ᠠᠯᠠᠱᠠ ᠮᠤᠩᠭᠤᠯᠴᠤᠳ ᠤᠨ ᠰᠢᠷᠠᠬᠰᠠᠨ ᠪᠦᠬᠦᠯᠢ ᠬᠤᠨᠢ ᠲᠠᠯᠪᠢᠬᠤ ᠶᠤᠰᠤᠨ
ᠨᠡᠶᠢᠲᠡᠯᠡᠭᠰᠡᠨ ᠴᠠᠭ᠄
2019/12/11
ᠠᠯᠠᠱᠠ ᠨᠤᠳᠤᠬ ᠲᠤ ᠰᠢᠷᠠᠬᠰᠠᠨ ᠪᠦᠬᠦᠯᠢ ᠬᠤᠨᠢ ᠬᠡᠮᠡᠬᠦ ᠬᠦᠨᠳᠦ ᠶᠢᠨ ᠲᠠᠩᠰᠤᠬ ᠢᠳᠡᠬᠡᠨ ᠪᠤᠢ᠃ ᠬᠤᠨᠢ ᠰᠢᠷᠡᠵᠦ ᠲᠠᠯᠪᠢᠬᠤ ᠶᠤᠰᠤᠨ ᠨᠢ ᠤᠭᠤᠴᠠ ᠲᠠᠯᠪᠢᠬᠤ ᠲᠠᠢ ᠠᠳᠠᠯᠢ ᠤᠷᠳᠦ ᠤᠳᠠᠭᠠᠨ ᠵᠢᠯ ᠤᠨ ᠤᠯᠠᠮᠵᠢᠯᠠᠯᠳᠦ ᠲᠡᠤᠬᠡ ᠲᠠᠢ ᠦᠪᠡᠷᠮᠢᠴᠡ ᠬᠦᠨᠳᠦᠯᠡᠯ ᠤᠨ ᠨᠢᠬᠡ ᠮᠦᠨ᠃ ᠡᠨᠡ ᠨᠢ ᠤᠳᠤ ᠠᠷᠠᠳ ᠤᠨ ᠠᠮᠢᠳᠤᠷᠡᠯ ᠤᠨ ᠨᠦᠬᠦᠴᠡᠯ ᠰᠠᠶᠢᠵᠢᠷᠡᠬᠤ ᠎ ᠶᠢ ᠲᠠᠭᠠᠯᠳᠤᠨ ᠲᠦᠬᠡᠮᠡᠯᠵᠢᠨ ᠲᠡᠯᠬᠡᠷᠡᠵᠦ ᠪᠠᠶᠢᠨ᠎ᠠ᠃ ᠬᠤᠨᠢ ᠰᠢᠷᠡᠬᠤ ᠶᠠᠪᠤᠴᠠ ᠰᠢᠷᠠᠬᠤ ᠬᠤᠨᠢ ᠨᠢ ᠵᠠᠪᠠᠯ ᠵᠤᠵᠠᠭᠠᠨ ᠲᠠᠷᠭᠤᠨ ᠪᠦᠬᠡᠳ ᠴᠠᠭᠠᠨ ᠵᠢᠰᠤᠮ ᠤᠨ ᠪᠠᠶᠢᠬᠤ ᠬᠡᠷᠡᠭᠳᠡᠢ᠃ ᠲᠤᠬᠢᠷᠠᠮᠵᠢᠳᠡᠢ ᠬᠤᠨᠢ ᠶᠢ ᠰᠤᠩᠭᠤᠵᠦ ᠨᠢᠳᠤᠯᠤᠬᠰᠠᠨ ᠤ ᠲᠠᠷᠠᠭ᠎ᠠ ᠠᠷᠠᠰᠤ ᠶᠢ ᠨᠢ ᠦᠪᠴᠢᠯ ᠦᠬᠡᠢ ᠪᠠᠷ ᠪᠤᠴᠠᠯᠤᠮ᠎ᠠ ᠬᠠᠯᠠᠭᠤᠨ ᠤᠰᠤᠨ ᠳᠤ ᠲᠦᠷᠤᠵᠤ ᠭᠠᠷᠭᠠᠭᠠᠳ ᠨᠤᠤᠰᠤ ᠶᠢ ᠨᠢ ᠵᠤᠮᠠᠯᠠᠵᠦ ᠠᠪᠤᠨ᠎ᠠ᠃ ᠲᠦᠷᠪᠡᠨ ᠰᠢᠬᠢᠷ᠎ᠠ ᠶᠢ ᠨᠢ ᠤᠬᠳᠤᠯᠤᠨ ᠠᠪᠴᠦ᠂ ᠦᠷᠦᠴᠡᠨ ᠲᠡᠬᠡᠷ᠎ᠠ ᠨᠢ ᠨᠠᠢᠮᠠᠨ ᠢᠮᠠᠬᠤ ᠤᠷᠳᠦ ᠤᠬᠳᠤᠯᠵᠦ ᠬᠡᠳᠡᠰᠤ ᠲᠤᠳᠤᠷ ᠢ ᠨᠢ ᠭᠠᠷᠭᠠᠵᠦ ᠠᠪᠤᠭᠠᠳ ᠰᠤᠩᠬᠢᠨ᠎ᠠ ᠴᠠᠭᠠᠨ ᠭᠠ ᠬᠤᠶᠠᠷ ᠯᠡᠩ ᠬᠢᠷᠢ ᠲᠠᠢ᠂ ᠪᠠᠳᠮᠠᠬᠡᠰᠡᠷ ᠨᠢᠬᠡ ᠯᠡᠩ ᠬᠠᠭᠠᠰ᠂ ᠬᠤᠸᠠᠵᠢᠶᠤᠤ ᠲᠠᠪᠤᠨ ᠴᠢᠨ᠂ ᠲᠠᠪᠤᠰᠦ ᠲᠦᠷᠪᠡᠨ ᠯᠡᠩ ᠬᠢᠷᠢ ᠲᠠᠢ ᠶᠢ ᠲᠤᠰ ᠲᠤᠰ ᠨᠤᠨᠳᠠᠬᠯᠠᠨ ᠨᠦᠳᠦᠬᠡᠳ ᠰᠠᠶᠢᠳᠤᠷ ᠨᠠᠶᠢᠷᠠᠭᠤᠯᠵᠦ ᠬᠤᠨᠢᠨ ᠬᠡᠪᠡᠯᠢ ᠴᠡᠬᠡᠵᠢᠨ ᠬᠦᠨᠳᠡᠢ ᠳᠤ ᠬᠢᠨ᠎ᠠ᠃ ᠲᠠᠷᠠᠴᠢᠯᠠᠨ ᠬᠠ᠂ ᠭᠤᠶ᠎ᠠ᠂ ᠬᠦᠵᠤᠬᠦᠦ ᠵᠡᠷᠬᠡ ᠵᠤᠵᠠᠭᠠᠨ ᠮᠢᠬ᠎ᠠ ᠲᠠᠢ ᠭᠠᠵᠠᠷ ᠲᠤᠨᠢ ᠨᠢᠬᠡ ᠢᠮᠠᠬᠤ ᠦᠷᠬᠡᠨ ᠨᠦᠬᠡᠯᠡᠵᠦ ᠵᠢᠭᠠᠠᠬᠨ ᠬᠦᠨᠳᠡᠯᠡᠨ ᠰᠠᠨᠳᠠᠯᠤᠬᠡᠳ ᠮᠦᠨ ᠨᠠᠶᠢᠷᠠᠭᠤᠯᠤᠬᠰᠠᠨ ᠵᠦᠢᠯ ᠢᠶᠠᠨ ᠲᠤᠬᠢᠷᠠᠮᠵᠢᠳᠡᠢ ᠬᠢᠵᠦ ᠤᠷᠤᠭᠤᠯᠤᠨ᠎ᠠ᠃ ᠲᠠᠷᠠᠭ᠎ᠠ ᠨᠢ ᠴᠠᠭᠠᠨ ᠰᠢᠬᠢᠷ ᠬᠤᠶᠠᠷ ᠯᠡᠩ ᠂ ᠵᠢᠶᠠᠩᠶ᠋ᠢᠤ 6 — 7 ᠯᠡᠩ ᠢ ᠬᠤᠯᠢᠨ ᠨᠠᠶᠢᠷᠠᠭᠤᠯᠵᠦ ᠪᠤᠴᠠᠯᠭᠠᠭᠠᠳ ᠵᠤᠮᠠᠯᠠᠵᠦ ᠴᠡᠪᠡᠷᠯᠡᠭᠰᠡᠨ ᠬᠤᠨᠢᠨ ᠤ ᠠᠷᠠᠰᠤᠨ ᠲᠡᠬᠡᠬᠦᠷ ᠨᠠᠶᠢᠳᠡᠮ ᠲᠦᠷᠬᠢᠨ᠎ᠠ᠃ ᠵᠢᠭᠠᠬᠠᠨ ᠬᠠᠳᠠᠵᠦ ᠡᠪᠡᠷᠡᠬᠦ ᠦᠶ᠎ᠡ ᠪᠠᠷ ᠤᠷᠭᠤᠮᠠᠯ ᠤᠨ ᠲᠤᠰᠤ ᠶᠢ ᠰᠠᠶᠢᠳᠤᠷ ᠲᠦᠷᠬᠢᠬᠡᠳ ᠲᠡᠮᠦᠷ ᠬᠢᠨᠵᠢᠨ ᠤ ᠬᠤᠶᠡᠷ ᠦᠵᠦᠬᠦᠷ ᠢ ᠦᠷᠤᠴᠡ ᠪᠠᠷ ᠨᠢ ᠤᠷᠤᠭᠤᠯᠵᠦ᠂ ᠨᠢᠬᠡ ᠦᠵᠦᠬᠦᠷ ᠢ ᠨᠢ ᠬᠤᠭᠤᠯᠠᠢ ᠶᠢᠨ ᠨᠦᠬᠡ ᠪᠠᠷ ᠨᠢ ᠭᠤᠬᠠᠳᠠᠵᠦ᠂ ᠨᠦᠬᠦᠬᠡ ᠦᠵᠦᠬᠦᠷ ᠢ ᠨᠢ ᠭᠤᠷᠭᠤᠤᠯᠳᠠᠢ ᠶᠢᠨ ᠨᠦᠬᠡ ᠪᠠᠷ ᠨᠢ ᠭᠤᠬᠠᠳᠠᠵᠦ ᠵᠤᠬᠠᠨ ᠲᠤᠳᠤᠷ᠎ᠠ ᠲᠡᠬᠦᠵᠢᠯᠡᠵᠦ ᠰᠢᠷᠠᠬᠤ ᠳᠤ ᠪᠠᠯᠡᠳᠬᠡᠨ᠎ᠠ᠃ ᠬᠤᠨᠢ ᠰᠢᠷᠠᠬᠤ ᠳᠤ ᠲᠤᠰᠬᠠᠢ ᠵᠤᠤᠬ᠎ᠠ ᠪᠠᠶᠢᠬᠤ ᠬᠡᠷᠡᠭᠳᠡᠢ᠃ ᠵᠤᠤᠬᠠᠨ ᠤ ᠦᠨᠳᠦᠷ ᠨᠢ 1. 8 ᠮᠧᠲᠷ᠂ ᠦᠷᠬᠡᠨ ᠎ ᠨᠢ 2 ᠮᠧᠲᠷ᠂ ᠲᠠᠬᠡᠳᠦ ᠠᠮᠠᠰᠠᠷ ᠨᠢ 1 ᠮᠧᠲᠷ ᠰᠤᠪᠤᠷᠭᠠᠨ ᠬᠡᠯᠪᠡᠷᠢ ᠲᠠᠢ᠂ ᠭᠠᠳᠡᠷ ᠲᠠᠯ᠎ᠠ ᠶᠢ ᠨᠢ ᠲᠡᠮᠦᠷ ᠤᠳᠠᠰᠤ ᠎ ᠪᠠᠷ ᠪᠠᠬᠢᠯᠠᠨ ᠰᠢᠪᠡᠷ ᠢᠶᠠᠷ ᠢᠯᠡᠵᠦ᠂ ᠲᠤᠳᠤᠷ᠎ᠠ ᠲᠠᠯ᠎ᠠ ᠶᠢ ᠨᠢ ᠵᠡᠬᠡᠰᠤᠨ ᠤᠩᠭᠠᠷᠠᠯ ᠢ ᠡᠯᠡᠰᠦ ᠲᠠᠢ ᠬᠤᠯᠢᠵᠦ ᠨᠠᠶᠢᠷᠠᠭᠤᠯᠤᠬᠰᠠᠨ ᠤᠯᠠᠭᠠᠨ ᠰᠢᠪᠡᠷ ᠢᠶᠠᠷ ᠢᠯᠡᠵᠦ᠂ ᠲᠤᠳᠤᠷ᠎ᠠ ᠨᠢ ᠴᠤᠬ ᠤᠷᠤᠭᠤᠯᠵᠦ ᠵᠤᠤᠬ᠎ᠠ ᠪᠠᠨ ᠬᠠᠯᠠᠭᠤᠯᠤᠨ᠎ᠠ ᠃ ᠲᠦᠯᠡᠰᠢᠨ ᠳᠤ ᠭᠤᠤᠯᠳᠠᠭᠤ ᠵᠠᠬ ᠬᠡᠷᠡᠭᠯᠡᠳᠡᠭ᠃ ᠵᠤᠤᠬ᠎ᠠ ᠪᠠᠨ ᠬᠡᠰᠡᠭ ᠬᠤᠭᠤᠴᠠᠭ᠎ᠠ ᠤᠯᠡᠶᠢᠳᠡᠯ᠎ᠠ ᠪᠠᠨ ᠬᠠᠯᠠᠭᠠᠭᠠᠳ ᠭᠠᠯ ᠨᠢ ᠨᠠᠯᠢᠶᠠᠳ ᠵᠦᠭᠡᠭᠡᠭᠰᠡᠨ ᠤ ᠲᠠᠷᠠᠭ᠎ᠠ ᠰᠢᠳᠠᠵᠦ ᠪᠠᠶᠢᠭ᠎ᠠ ᠭᠠᠯ ᠢᠶᠠᠨ ᠲᠠᠳᠠᠵᠦ ᠭᠠᠷᠭᠠᠭᠠᠳ ᠬᠤᠨᠢ ᠪᠠᠨ ᠬᠦᠵᠦᠬᠦᠦ ᠶᠢ ᠤᠷᠤᠭᠤ ᠰᠢᠬ ᠬᠠᠨᠳᠠᠭᠤᠯᠤᠨ ᠲᠡᠬᠦᠵᠢᠯᠠᠨ᠎ᠠ᠃ ᠬᠡᠷᠪᠡ ᠴᠤᠬ ᠨᠢ ᠪᠠᠭᠤᠷᠠᠪᠠᠯ ᠵᠤᠬᠢᠰᠳᠠᠢ ᠎ ᠪᠠᠷ ᠲᠦᠯᠡᠰᠢ ᠨᠡᠮᠡᠵᠦ ᠰᠢᠷᠠᠳᠠᠬ᠂ ᠡᠨᠡ ᠮᠡᠳᠦ ᠪᠠᠷ ᠪᠦᠳᠦᠬᠦᠨ ᠰᠢᠭ ᠬᠤᠨᠢ ᠶᠢ 4 ᠴᠠᠬ᠂ ᠪᠠᠭ᠎ᠠ ᠰᠢᠬ ᠬᠤᠨᠢ ᠨᠢ 3 ᠴᠠᠬ ᠰᠢᠷᠠᠳᠠᠬ᠃ ᠵᠤᠴᠢᠯᠠᠨ ᠳᠠᠶᠢᠯᠠᠬᠤ ᠬᠡᠯᠪᠡᠷᠢ ᠲᠠᠶᠢᠯᠠᠯᠭ᠎ᠠ ᠡᠬᠢᠯᠡᠩᠬᠦᠳᠡ ᠤᠷᠢᠳ ᠢᠶᠠᠷ ᠴᠠᠢ ᠵᠠᠰᠠᠵᠦ᠂ ᠠᠷᠢᠬᠢ ᠲᠡᠬᠡᠵᠢ ᠪᠠᠨ ᠵᠠᠰᠠᠯᠴᠠᠭᠠᠳ ᠨᠡᠯᠢᠶᠡᠳ ᠤᠳᠠᠳᠠᠯ᠎ᠠ ᠨᠠᠶᠢᠷᠯᠠᠬᠤ ᠶᠤᠰᠤᠯᠠᠯ ᠨᠢ ᠤᠭᠤᠴᠠ ᠰᠢᠬᠦᠰᠦ ᠲᠠᠯᠪᠢᠬᠤ ᠠᠴᠠ ᠡᠮᠤᠨᠡᠬᠢ ᠨᠠᠶᠢᠷ ᠲᠠᠢ ᠪᠦᠷ ᠠᠳᠠᠯᠢ᠃ ᠰᠢᠷᠠᠬᠰᠠᠨ ᠬᠤᠨᠢ ᠭᠠᠷᠭᠠᠬᠤ ᠦᠶ᠎ᠠ ᠪᠠᠷ᠂ ᠰᠢᠷᠠᠵᠦ ᠭᠠᠷᠭᠠᠬᠰᠠᠨ ᠬᠤᠨᠢ ᠪᠠᠨ ᠲᠤᠮᠤ ᠲᠠᠪᠠᠬ ᠲᠤ ᠮᠦᠴᠢ ᠪᠠᠷ ᠨᠢ ᠬᠡᠪᠳᠡᠭᠡ ᠪᠤᠶᠤ ᠵᠤᠬᠰᠤᠭ᠎ᠠ ᠶᠠᠩᠵᠦ ᠪᠠᠷ ᠲᠠᠯᠪᠢᠵᠦ᠂ ᠲᠤᠯᠤᠭᠠᠢ ᠶᠢ ᠨᠢ ᠴᠠᠭᠠᠨ ᠲᠤᠰᠤ ᠪᠠᠷ ᠮᠢᠯᠢᠶᠠᠵᠦ᠂ ᠬᠦᠬᠡ ᠲᠤᠷᠭᠠᠨ ᠬᠠᠳᠠᠬ ᠢ ᠬᠦᠨᠳᠠᠯᠡᠨ ᠲᠤᠬᠤᠭᠠᠳ ᠲᠠᠶᠢᠯᠠᠯᠭ᠎ᠠ ᠶᠢᠨ ᠦᠷᠬᠦᠬᠡᠨ ᠳᠤ ᠤᠷᠤᠭᠤᠯᠤᠨ᠎ᠠ᠃ ᠡᠨᠡ ᠦᠶ᠎ᠠ ᠳᠤ ᠰᠢᠬᠦᠰᠤᠨ ᠤ ᠢᠷᠤᠬᠡᠯ᠂ ᠨᠠᠶᠢᠷ ᠤᠨ ᠲᠠᠭᠤᠤ ᠡᠬᠢᠯᠡᠵᠦ᠂ ᠰᠢᠷᠠᠬᠰᠠᠨ ᠪᠦᠬᠦᠯᠢ ᠶᠢ ᠬᠦᠨᠳᠡᠭᠰᠡᠨ ᠤ ᠲᠠᠷᠠᠭ᠎ᠠ ᠲᠤᠭᠤᠭᠠᠨ ᠬᠡᠷ ᠲᠤ ᠠᠪᠠᠴᠢᠵᠦ ᠡᠪᠳᠡᠨ ᠰᠠᠯᠭᠠᠵᠤ ᠪᠠᠷᠠᠭᠠᠳ ᠭᠤᠷᠪᠡᠨ ᠠᠯᠬᠤᠮ ᠲᠠᠷᠠᠭ᠎ᠠ ᠪᠠᠷ ᠵᠤᠭᠤᠬ ᠤᠨ ᠰᠢᠷᠠᠬᠡᠨ ᠳᠤ ᠲᠠᠯᠪᠢᠨ᠎ᠠ᠃ ᠠᠩᠬ᠎ᠠ ᠡᠬᠢᠯᠡᠬᠡᠳ ᠠᠷᠠᠰᠤ ᠲᠠᠢ ᠨᠢ ᠮᠢᠬ᠎ᠠ ᠶᠢ ᠬᠡᠷᠴᠢᠵᠦ ᠲᠠᠯᠪᠢᠳᠠᠬ᠃ ᠲᠠᠷᠠᠭ᠎ᠠ ᠨᠢ ᠭᠤᠤᠯ ᠤᠨ ᠬᠠᠷ᠎ᠠ ᠮᠢᠬ᠎ᠠ ᠶᠢ ᠨᠢ ᠬᠡᠷᠴᠢᠵᠦ ᠲᠠᠯᠪᠢᠬᠤ ᠶᠢᠨ ᠬᠠᠮᠳᠦ ᠨᠢᠮᠬᠡᠬᠡᠨ ᠲᠠᠪᠬᠤᠷᠯᠠᠵᠦ ᠬᠠᠭᠠᠷᠢᠬᠰᠠᠨ ᠪᠤᠤᠪᠤ᠂ ᠰᠤᠩᠬᠢᠨ᠎ᠠ ᠪᠤᠯᠤᠨ ᠠᠮᠳᠠ ᠶᠢᠨ ᠵᠦᠢᠯ ᠢ ᠲᠠᠯᠪᠢᠳᠠᠬ᠃ ᠭᠤᠳᠠᠭᠠᠷ ᠲᠤ ᠶᠠᠰᠤ ᠲᠠᠢ ᠮᠢᠬ᠎ᠠ ᠶᠢ ᠨᠢ ᠲᠠᠪᠠᠭᠯᠠᠵᠦ ᠲᠠᠯᠪᠢᠳᠠᠬ ᠶᠤᠮ᠃ ᠬᠠᠮᠤᠬ ᠰᠠᠭᠦᠯ ᠳᠤ ᠪᠤᠳᠠᠭ᠎ᠠ ᠬᠤᠭᠤᠯᠠ ᠪᠠᠨ ᠭᠠᠷᠭᠠᠵᠦ ᠲᠠᠯᠪᠢᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号