᠤᠯᠢᠨ᠂ ᠲᠠᠪᠢᠭᠠᠳ ᠵᠢᠯ ᠴᠠᠭᠠᠴᠢᠯᠠᠭᠰᠠᠠ ᠲᠤᠷᠭᠤᠳ ᠤᠨ ᠡᠨᠡᠬᠦ ᠦᠨᠦᠴᠢᠨ ᠰᠠᠯᠠᠭ᠎ᠠ ᠬᠦᠮᠦᠰ ᠡᠴᠤᠰ ᠲᠡᠭᠡᠨ | ᠦᠪᠡᠷ ᠤᠨ ᠭᠡᠰᠡᠨ ᠤᠷᠤᠩᠨᠠᠬᠤ ᠬᠤᠰᠢᠭᠤ ᠨᠤᠲᠤᠭ ᠲᠠᠢ ᠪᠤᠯᠣᠭᠰᠠᠠ ᠪᠠᠶᠢᠨ᠎ᠠ᠃ | | |