ᠣᠶᠢᠷᠠᠳ ᠮᠣᠩᠭᠤᠯᠴᠤᠳ ᠤᠨ ᠰᠠᠭᠠᠯᠢ ᠶᠢᠨ ᠠᠷᠢᠭᠢ ᠨᠡᠷᠡᠬᠦ ᠠᠷᠭ᠎ᠠ ᠮᠡᠷᠭᠡᠵᠢᠯ
ᠨᠡᠶᠢᠲᠡᠯᠡᠭᠰᠡᠨ ᠴᠠᠭ᠄
2019/12/11
ᠠᠶᠢᠷᠠᠭ ᠦᠰᠦᠨ ᠤ ᠦᠨᠦᠷ ᠠᠩᠬᠢᠯᠠᠭᠰᠠᠨ᠂ ᠤᠭᠤᠵᠤ ᠰᠠᠭᠤᠬᠤ ᠳᠤ ᠤᠷᠠᠮ᠎ᠡ ᠶᠢ ᠬᠥᠭᠵᠢᠭᠡᠭᠰᠡᠨ ᠠᠮᠠᠨ ᠳᠤ ᠵᠥᠬᠡᠯᠡᠨ᠂ ᠰᠡᠳᠬᠡᠯ ᠳᠤ ᠲᠠᠭᠠᠯᠠᠮᠵᠢᠲᠠᠢ ᠰᠠᠭᠠᠯᠢ ᠶᠢᠨ ᠠᠷᠢᠭᠢ ᠶᠢ ᠮᠠᠨ ᠤ ᠣᠶᠢᠷᠠᠳ ᠮᠣᠩᠭᠤᠯᠴᠤᠳ ᠡᠷᠲᠡ ᠳᠡᠭᠡᠳᠦ ᠶᠢᠨ ᠦᠶ᠎ᠡ ᠠᠴᠠ ᠪᠠᠨ ᠡᠬᠢᠯᠠᠨ ᠨᠡᠷᠡᠵᠤ᠂ ᠣᠳᠣ ᠬᠦᠷᠲᠡᠯ᠎ᠡ ᠡᠳᠡᠯᠡᠭᠰᠡᠭᠡᠷ ᠢᠷᠡᠵᠠᠢ᠃ ᠠᠳᠡᠬᠢ ᠶᠢᠨ ᠬᠦᠮᠦᠰ ᠰᠠᠭᠠᠯᠢ ᠶᠢᠨ ᠠᠷᠢᠬᠢ ᠶᠢ ᠮᠠᠯ ᠤᠨ ᠠᠷᠢᠬᠢ᠂ ᠠᠶᠢᠷᠠᠭ ᠢᠶᠠᠷ ᠨᠡᠷᠡᠭᠰᠡᠨ ᠠᠷᠢᠬᠢ᠂ ᠮᠣᠩᠭᠤᠯ ᠠᠷᠢᠬᠢ ᠭᠡᠵᠤ ᠪᠠᠰᠨ ᠬᠡᠯᠡᠳᠡᠭ᠃ ᠵᠢᠯ ᠪᠦᠷᠢ ᠬᠠᠪᠤᠷ ᠤᠨ ᠬᠤᠨᠢᠨ ᠤ ᠲᠥᠯ ᠲᠤᠰᠠᠯᠳᠠ ᠤᠨ ᠬᠤᠭᠤᠴᠠᠭ᠎ᠠ ᠥᠩᠭᠡᠷᠴᠤ᠂ ᠵᠤᠨ ᠤ ᠤᠯᠢᠷᠠᠯ ᠤᠨ ᠲᠡᠷᠢᠬᠦᠨ ᠰᠠᠷ᠎ᠠ ᠪᠣᠯᠬᠤ ᠲᠠᠪᠤᠨ ᠰᠠᠷ᠎ᠠ ᠳᠤ ᠥᠬᠡᠷ ︵ᠦᠨᠢᠶ᠎ᠠ︶᠂ ᠰᠠᠷᠯᠤᠭ ᠲᠥᠷᠥᠮᠡᠭᠴᠨ ᠣᠶᠢᠷᠠᠳ ᠮᠣᠩᠭᠤᠯᠴᠤᠳ ᠰᠠᠭᠠᠯᠢ ᠪᠠᠨ ᠡᠬᠡᠯᠡᠵᠤ ᠬᠡᠳᠡᠭ᠃ ᠡᠩ ᠤᠨ ᠪᠠᠶᠢᠳᠠᠯ ᠳᠣᠣᠷ᠎ᠡ ᠨᠢᠭᠡ ᠠᠶᠢᠯ ᠲᠠᠪᠤᠨ ᠦᠬᠦᠷ ᠶᠤᠮ ᠤᠤ︖ ᠡᠰᠡᠬᠦᠯ᠎ᠡ ᠲᠠᠪᠤᠨ ᠰᠠᠷᠯᠤᠭ ᠢᠶᠠᠷ ᠨᠢᠭᠡ ᠵᠢᠯ ᠤᠨ ᠰᠠᠭᠠᠯᠢ ᠪᠠᠨ ᠬᠡᠳᠡᠭ᠃ ᠵᠠᠷᠢᠮ ᠨᠢᠭᠡ ᠡᠴᠢᠭᠡ ᠬᠥᠪᠡᠬᠦᠨ ᠬᠤᠶᠠᠷ ᠬᠠᠮᠲᠤ ᠪᠠᠨ ᠪᠠᠶᠢᠭᠰᠠᠨ ᠠᠶᠢᠯ ᠤᠨ ᠡᠬᠡ ᠪᠡᠷᠢ ᠬᠤᠶᠠᠷ ᠬᠠᠮᠲᠤᠷᠠᠨ ᠠᠷᠪᠠᠨ ᠦᠬᠡᠷ ᠰᠠᠭᠠᠵᠤ ᠰᠠᠭᠠᠯᠢ ᠬᠡᠬᠦ ᠪᠥᠭᠡᠳ ᠥᠳᠥᠷ ᠥᠨᠵᠢᠭᠡᠳ ᠠᠷᠢᠬᠢ ᠨᠡᠷᠡᠳᠡᠭ᠃ ᠰᠠᠭᠠᠯᠢ ᠶᠢᠨ ᠠᠷᠢᠬᠢ ᠶᠢ ᠭᠤᠣᠯᠳᠠᠵᠤ ᠦᠬᠡᠷ᠂ ᠰᠠᠷᠯᠤᠭ ᠤᠨ ᠦᠰᠦ ᠪᠠᠷ ᠢᠰᠬᠡᠭᠰᠡᠨ ᠠᠶᠢᠷᠠᠭ ᠢᠶᠠᠷ ᠨᠡᠷᠡᠵᠤ ᠭᠠᠷᠭᠠᠳᠠᠭ᠃ ᠬᠤᠨᠢᠨ᠂ ᠢᠮᠠᠭ᠎ᠠ᠂ ᠲᠡᠮᠡᠭᠡᠨ ᠤ ᠦᠰᠦ ᠪᠠᠷ ᠠᠶᠢᠷᠠᠭ ᠢᠰᠬᠡᠳᠡᠭ ᠪᠣᠯᠪᠠᠴᠤ ᠠᠷᠢᠬᠢ ᠨᠡᠷᠡᠬᠦ ᠦᠭᠡᠢ᠃ ᠤᠴᠢᠷ ᠨᠢ ᠬᠤᠨᠢᠨ ᠢᠮᠠᠭ᠎ᠠ ᠶᠢ ᠰᠠᠭᠠᠬᠤ ᠳᠤ ᠭᠠᠷᠬᠤ ᠦᠰᠦ ᠨᠢ ᠪᠠᠭ᠎ᠠ ᠪᠣᠯᠬᠤᠷ ᠲᠡᠬᠦᠨ ᠢ ᠴᠤᠭᠯᠠᠭᠤᠯᠠᠭᠠᠳ ᠠᠷᠢᠬᠢ ᠨᠡᠷᠡᠲᠡᠯ᠎ᠡ ᠠᠶᠢᠷᠠᠭ ᠨᠢ ᠭᠠᠰᠢᠭᠤᠷᠴᠤ ᠦᠭᠰᠢᠷᠡᠭᠡᠳ᠂ ᠴᠠᠭᠠᠰᠢᠳᠠ ᠡᠪᠳᠡᠷᠡᠳᠡᠭ ᠲᠤᠯᠨ ᠠᠷᠢᠬᠢ ᠨᠡᠷᠡᠬᠦ ᠦᠭᠡᠢ ᠶᠤᠮ᠃ ᠵᠥᠪᠬᠡᠨ ᠠᠮᠠᠨ ᠤ ᠠᠶᠢᠷᠠᠭ ᠬᠡᠵᠤ ᠬᠦᠮᠦᠰ ᠤᠨ ᠰᠣᠨᠢᠮᠰᠤᠨ ᠤᠤᠭᠤᠬᠤ ᠳᠤ ᠬᠡᠷᠡᠭᠯᠡᠳᠡᠭ᠃ ᠣᠶᠢᠷᠠᠳ ᠮᠣᠩᠭᠤᠯᠴᠤᠳ ᠤᠨ ᠰᠠᠭᠠᠯᠢ ᠶᠢᠨ ᠠᠷᠢᠬᠢ ᠨᠡᠷᠡᠬᠦ ᠠᠷᠭ᠎ᠠ ᠨᠢ ᠭᠡᠪᠡᠯ᠄ ᠣᠶᠢᠷᠠᠳᠴᠤᠳ ᠰᠠᠭᠠᠯᠢ ᠶᠢᠨ ᠠᠷᠢᠬᠢ ᠨᠡᠷᠡᠬᠦ ᠳᠡᠭᠡᠨ ᠶᠠᠷᠬᠤ ᠴᠣᠷᠭᠤ ᠪᠠᠷ ᠨᠡᠷᠡᠬᠦ ᠪᠠ ᠪᠦᠷᠭᠡᠭᠡᠯᠢ ︵ᠵᠠᠷᠢᠮ ᠭᠠᠵᠠᠷ ᠳᠤ ᠪᠠᠰᠨ ᠬᠥᠪᠭᠡᠭᠡᠷᠢ ᠭᠡᠳᠡᠭ︶ ᠪᠠᠷ ᠨᠡᠷᠡᠬᠦ ᠬᠤᠶᠠᠷ ᠵᠦᠢᠯ ᠤᠨ ᠠᠷᠭ᠎ᠠ ᠶᠢ ᠬᠡᠷᠡᠭᠯᠡᠵᠤ ᠢᠷᠡᠵᠠᠢ᠃ ᠴᠢᠯᠥᠭᠡᠯᠡᠭᠳᠡᠬᠦ ᠶᠢᠨ ᠡᠮᠥᠨ᠎ᠡ ᠠᠴᠠ ᠠᠪᠤᠭᠠᠳ ᠵᠢᠷᠠᠭᠡᠳ ᠣᠨ ᠤ ᠡᠬᠡᠨ ᠬᠦᠷᠲᠡᠯ᠎ᠡ ᠰᠠᠭᠠᠯᠢ ᠶᠢᠨ ᠠᠷᠢᠬᠢ ᠶᠢ ᠶᠠᠷᠬᠤ ᠴᠣᠷᠭᠤ ᠪᠠᠷ ᠨᠡᠷᠡᠬᠦ ᠬᠦᠮᠦᠨ ᠣᠯᠠᠨ ᠪᠠᠶᠢᠵᠤ᠂ ᠬᠤᠶᠢᠨ᠎ᠠ ᠨᠢ ᠳᠠᠯᠠᠭᠠᠳ ᠣᠨ ᠳᠤ ᠬᠦᠷᠴᠤ ᠢᠷᠡᠬᠦ ᠳᠤ ᠶᠠᠷᠬᠤ ᠴᠣᠷᠭᠤ ᠪᠠᠷ ᠠᠷᠢᠬᠢ ᠨᠡᠷᠡᠬᠦ ᠳᠤ ᠯᠨ᠂ ᠪᠠᠯᠴᠢᠭ ᠵᠢᠭᠤᠷᠠᠬᠤ ᠨᠢ ᠶᠠᠷᠰᠢᠭ ᠲᠠᠢ ᠭᠡᠵᠤ ᠴᠥᠮᠳᠡᠭᠡᠨ ᠪᠦᠷᠭᠡᠭᠡᠯᠢ ᠪᠠᠷ ᠰᠠᠭᠠᠯᠢ ᠶᠢᠨ ᠠᠷᠢᠬᠢ ᠨᠡᠷᠡᠬᠦ ᠪᠣᠯᠵᠠᠢ᠃ ᠣᠳᠣ ᠶᠠᠷᠬᠤ ᠴᠣᠷᠭᠤ ᠪᠠᠷ ᠠᠷᠢᠬᠢ ᠨᠡᠷᠡᠬᠦ ᠬᠦᠮᠦᠨ ᠲᠤᠩ ᠴᠥᠬᠡᠨ ᠶᠤᠮ᠃ ᠰᠠᠭᠠᠯᠢ ᠶᠢᠨ ᠠᠷᠢᠬᠢ ᠶᠢ ᠨᠡᠷᠡᠬᠦ ᠳᠤ ᠠᠶᠢᠷᠠᠭ ᠢᠰᠭᠡᠬᠦ ᠠᠷᠬᠠᠲ ᠪᠠ ᠪᠥᠳᠥᠬᠦᠨ ᠮᠣᠳᠣᠨ ᠰᠠᠭᠤᠯᠭ᠎ᠠ᠂ ᠪᠦᠷᠭᠡᠭᠡᠯᠢ ᠂ ᠠᠶᠢᠷᠠᠭ ᠢ ᠪᠤᠴᠠᠯᠭᠠᠬᠤ ᠪᠥᠳᠥᠬᠦᠨ ᠴᠥᠭᠡ ᠬᠠᠶᠢᠰᠤᠨ ︵ᠲᠤᠭᠤᠭ᠎ᠠ )᠂ ᠠᠷᠢᠬᠢ ᠲᠣᠰᠣᠬᠤ ᠬᠤᠶᠠᠷ ᠴᠢᠬᠢᠲᠠᠢ ᠪᠢᠴᠢᠭᠡᠨ ᠫᠠᠯᠢᠩᠲᠠᠢ ︵ᠰᠢᠷ ᠲᠠᠢ︶ ᠬᠠᠶᠢᠰᠤᠨ ᠪᠠ ᠭᠦᠢᠲᠡᠨ ᠤᠰᠤ ᠰᠡᠯᠪᠡᠬᠦ ᠲᠥᠷᠪᠡᠨ ᠴᠢᠬᠢᠲᠠᠢ ᠵᠢᠯᠢᠪᠴᠢ ᠬᠠᠶᠢᠰᠤᠨ᠂ ᠵᠢᠯᠢᠪᠴᠢ ᠬᠠᠶᠢᠰᠤ ᠶᠢ ᠣᠷᠢᠶᠠᠬᠤ ᠢᠰᠡᠬᠡᠢ ᠣᠷᠢᠶᠠᠯᠳᠠ ᠵᠡᠷᠭᠡ ᠵᠦᠢᠯ ᠢ ᠳᠤᠲᠠᠭᠤ ᠦᠭᠡᠢ ᠪᠡᠯᠡᠳᠬᠡᠬᠦ ᠬᠡᠷᠡᠭᠲᠡᠢ᠃ ᠠᠷᠬᠠᠲ ᠭᠡᠳᠡᠭ ᠨᠢ ᠪᠣᠯᠪᠠᠯᠨ ᠦᠬᠡᠷ ᠤᠨ ᠠᠷᠠᠰᠤᠨ ᠤ ᠨᠣᠭᠤᠰᠤ ᠶᠢ ᠨᠢ ᠬᠤᠰᠤᠵᠤ ᠬᠠᠶᠠᠭᠠᠳ ᠬᠠᠷᠭᠠᠢ ᠶᠢᠨ ᠰᠠᠨᠴᠢᠭ ᠢᠶᠠᠷ ᠤᠳᠠᠵᠤ ᠬᠡᠭᠰᠡᠨ ᠠᠷᠠᠰᠤᠨ ᠰᠠᠪᠠ ᠪᠣᠯᠤᠨ᠎ᠠ᠃ ᠪᠥᠳᠥᠬᠦᠨ ᠠᠷᠬᠠᠲ ᠪᠠᠭ᠎ᠠ ᠳᠠᠭᠠᠨ ᠵᠢᠷᠭᠤᠭᠠᠨ ᠰᠠᠭᠤᠯᠭ᠎ᠠ ᠠᠶᠢᠷᠠᠭ ᠢᠰᠡᠬᠡᠵᠤ ᠪᠣᠯᠳᠠᠭ᠃ ᠪᠦᠷᠭᠡᠭᠡᠯᠢ ᠭᠡᠳᠡᠭ ᠨᠢ ᠮᠣᠳᠣ ᠪᠠᠷ ᠬᠡᠭᠰᠡᠨ ᠳᠡᠭᠡᠬᠦᠷ ᠢᠶᠠᠨ ᠰᠣᠪᠭᠤᠷ᠂ ᠳᠣᠷᠣᠣᠭᠤᠷ ᠢᠶᠠᠨ ᠰᠠᠷᠪᠠᠭᠠᠷ᠂ ᠳᠡᠭᠡᠷ᠎ᠡ᠂ ᠳᠤᠮᠳᠠ᠂ ᠳᠣᠣᠷ᠎ᠡ ᠭᠤᠷᠪᠠᠨ ᠪᠡᠶ᠎ᠡ ᠶᠢ ᠨᠢ ᠨᠠᠷᠢᠨ ᠲᠡᠮᠥᠷ ᠤᠲᠠᠰᠤ ᠪᠠᠷ ᠪᠦᠰᠡᠯᠡᠭᠰᠡᠨ ᠲᠥᠬᠦᠷᠢᠭ ᠬᠡᠯᠪᠡᠷᠢᠲᠡᠢ ᠬᠥᠨᠳᠡᠢ ᠮᠣᠳᠣᠨ ᠬᠡᠷᠡᠭᠰᠡᠯ ᠪᠣᠯᠤᠨ᠎ᠠ᠃ ᠬᠤᠶᠠᠷ ᠴᠢᠬᠢᠲᠡᠢ ᠫᠠᠯᠠᠩᠲᠠᠢ ᠬᠠᠶᠢᠰᠤᠨ ᠭᠡᠳᠡᠭ ᠨᠢ ᠪᠦᠷᠭᠡᠭᠡᠯᠢ ᠶᠢᠨ ᠳᠣᠲᠣᠷ᠎ᠡ ᠥᠯᠬᠦᠵᠤ ᠠᠷᠢᠬᠢ ᠲᠣᠰᠣᠬᠤ ᠪᠠᠭᠠᠴᠠᠷ ᠰᠢᠷ ᠲᠠᠢ ᠬᠠᠶᠢᠰᠤᠨ ᠰᠠᠪᠠ ᠪᠣᠯᠤᠨ᠎ᠠ᠃ ᠵᠢᠯᠢᠪᠴᠢ ᠬᠠᠶᠢᠰᠤᠨ ᠭᠡᠳᠡᠭ ᠨᠢ ᠪᠦᠷᠭᠡᠭᠡᠯᠢ ᠳᠡᠭᠡᠷ᠎ᠡ ᠲᠠᠪᠢᠵᠤ ᠭᠦᠢᠲᠡᠨ ᠤᠰᠤ ᠬᠡᠬᠦ ᠳᠥᠷᠪᠠᠨ ᠴᠢᠬᠢᠲᠡᠢ ᠪᠢᠴᠢᠬᠡᠨ ᠴᠥᠭᠡ ᠬᠠᠶᠢᠰᠤᠨ ᠪᠣᠯᠤᠨ᠎ᠠ᠃ ᠪᠦᠷᠭᠡᠭᠡᠯᠢ ᠪᠠᠷ ᠠᠷᠢᠬᠢ ᠨᠡᠷᠡᠬᠦ ᠳᠤ ᠪᠦᠲᠡᠬᠦᠦ ᠨᠡᠷᠡᠬᠦ ᠪᠠ ᠵᠠᠳᠠᠭᠠᠢ ᠨᠡᠷᠡᠬᠦ ᠬᠤᠶᠠᠷ ᠵᠦᠢᠯ ᠪᠠᠶᠢᠳᠠᠭ᠃ ᠪᠦᠲᠡᠬᠦᠦ ᠨᠡᠷᠡᠬᠦ ᠳᠤ ᠠᠷᠬᠠᠲ ᠲᠠᠢ ᠠᠶᠢᠷᠠᠭ ᠪᠠᠨ ᠪᠦᠯᠡᠬᠦᠦᠷ ᠢᠶᠠᠷ ᠨᠢᠭᠡ ᠬᠤᠶᠠᠷ ᠴᠠᠭ ᠪᠣᠯᠢᠵᠤ᠂ ᠠᠶᠢᠷᠠᠭ ᠳᠡᠭᠡᠷ᠎ᠡ ᠴᠤᠭᠯᠠᠷᠠᠭᠰᠠᠨ ᠰᠠᠷ᠎ᠡ ᠲᠣᠰᠤ ᠶᠢ ᠨᠢ ᠭᠠᠷᠭᠠᠵᠤ ᠠᠪᠤᠭᠰᠠᠨ ᠤ ᠳᠠᠷᠠᠭ᠎ᠠ᠂ ᠠᠶᠢᠷᠠᠭ ᠢᠶᠠᠨ ᠪᠥᠳᠥᠬᠦᠨ ᠴᠥᠭᠡ ᠬᠠᠶᠢᠰᠤᠨ ᠳᠤ ᠪᠢᠴᠢᠬᠡᠨ ᠮᠣᠳᠣᠨ ᠰᠠᠭᠤᠯᠭ᠎ᠠ ᠪᠠᠷ ᠵᠣᠭᠡᠭᠡᠵᠤ ᠬᠡᠳᠡᠭ᠃ ᠢᠩᠭᠡᠬᠦ ᠳᠡᠭᠡᠨ ᠨᠢᠭᠡ ᠤᠳᠠᠭ᠎ᠠ ᠠᠷᠢᠬᠢ ᠨᠡᠷᠡᠬᠦ ᠳᠤ ᠪᠢᠴᠢᠬᠡᠨ ᠮᠣᠳᠣᠨ ᠰᠠᠭᠤᠯᠭ᠎ᠠ ᠪᠠᠷ ᠲᠠᠪᠤᠨ ᠠᠴᠠ ᠵᠢᠷᠭᠤᠭᠠᠨ ᠰᠠᠭᠤᠯᠭ᠎ᠠ ᠠᠶᠢᠷᠠᠭ ᠬᠡᠷᠡᠭᠯᠡᠨ᠎ᠡ᠃ ᠠᠶᠢᠷᠠᠭ ᠢᠶᠠᠨ ᠪᠥᠳᠥᠬᠦᠨ ᠴᠥᠭᠡ ᠬᠠᠶᠢᠰᠤᠨ ᠳᠤ ᠬᠡᠬᠦ ᠲᠡᠭᠡᠨ ᠨᠢᠭᠡ ᠰᠥᠭᠡᠮ ᠵᠠᠶᠢᠲᠠᠢ ᠪᠠᠶᠢᠯᠭᠠᠵᠤ᠂ ᠳᠡᠭᠡᠷ᠎ᠡ ᠨᠢ ᠪᠦᠷᠭᠡᠭᠡᠯᠢ ᠪᠠᠨ ᠬᠥᠮᠦᠷᠴᠤ ᠲᠠᠪᠢᠭᠠᠳ ᠪᠦᠷᠭᠡᠭᠡᠯᠢ ᠶᠢᠨ ᠳᠣᠣᠷ᠎ᠡ ᠪᠡᠶ᠎ᠡ ᠶᠢᠨ ᠠᠮᠨ ᠶᠢ ᠬᠠᠶᠢᠰᠤᠲᠠᠢ ᠠᠶᠢᠷᠠᠭ ᠤᠨ ᠳᠣᠲᠣᠷ᠎ᠡ ᠳᠥᠷᠪᠠᠨ ᠬᠤᠷᠭᠤᠨ ᠣᠷᠣᠭᠤᠯᠤᠨ᠎ᠠ᠃ ᠳᠠᠷᠠᠭ᠎ᠠ ᠨᠢ ᠪᠦᠷᠭᠡᠭᠡᠯᠢ ᠶᠢᠨ ᠳᠣᠲᠣᠷ᠎ᠡ ᠠᠷᠢᠬᠢ ᠲᠣᠰᠣᠬᠤ ᠬᠤᠶᠠᠷ ᠴᠢᠬᠢᠲᠠᠢ ᠫᠠᠯᠢᠩᠲᠠᠢ ᠬᠠᠶᠢᠰᠤ ᠪᠠᠨ ᠲᠡᠬᠦᠵᠢᠯᠡᠵᠤ᠂ ᠡᠨ᠋ᠨ ᠬᠠᠶᠢᠰᠤᠨ ᠤ ᠬᠤᠶᠠᠷ ᠴᠢᠬᠢᠨ ᠠᠴᠠ ᠬᠤᠶᠠᠷ ᠨᠠᠷᠢᠨ ᠤᠲᠠᠰᠤ ᠤᠶᠠᠵᠤ᠂ ᠲᠡᠷᠨ ᠨᠠᠷᠢᠨ ᠤᠲᠠᠰᠤ ᠶᠢ ᠪᠦᠷᠭᠡᠭᠡᠯᠢ ᠶᠢᠨ ᠠᠮᠨ ᠪᠠᠷ ᠭᠠᠷᠭᠠᠵᠤ᠂ ᠪᠦᠷᠭᠡᠭᠡᠯᠢ ᠶᠢᠨ ᠬᠤᠶᠠᠷ ᠲᠠᠯᠨ ᠳᠤ ᠬᠠᠳᠠᠭᠰᠠᠨ ᠬᠤᠶᠠᠷ ᠨᠠᠷᠢᠨ ᠬᠠᠳᠠᠭᠠᠰᠤᠨ ᠳᠤ ᠥᠯᠬᠦᠨ᠎ᠡ᠃ ᠲᠡᠬᠦᠨ ᠤ ᠳᠡᠭᠡᠷ᠎ᠡ ᠨᠢ ᠵᠢᠯᠢᠪᠴᠢ ᠬᠠᠶᠢᠰᠤ ᠪᠠᠨ ᠨᠡᠷᠡᠵᠤ᠂ ᠵᠢᠯᠢᠪᠴᠢ ᠬᠠᠶᠢᠰᠤᠨ ᠪᠠ ᠪᠦᠷᠭᠡᠭᠡᠯᠢ ᠶᠢᠨ ᠵᠠᠭᠠᠭ ᠢᠶᠠᠷ ᠠᠭᠤᠷ ᠭᠠᠷᠬᠤ ᠵᠠᠢ ᠵᠠᠪᠰᠠᠷ ᠢ ᠪᠥᠭᠯᠡᠭᠡᠳ᠂ ᠬᠤᠶᠠᠷ ᠠᠯᠳᠠ ᠤᠷᠲᠤ ᠰᠢᠨ᠎ᠡ ᠢᠰᠡᠬᠡᠢ ᠪᠤᠶᠤ ᠰᠢᠨ᠎ᠡ ᠪᠥᠰ ᠢᠶᠠᠷ ᠬᠡᠭᠰᠡᠨ ᠨᠠᠷᠢᠨ ᠣᠷᠢᠶᠠᠯᠳᠠ ᠪᠠᠷ ᠵᠢᠯᠢᠪᠴᠢ ᠬᠠᠶᠢᠰᠤ ᠶᠢ ᠭᠤᠷᠪᠠ ᠳᠠᠪᠬᠤᠷᠯᠠᠨ ᠣᠷᠢᠶᠠᠵᠤ᠂ ᠢᠰᠡᠬᠡᠢ ᠣᠷᠢᠶᠠᠯᠳᠠ ᠶᠢᠨ ᠪᠦᠴᠢ ᠪᠠᠷ ᠳᠠᠬᠢᠨ ᠳᠡᠭᠡᠷ᠎ᠡ ᠠᠴᠠ ᠨᠢ ᠴᠢᠩᠭ᠎ᠠ ᠪᠠᠭᠯᠠᠨ᠎ᠠ᠃ ᠢᠩᠭᠡᠭᠡᠳ ᠬᠠᠮᠤᠭ ᠤᠨ ᠠᠳᠠᠭ ᠲᠤ ᠵᠢᠯᠢᠪᠴᠢ ᠬᠠᠶᠢᠰᠤᠨ ᠳᠤ ᠪᠠᠨ ᠭᠦᠢᠲᠡᠨ ᠪᠤᠯᠠᠭ ᠤᠨ ᠤᠰᠤ ᠶᠢ ᠲᠡᠬᠦᠷᠭᠡᠵᠤ ᠬᠢᠭᠡᠳ ᠠᠶᠢᠷᠠᠭ ᠢᠶᠠᠨ ᠪᠤᠴᠠᠯᠭᠠᠨ᠎ᠠ᠃ ᠪᠥᠳᠥᠬᠦᠨ ᠴᠥᠭᠡ ᠬᠠᠶᠢᠰᠤᠲᠠᠢ ᠠᠶᠢᠷᠠᠭ ᠪᠤᠴᠠᠯᠠᠬᠤ ᠳᠤ ᠠᠶᠢᠷᠠᠭ ᠤᠨ ᠠᠭᠤᠷ ᠥᠭᠡᠳᠡ ᠪᠠᠨ ᠳᠡᠭᠳᠡᠵᠤ ᠭᠠᠷᠤᠭᠠᠳ᠂ ᠵᠢᠯᠢᠪᠴᠢ ᠬᠠᠶᠢᠰᠤᠨ ᠤ ᠢᠷᠤᠭᠠᠯ ᠳᠤ ᠬᠦᠷᠴᠤ᠂ ᠳᠠᠬᠢᠨ ᠲᠡᠷᠨ ᠨᠢ ᠤᠰᠤᠨ ᠮᠥᠬᠦᠯᠢᠭ ᠪᠣᠯᠵᠤ ᠬᠤᠪᠢᠷᠠᠭᠠᠳ ᠪᠦᠷᠭᠡᠭᠡᠯᠢ ᠶᠢᠨ ᠳᠣᠲᠣᠷ᠎ᠡ ᠥᠯᠭᠦᠭᠰᠡᠨ ᠫᠠᠯᠢᠩᠲᠠᠢ ᠬᠠᠶᠢᠰᠤᠨ ᠳᠤ ᠲᠣᠰ ᠲᠣᠰ ᠭᠡᠵᠤ ᠨᠢᠭᠡ ᠨᠢᠭᠡ ᠪᠠᠷ ᠳᠤᠰᠠᠵᠤ ᠣᠷᠣᠳᠠᠭ᠃ ᠡᠨ᠋ᠨ ᠨᠢ ᠳᠠᠷᠤᠢ ᠰᠠᠭᠠᠯᠢ ᠶᠢᠨ ᠠᠷᠢᠬᠢ ᠪᠣᠯᠬᠤ ᠶᠤᠮ᠃ ᠰᠠᠭᠠᠯᠢ ᠶᠢᠨ ᠠᠷᠢᠬᠢ ᠶᠢᠨ ᠠᠮᠳᠠ ᠨᠢ ᠰᠠᠶᠢᠨ ᠮᠠᠭᠤ ᠪᠣᠯᠬᠤ ᠪᠠ ᠢᠳᠡ ᠬᠦᠴᠦ ᠨᠢ ᠴᠢᠩᠭ᠎ᠠ ᠰᠤᠯᠨ ᠪᠣᠯᠬᠤ ᠨᠢ ᠠᠶᠢᠷᠠᠭ ᠤᠨ ᠬᠥᠷᠥᠩᠬᠡ ᠲᠠᠢ ᠰᠢᠭᠤᠳ ᠬᠤᠯᠪᠤᠭᠠᠲᠠᠢ ᠪᠠᠶᠢᠬᠤ ᠶᠢᠨ ᠬᠠᠮᠲᠤ ᠵᠢᠯᠢᠪᠴᠢ ᠬᠠᠶᠢᠰᠤᠨ ᠤ ᠤᠰᠤ ᠶᠢ ᠣᠯᠠᠨ ᠰᠣᠯᠢᠬᠤ ᠪᠠ ᠵᠢᠯᠢᠪᠴᠢ ᠬᠠᠶᠢᠰᠤᠨ ᠤ ᠣᠷᠢᠶᠠᠯᠳᠠ ᠨᠢ ᠴᠢᠩᠭ᠎ᠠ ᠣᠷᠢᠶᠠᠭᠳᠠᠭᠰᠠᠨ ᠡᠰᠡᠬᠦ ᠲᠠᠢ ᠨᠢᠭᠳᠠ ᠬᠤᠯᠪᠤᠭᠳᠠᠯᠲᠠᠢ ᠪᠠᠶᠢᠳᠠᠭ᠃ ᠵᠢᠯᠢᠪᠴᠢ ᠬᠠᠶᠢᠰᠤᠨ ᠤ ᠤᠰᠤ ᠶᠢ ᠬᠤᠶᠠᠷ ᠠᠴᠠ ᠭᠤᠷᠪᠠᠨ ᠤᠳᠠᠭ᠎ᠠ ᠰᠣᠯᠢᠬᠤ ᠳᠤ ᠪᠦᠷᠭᠡᠭᠡᠯᠢ ᠶᠢᠨ ᠳᠣᠲᠣᠷ᠎ᠡ ᠲᠡᠬᠦᠵᠢᠯᠡᠭᠰᠡᠨ ᠬᠠᠶᠢᠰᠤᠨ ᠳᠤ ᠭᠤᠷᠪᠠᠨ ᠯᠣᠩᠬᠤ ᠠᠷᠢᠬᠢ ᠭᠠᠷᠬᠤ ᠪᠥᠭᠡᠳ ᠡᠨ᠋ᠨ ᠠᠷᠢᠬᠢ ᠲᠤᠩ ᠬᠦᠴᠦᠲᠡᠢ ᠪᠠᠶᠢᠳᠠᠭ᠃ ᠬᠡᠷᠪᠡ ᠵᠢᠯᠢᠪᠴᠢ ᠬᠠᠶᠢᠰᠤᠨ ᠤ ᠬᠦᠢᠲᠡᠨ ᠤᠰᠤ ᠶᠢ ᠲᠠᠪᠤᠨ ᠠᠴᠠ ᠵᠢᠷᠭᠤᠭᠠᠨ ᠤᠳᠠᠭ᠎ᠠ ᠰᠣᠯᠢᠬᠤ ᠳᠤ ᠠᠷᠢᠬᠢ ᠨᠢ ᠰᠤᠯᠨ ᠭᠠᠷᠳᠠᠭ᠃ ᠡᠮᠡᠭᠲᠡᠶᠢᠴᠤᠳ ᠨᠡᠷᠡᠭᠰᠡᠨ ᠠᠷᠢᠬᠢ ᠶᠢᠨ ᠢᠶᠠᠨ ᠬᠦᠴᠦᠲᠡᠢ ᠭᠠᠷᠤᠭᠰᠠᠨ ᠡᠰᠡᠬᠦ ᠶᠢ ᠰᠢᠯᠭᠠᠬᠤ ᠳᠠᠭᠠᠨ ᠰᠢᠨᠡᠬᠡᠨ ᠨᠡᠷᠡᠭᠰᠡᠨ ᠠᠷᠢᠬᠢ ᠠᠴᠠ ᠪᠠᠨ ᠰᠠᠨᠠᠭ᠎ᠠ ᠪᠠᠷ ᠪᠠᠭ᠋ᠠᠭᠠᠨ ᠶᠤᠮᠤ ᠬᠤᠳᠬᠠᠵᠤ ᠠᠪᠤᠭᠠᠳ ᠭᠠᠯ ᠳᠠᠭᠠᠨ ᠰᠠᠴᠤᠯ ᠥᠷᠬᠦᠳᠡᠭ᠃ ᠡᠨ᠋ᠨ ᠦᠶ᠎ᠡ ᠳᠤ ᠳᠦᠷᠢᠯᠵᠡᠭᠰᠡᠨ ᠭᠠᠯ ᠤᠨ ᠵᠠᠯᠢ ᠵᠤᠤᠬ᠎ᠠ ᠶᠢᠨ ᠠᠮᠨ ᠪᠠᠷ ᠭᠠᠳᠠᠭᠰᠢ ᠪᠠᠨ ᠴᠣᠷᠬᠢᠵᠤ ᠭᠠᠷᠤᠭᠰᠠᠨ ᠪᠠᠶᠢᠪᠠᠯᠨ ᠠᠷᠢᠬᠢ ᠰᠠᠶᠢᠨ ᠭᠠᠷᠴᠤ᠂ ᠠᠶᠢᠯ ᠡᠷᠦᠭᠡ ᠥᠭᠡᠳᠡᠯᠡᠬᠦ ᠶᠢᠨ ᠪᠡᠯᠭᠡ ᠲᠡᠮᠳᠡᠭ ᠭᠡᠵᠤ ᠠᠷᠢᠬᠢ ᠨᠡᠷᠡᠭᠰᠡᠨ ᠠᠶᠢᠯ ᠶᠡᠭᠡ ᠪᠠᠭ᠎ᠠ ᠦᠭᠡᠢ ᠪᠦᠬᠦ ᠭᠡᠷ ᠪᠠᠷ ᠢᠶᠠᠨ ᠴᠥᠮᠳᠡᠭᠡᠨ ᠰᠡᠳᠬᠡᠯ ᠨᠢ ᠪᠠᠶᠠᠰᠳᠠᠭ᠃ ᠬᠠᠷᠢᠨ ᠭᠠᠯ ᠤᠨ ᠵᠠᠯᠢ ᠨᠢ ᠭᠠᠳᠠᠭᠰᠢ ᠬᠦᠴᠦᠳᠡᠢ ᠭᠠᠷᠬᠤ ᠦᠭᠡᠢ ᠭᠠᠯ ᠤᠨ ᠴᠤᠭ ᠢ ᠬᠠᠷᠯᠠᠭᠤᠯᠠᠭᠠᠳ ᠤᠨᠲᠤᠷᠠᠭᠠᠪᠠᠯ ᠠᠷᠢᠬᠢ ᠮᠠᠭᠤ ᠭᠠᠷᠴᠤ᠂ ᠠᠶᠢᠯ ᠡᠷᠦᠬᠡ ᠶᠢᠨ ᠬᠢᠰᠢᠭ ᠨᠢ ᠬᠠᠷᠢᠵᠤ ᠬᠢᠮᠦᠷᠢ  ᠨᠢ ᠬᠡᠪᠲᠡᠬᠦ ᠪᠣᠯᠤᠯ᠎ᠡ ᠬᠡᠵᠤ ᠤᠷᠠᠮ᠎ᠡ ᠦᠭᠡᠢ ᠪᠣᠯᠳᠠᠭ᠃ ᠠᠷᠢᠬᠢ ᠶᠢ ᠵᠠᠳᠠᠭᠠᠢ ᠨᠡᠷᠡᠬᠦ ᠳᠤ ᠪᠦᠷᠭᠡᠭᠡᠯᠢ ᠶᠢᠨ ᠬᠠᠵᠢᠭᠤ  ᠳᠤ ᠴᠣᠷᠭᠤ ᠭᠠᠷᠭᠠᠵᠤ᠂ ᠳᠠᠬᠢᠨ ᠴᠣᠷᠭᠤ ᠶᠢᠨ ᠲᠣᠣᠷ᠎ᠡ ᠠᠷᠢᠬᠢ ᠲᠣᠰᠣᠬᠤ ᠲᠣᠰᠣᠭᠤᠷ ᠲᠠᠪᠢᠳᠠᠭ᠃ ᠲᠤᠰᠠᠭᠠᠷ ᠲᠠᠯᠠᠷ ᠪᠦᠲᠡᠬᠦᠦ ᠨᠡᠷᠡᠬᠦ ᠲᠠᠢ ᠠᠳᠠᠯᠢ ᠶᠤᠮ᠃ ᠠᠳᠡᠬᠢ ᠶᠢᠨ ᠬᠦᠮᠦᠰ ᠰᠠᠭᠠᠯᠢ ᠶᠢᠨ ᠠᠷᠢᠬᠢ ᠨᠡᠷᠡᠬᠦ ᠳᠡᠭᠡᠨ ᠪᠦᠷᠢ ᠪᠦᠲᠡᠬᠦᠦ ᠪᠠᠷ ᠨᠡᠷᠡᠬᠦ ᠠᠷᠭ᠎ᠠ ᠶᠢ ᠬᠡᠷᠡᠭᠯᠡᠳᠡᠭ ᠪᠣᠯᠬᠤᠷ ᠵᠠᠳᠠᠭᠠᠢ ᠠᠷᠭ᠎ᠠ ᠪᠠᠷ ᠠᠷᠢᠬᠢ ᠨᠡᠷᠡᠬᠦ ᠬᠦᠮᠦᠨ ᠣᠯᠠᠨ ᠪᠠᠶᠢᠬᠤ ᠦᠭᠡᠢ᠃ ᠶᠠᠷᠬᠤ ᠴᠣᠷᠭᠤ ᠪᠠᠷ ᠠᠷᠢᠬᠢ ᠨᠡᠷᠡᠬᠦ ᠳᠤ ᠪᠠᠰᠨ ᠪᠥᠳᠥᠬᠦᠨ ᠴᠥᠭᠡ ᠬᠠᠶᠢᠰᠤᠨ ᠶᠠᠷᠬᠤ᠂᠂ ᠴᠣᠷᠭᠤ᠂ ᠪᠢᠴᠢᠬᠡᠨ ᠴᠥᠭᠡ ᠬᠠᠶᠢᠰᠤᠨ ᠵᠡᠷᠭᠡ ᠳᠥᠷᠪᠠᠨ ᠵᠦᠢᠯ ᠤᠨ ᠲᠥᠬᠦᠭᠡᠷᠦᠮᠵᠢ ᠶᠢ ᠬᠡᠷᠡᠭᠯᠡᠳᠡᠭ᠃ ᠢᠩᠭᠡᠬᠦ ᠳᠡᠭᠡᠨ ᠪᠥᠳᠥᠬᠦᠨ ᠴᠥᠭᠡ ᠬᠠᠶᠢᠰᠤᠨ ᠤ ᠪᠦᠷᠭᠡᠭᠡᠰᠦᠨ ᠪᠠ ᠪᠢᠴᠢᠬᠡᠨ ᠪᠦᠷᠭᠡᠭᠡᠰᠦ ᠶᠢ ᠪᠦᠷ ᠵᠥᠭᠡᠯᠡᠨ ᠰᠢᠷᠤᠢ ᠪᠠᠷ ᠬᠠᠲᠠᠭᠤ ᠯᠨ ᠪᠠᠯᠴᠢᠭ ᠵᠢᠭᠤᠷᠴᠢ ᠶᠠᠷᠬᠤ ᠴᠣᠷᠭᠤ ᠳᠠᠮᠵᠢᠭᠤᠯᠬᠤ ᠵᠠᠭᠠᠭ ᠢ ᠪᠥᠭᠯᠡᠳᠡᠭ ᠪᠣᠯᠬᠤᠷ ᠶᠠᠷᠬᠤ ᠴᠣᠷᠭᠤ ᠪᠠᠷ ᠠᠷᠢᠬᠢ ᠨᠠᠷᠠᠬᠦ ᠳᠤ ᠯᠨ ᠪᠠᠯᠴᠢᠭ ᠵᠢᠭᠤᠷᠠᠬᠤ ᠨᠢ ᠶᠡᠭᠡ ᠶᠠᠷᠱᠢᠭᠲᠠᠢ ᠠᠵᠢᠯ ᠪᠠᠶᠢᠪᠠ᠃ ᠡᠬᠦᠨ ᠲᠠᠢ ᠬᠠᠷᠢᠴᠠᠭᠤᠯᠪᠠᠯᠨ ᠪᠦᠷᠭᠡᠭᠡᠯᠢ ᠪᠠᠷ ᠠᠷᠢᠬᠢ ᠨᠡᠷᠡᠬᠦ ᠨᠢ ᠳᠥᠬᠦᠮ ᠳᠡᠭᠡᠷ᠎ᠡ ᠪᠠᠨ ᠴᠡᠪᠠᠷ ᠪᠣᠯᠬᠤᠷ ᠬᠦᠮᠦᠰ ᠴᠥᠮᠳᠡᠭᠡᠨ ᠪᠦᠷᠭᠡᠭᠡᠯᠢ ᠪᠠᠷ ᠠᠷᠢᠬᠢ ᠨᠡᠷᠡᠬᠦ ᠶᠢ ᠡᠷᠬᠢᠮᠨᠡᠵᠤ ᠢᠷᠡᠵᠡᠢ᠃ ᠣᠶᠢᠷᠠᠳ ᠮᠣᠩᠭᠤᠯᠴᠤᠳ ᠠᠶᠢᠷᠠᠭ ᠢᠶᠠᠷ ᠨᠡᠷᠡᠵᠤ ᠭᠠᠷᠭᠠᠭᠰᠠᠨ ᠰᠠᠭᠠᠯᠢ ᠶᠢᠨ ᠠᠷᠢᠬᠢ ᠪᠠᠨ ᠬᠤᠷᠢᠮ ᠨᠠᠶᠢᠷ᠂ ᠣᠪᠣᠭ᠎ᠠ ᠲᠠᠬᠢᠬᠤ ᠪᠠᠶᠠᠷ᠂ ᠭᠡᠦᠭᠡᠳ ᠤᠨ ᠦᠰᠦ ᠤ ᠥᠷᠪᠦᠯᠢᠭ ᠬᠠᠶᠢᠴᠢᠯᠠᠬᠤ ᠨᠠᠶᠢᠷ᠂ ᠬᠥᠪᠦᠦᠨ ᠳᠡᠭᠡᠨ ᠠᠶᠢᠯ ᠤᠨ ᠬᠡᠦᠬᠡᠨ ᠳᠤ ᠬᠤᠳᠠ ᠪᠣᠯᠵᠤ᠂ ᠵᠡᠲ ᠳᠠᠭᠠᠴᠠᠢ ᠬᠦᠷᠭᠡᠬᠦ ᠪᠤᠶᠤ ᠬᠠᠳᠠᠭ ᠵᠢᠰᠤ ᠲᠠᠪᠢᠬᠤ ᠮᠡᠲᠦ ᠶᠢᠨ ᠴᠢᠬᠤᠯᠨ ᠴᠢᠬᠤᠯᠨ ᠨᠠᠶᠢᠷ ᠨᠠᠭᠠᠳᠤᠮ ᠴᠤᠭᠯᠠᠷᠠᠭᠠᠨ ᠳᠤ ᠬᠡᠷᠡᠭᠯᠡᠳᠡᠭ᠃ ᠣᠶᠢᠷᠠᠳ ᠮᠣᠩᠭᠤᠯᠴᠤᠳ ᠤᠨ ᠤᠯᠠᠮᠵᠢᠯᠠᠯᠳᠤ ᠵᠠᠩᠰᠢᠯ ᠢᠶᠠᠷ ᠪᠣᠯᠪᠠᠯᠨ ᠨᠢᠭᠡᠳᠦᠭᠡᠷ ᠤᠳᠠᠭ᠎ᠠ ᠨᠡᠷᠡᠵᠤ ᠭᠠᠷᠭᠠᠭᠰᠠᠨ ᠰᠠᠭᠠᠯᠢ ᠶᠢᠨ ᠠᠷᠢᠬᠢ ᠪᠠᠨ ᠢᠳᠡᠭᠡᠨ ᠴᠢᠭᠡᠨ ᠤ ᠳᠡᠭᠡᠵᠤ ᠬᠡᠵᠤ ᠬᠡᠯᠡᠭᠡᠳ ᠬᠥᠪᠦᠦᠨ ᠤ ᠪᠠᠨ ᠬᠤᠳᠠ ᠠᠶᠢᠯ ᠳᠤ ᠬᠦᠷᠭᠡᠳᠡᠭ᠃ ᠰᠠᠭᠠᠯᠢ ᠶᠢᠨ ᠠᠷᠢᠬᠢ ᠶᠢ ᠣᠶᠢᠷᠠᠳᠴᠤᠳ ᠵᠤᠨ ᠤ ᠭᠤᠷᠪᠠᠨ ᠰᠠᠷ᠎ᠠ ᠳᠤ ᠰᠢᠨ᠎ᠡ ᠰᠣᠷᠭᠤᠭ ᠢᠶᠠᠷ ᠨᠢ ᠤᠤᠭᠤᠬᠤ ᠪᠠᠷ ᠪᠠᠷᠠᠬᠤ ᠦᠭᠡᠢ᠂ ᠠᠷᠠᠰᠤᠨ ᠬᠥᠬᠦᠷ ᠲᠡᠭᠡᠨ ᠬᠡᠵᠤ ᠳᠡᠭᠡᠷ᠎ᠡ ᠠᠴᠠ ᠨᠢ ᠮᠣᠳᠣᠨ ᠪᠥᠭᠯᠡᠭᠡ ᠪᠠᠷ ᠴᠢᠩᠭ᠎ᠠ ᠪᠥᠭᠯᠡᠵᠤ ᠬᠠᠳᠠᠭᠠᠯᠠᠭᠠᠳ ᠡᠪᠦᠯ᠂ ᠬᠠᠪᠤᠷ ᠬᠦᠷᠲᠡᠯ᠎ᠡ ᠴᠠᠭᠠᠰᠢᠳᠠ ᠰᠢᠨ᠎ᠡ ᠵᠢᠯ ᠤᠨ ᠰᠠᠭᠠᠯᠢ ᠶᠢᠨ ᠠᠷᠢᠬᠢ ᠭᠠᠷᠬᠤ ᠴᠠᠭ ᠬᠦᠷᠲᠡᠯ᠎ᠡ ᠬᠠᠳᠠᠭᠠᠯᠠᠵᠤ ᠤᠤᠭᠤᠳᠠᠭ᠃ ᠰᠠᠭᠠᠯᠢ ᠶᠢᠨ ᠠᠷᠢᠬᠢ ᠶᠢ ᠤᠳᠠᠭᠠᠨ ᠬᠠᠳᠠᠭᠠᠯᠠᠵᠤ ᠤᠤᠭᠤᠵᠤ ᠪᠣᠯᠬᠤ ᠠᠴᠠ ᠭᠠᠳᠠᠨ᠎ᠠ ᠪᠠᠰᠨ ᠵᠠᠷᠢᠮ ᠨᠢᠭᠡ ᠦᠶ᠎ᠡ ᠳᠤ ᠰᠢᠩᠭᠡᠭᠡᠯᠳᠠ ᠮᠠᠭᠤᠳᠠᠬᠤ ᠳᠤ ᠰᠠᠭᠠᠯᠢ ᠶᠢᠨ ᠠᠷᠢᠬᠢ ᠳᠡᠭᠡᠷ᠎ᠡ ᠪᠠᠭ᠋ᠠᠭᠠᠨ ᠰᠠᠷ᠎ᠡ ᠲᠣᠰᠤ ᠬᠡᠵᠤ ᠭᠠᠯ ᠳᠤ ᠬᠠᠯᠠᠭᠤᠯᠠᠭᠠᠳ ᠤᠤᠭᠤᠬᠤ ᠳᠤ ᠰᠢᠩᠭᠡᠭᠡᠯᠳᠠ ᠶᠢ ᠰᠠᠶᠢᠵᠢᠷᠠᠭᠤᠯᠳᠠᠭ ᠦᠢᠯᠡᠳᠦᠯ ᠲᠠᠢ ᠪᠠᠶᠢᠯ᠎ᠡ᠃ ᠠᠳᠡᠬᠢ ᠶᠢᠨ ᠬᠦᠮᠦᠰ ᠤᠨ ᠰᠠᠭᠠᠯᠢ ᠶᠢᠨ ᠠᠷᠢᠬᠢ ᠤᠤᠭᠤᠭᠰᠠᠨ ᠲᠤᠷᠰᠢᠯᠭ᠎ᠠ ᠠᠴᠠ ᠦᠵᠡᠪᠡᠯ᠂ ᠰᠠᠭᠠᠯᠢ ᠶᠢᠨ ᠠᠷᠢᠬᠢ ᠢ ᠲᠠᠰᠤᠯᠠᠯ ᠦᠭᠡᠢ ᠪᠠᠭ᠎ᠠ ᠰᠠᠭ᠎ᠠ ᠤᠤᠭᠤᠪᠠᠯ ᠵᠠᠷᠢᠮ ᠨᠢᠭᠡ ᠬᠦᠮᠦᠰ ᠤᠨ ᠴᠢᠭᠢᠭ ᠠᠴᠠ ᠪᠣᠯᠤᠭᠰᠠᠨ ᠬᠥᠯ ᠨᠢᠷᠤᠭᠠᠨ ᠡᠪᠡᠳᠬᠦ ᠭᠡᠮ ᠢ ᠡᠳᠡᠭᠡᠭᠡᠵᠤ ᠪᠣᠯᠬᠤ ᠶᠢᠨ ᠬᠠᠮᠲᠤ ᠪᠠᠰᠨ ᠬᠦᠮᠦᠨ ᠳᠤ ᠲᠠᠮᠢᠷ ᠲᠡᠩᠭᠡᠭᠡ ᠣᠷᠣᠭᠤᠯᠵᠤ᠂ ᠬᠦᠮᠦᠰ ᠤᠨ ᠡᠪᠠᠳᠴᠢᠨ ᠡᠰᠡᠷᠭᠦᠴᠠᠬᠦ ᠴᠢᠳᠠᠪᠤᠷᠢ ᠶᠢ ᠨᠡᠮᠡᠭᠳᠡᠬᠦᠯᠬᠦ ᠠᠴᠠ ᠭᠠᠳᠠᠨ᠎ᠠ ᠪᠠᠰᠨ ᠵᠢᠰᠦ ᠴᠢᠷᠠᠢ ᠶᠢ ᠰᠠᠶᠢᠬᠠᠷᠠᠭᠤᠯᠵᠤ᠂ ᠥᠲᠡᠯᠡᠬᠦ ᠶᠢ ᠤᠳᠠᠭᠠᠰᠢᠷᠠᠭᠤᠯᠬᠤ ᠦᠢᠯᠡᠳᠦᠯ ᠲᠠᠢ ᠪᠠᠶᠢᠯ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号