ᠵᠢᠷᠭᠢᠭᠡ
ᠨᠡᠶᠢᠲᠡᠯᠡᠭᠰᠡᠨ ᠴᠠᠭ᠄
2019/12/11
ᠮᠤᠩᠭᠤᠯ ᠦᠨᠳᠦᠰᠤᠲᠡᠨ ᠤ ᠡᠷᠲᠡᠨ ᠠᠴᠠ ᠤᠯᠠᠮᠵᠢᠯᠠᠵᠤ ᠢᠷᠡᠭᠰᠡᠨ ᠱᠢᠲᠠᠷ᠎ᠠ ᠶᠢᠨ ᠲᠦᠷᠦᠯ ᠳᠤ ᠪᠠᠶᠢᠭ᠎ᠠ ᠵᠢᠷᠭᠢᠭᠡ ᠪᠤᠯ ᠲᠦᠢᠯ ᠤᠨ ᠬᠤᠪᠤᠷ ᠴᠤᠬᠠᠭ ᠮᠤᠩᠭᠤᠯ ᠨᠠᠭᠠᠳᠤᠮ ᠤᠨ ᠵᠦᠢᠯ ᠪᠤᠯᠤᠭᠠᠳ ᠪᠤᠢ᠃ ᠤᠳᠤᠬᠠᠨ ᠤ ᠦᠪᠦᠷ ᠮᠤᠩᠭᠤᠯ ᠤᠨ ᠬᠤᠷᠴᠢᠨ᠂ ᠠᠯᠠᠱᠠ ᠶᠢᠨ ᠡᠵᠡᠨ᠎ᠡ ᠵᠡᠷᠭᠡ ᠶᠢᠨ ᠭᠠᠵᠠᠷ ᠤᠷᠤᠨ ᠤ ᠴᠦᠭᠡᠩᠬᠢ ᠮᠠᠯᠵᠢᠬᠤ ᠠᠶᠢᠯ ᠡᠷᠦᠭᠡ ᠳᠤ ᠪᠠᠭ᠎ᠠ ᠰᠠᠭ᠎ᠠ ᠨᠠᠭᠠᠳᠬᠤ ᠨᠢ ᠬᠠᠷᠠᠭᠳᠠᠵᠤ ᠪᠠᠶᠢᠨ᠎ᠠ᠃ 1. ᠵᠢᠷᠭᠢᠭᠡ ᠶᠢᠨ ᠪᠦᠲᠦᠴᠡ ᠵᠢᠷᠭᠢᠭᠡ ᠶᠢᠨ ᠪᠠᠭᠤᠳᠠᠯ ᠳᠤ ᠨᠢᠭᠡ ᠨᠢᠭᠡ ᠠᠴᠠ ᠪᠠᠨ ᠶᠡᠭᠡ ᠭᠤᠷᠪᠡᠨ ᠲᠡᠭᠰᠢ ᠳᠦᠷᠪᠡᠯᠵᠢᠨ ᠤ ᠵᠢᠷᠤᠭ ᠢ ᠦᠨᠴᠦᠭ ᠤᠨ ᠴᠡᠭ ᠪᠠ ᠭᠤᠤᠯ ᠤᠨ ᠴᠡᠭ ᠢ ᠠᠰᠢᠭᠯᠠᠨ ᠨᠠᠢᠮᠠᠨ ᠬᠡᠰᠡᠭ ᠪᠤᠯᠭᠠᠨ ᠬᠤᠪᠢᠶᠠᠭᠠᠳ ᠨᠢᠭᠡ ᠵᠢᠷᠤᠭᠠᠰᠤᠨ ᠳᠡᠭᠡᠷᠡᠭᠢ ᠭᠤᠷᠪᠡᠨ ᠤᠭᠲᠤᠯᠤᠭᠰᠠᠨ ᠴᠡᠭ ᠢᠶᠠᠷ ᠵᠢᠷᠭᠢᠭᠡ ᠶᠢᠨ ᠮᠤᠳᠤᠨ ᠤ ᠪᠠᠭᠤᠳᠠᠯ ᠪᠤᠯᠭᠠᠪᠠᠯ ᠨᠠᠶᠢᠲᠠ 24 ᠪᠠᠭᠤᠲᠠᠯ ᠢᠶᠠᠷ ᠳᠦᠭᠦᠷᠳᠡᠭ ᠪᠤᠯᠬᠤᠷ᠂ ᠵᠢᠷᠭᠢᠭᠡ ᠨᠠᠶᠢᠲᠠ 24 ᠮᠤᠳᠤ ᠲᠠᠢ ᠪᠠᠶᠢᠵᠤ᠂ ᠨᠢᠭᠡ ᠭᠦᠮᠦᠨ ᠳᠤ ᠠᠷᠪᠠᠨ ᠬᠤᠶᠠᠷ ᠮᠤᠳᠤ ᠣᠨᠣᠭᠳᠠᠨ᠎ᠠ᠃ ᠣᠨᠣᠭᠳᠠᠨ᠎ᠠ᠃ 2. ᠵᠢᠷᠭᠢᠭᠡ ᠶᠢᠨ ᠨᠠᠭᠠᠳᠬᠤ ᠠᠷᠭ᠎ᠠ ᠡᠬᠢᠯᠡᠵᠣ ᠭᠡᠨ ᠲᠠᠯᠪᠢᠭᠰᠠᠨ ᠴᠣ᠋ ᠪᠣᠯᠣᠨ᠎ᠠ᠃ ᠭᠡᠬᠦ ᠳᠡᠭᠡᠨ ᠬᠡᠨ ᠬᠡᠷᠪᠡ ᠭᠦᠨᠳᠡᠯᠡᠨ ᠭᠤᠣᠯᠳᠦ ᠬᠠᠮᠢᠶ᠎ᠠ ᠦᠭᠡᠢ ᠨᠢᠭᠡ ᠮᠦᠷ ᠲᠤ ᠦᠪᠡᠷ ᠤᠨ ᠭᠤᠷᠪᠡᠨ ᠮᠣᠳᠦ ᠪᠠᠨ ᠣᠭᠰᠠᠷᠠᠭᠤᠯᠵᠣ ᠴᠢᠳᠠᠪᠠᠯ ᠨᠦᠭᠦᠭᠡ ᠲᠠᠯ᠎ᠠ ᠶᠢᠨ ᠢᠶᠠᠨ ᠬᠠᠮᠤᠭ ᠠᠶᠣᠯ ︵ᠭᠤᠷᠪᠠ ᠣᠭᠰᠠᠷᠠᠬᠤ ᠪᠣᠯᠣᠯᠴᠠᠭ᠎ᠠ︶ ᠲᠠᠢ ᠮᠣᠲᠦ ᠶᠢ ᠣᠷᠣᠭᠤ ᠬᠠᠨᠳᠣᠭᠤᠯᠵᠣ ᠲᠠᠯᠪᠢᠭᠠᠳ᠂ ᠦᠪᠡᠷ ᠤᠨ ᠪᠦᠭᠦᠯᠢ 12 ᠮᠣᠳᠣᠨ ᠤ ᠣᠷᠣ ᠶᠢ ᠤᠯᠭᠤᠵᠤ ᠰᠠᠭᠤᠯᠭᠠᠭᠰᠠᠨ  ᠤ ᠲᠠᠷᠠᠭ᠎ᠠ᠂ ᠬᠤᠶᠠᠷ ᠲᠠᠯ᠎ᠠ ᠶᠢᠨ ᠤᠷᠤᠭᠤ ᠬᠠᠨᠳᠤᠭᠤᠯᠤᠭᠰᠠᠨ ᠮᠤᠳᠤ ᠪᠠᠨ ᠬᠤᠷᠢᠶᠠᠵᠤ ᠠᠪᠤᠭᠰᠠᠨ ᠤ ᠰᠡᠬᠦᠯᠡᠷ᠂ ᠰᠡᠬᠦᠯ ᠤᠨ ᠡᠬᠢᠯᠡᠵᠤ ᠮᠤᠳᠤ ᠲᠠᠯᠪᠢᠭᠰᠠᠨ ᠲᠠᠯ᠎ᠠ ᠨᠢ ᠦᠪᠡᠷ ᠤᠨ ᠮᠤᠳᠤ ᠪᠠᠨ ᠰᠢᠯᠵᠢᠬᠦᠯᠵᠤ᠂ ᠵᠢᠷᠬᠢᠬᠡ ᠤᠭᠰᠤᠷᠠᠭᠤᠯᠤᠨ ᠬᠠᠷᠢᠯᠴᠠᠨ ᠢᠳᠡᠨ᠎ᠡ᠃ ᠬᠡᠨ ᠤ ᠮᠤᠳᠤ ᠤᠷᠢᠳᠠᠪᠠᠷ ᠢᠳᠡᠭᠳᠡᠵᠤ ᠪᠠᠷᠠᠭᠳᠠᠪᠠᠯ ᠲᠡᠷᠡ ᠨᠢ ᠢᠯᠠᠭᠳᠠᠭᠴᠢ ᠮᠦᠨ᠃ ᠵᠢᠷᠬᠢᠬᠡ ᠶᠢ ᠲᠠᠯᠪᠢᠬᠤ ᠳᠤ᠂ ᠨᠡᠯᠢᠶᠡᠳ ᠤᠬᠠᠭᠠᠨ ᠪᠤᠳᠤᠯᠭ᠎ᠠ ᠲᠠᠢ ᠪᠠᠶᠢᠵᠤ᠂ ᠬᠡᠳᠦᠨ ᠠᠯᠬᠤᠮ ᠤᠨ ᠲᠠᠷᠠᠭᠠᠬᠢ ᠶᠠᠪᠤᠬᠤ ᠵᠠᠮ ᠢᠶᠠᠨ ᠰᠠᠶᠢᠳᠤᠷ ᠪᠤᠳᠤᠵᠤ ᠭᠠᠷᠭᠠᠭᠰᠠᠨ ᠪᠠᠶᠢᠬᠤ ᠬᠡᠷᠡᠭᠳᠠᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号