︽ᠳᠣᠪᠰᠢᠭᠤᠷ ︾ ᠭᠦᠭᠵᠢᠮ ᠪᠣᠯᠣᠨ ︽ᠰᠠᠪᠠᠷᠳᠠᠩ ︾ ᠤᠨ ᠬᠠᠷᠢᠴᠠᠭ᠎ᠠ
ᠨᠡᠶᠢᠲᠡᠯᠡᠭᠰᠡᠨ ᠴᠠᠭ᠄
2019/12/11
︽ᠳᠣᠪᠰᠢᠭᠤᠷ︾ ᠢ ᠪᠠᠰᠠ ᠳᠣᠩᠰᠢᠭᠤᠷ ᠭᠡᠵᠦ ᠭᠡᠯᠡᠳᠡᠭ᠃ ᠳᠣᠩᠰᠢᠨ ᠭᠦᠭᠵᠢᠮᠳᠡᠭᠦ ᠭᠦᠭᠵᠢᠮ ᠤᠨ ᠵᠦᠢᠯ ᠪᠣᠯᠣᠨ᠎ᠠ ᠃ ᠳᠡᠭᠦᠨ ᠠᠴᠠ ᠬᠤᠶᠢᠰᠢ ᠪᠠᠶᠠᠨ ᠭᠦᠮᠦᠨ ᠢᠮᠠᠭ᠎ᠠ ᠶᠢᠨ ᠠᠷᠠᠰᠣ ᠪᠠᠷ ᠳᠣᠪᠰᠢᠭᠤᠷ ᠢᠶᠠᠨ ᠪᠦᠷᠢᠵᠦ᠂ ᠦᠭᠡᠭᠦᠦ ᠶᠠᠳᠠᠭᠤ ᠭᠦᠮᠦᠨ ᠭᠡᠭᠦᠦ ᠶᠢᠨ ᠰᠠᠯᠢᠰᠣ ᠪᠠᠷ ᠳᠣᠪᠰᠢᠭᠤᠷ ᠢᠶᠠᠨ ᠪᠦᠷᠢᠳᠡᠭ ᠭᠡᠭᠦ ᠭᠡᠯᠯᠡᠭᠡ ᠣᠳᠣ ᠴᠦ ᠮᠣᠩᠭᠤᠯᠴᠣᠳ ᠤᠨ ᠳᠣᠮᠳᠠ ᠣᠯᠠᠮᠵᠢᠯᠠᠬᠳᠠᠵᠣ ᠪᠠᠶᠢᠨ᠎ᠠ᠃ ᠪᠢᠳᠠ ᠳᠣᠰ ᠳᠣᠮᠤᠬ ᠠᠴᠠ ᠳᠣᠪᠰᠢᠭᠤᠷ ᠭᠦᠭᠵᠢᠮ ᠨᠢ ᠣᠶᠢᠷᠠᠳ ᠮᠣᠩᠭᠤᠯᠴᠣᠳ ᠣᠢ ᠶᠢᠨ ᠢᠷᠭᠡᠨ ᠪᠠᠶᠢᠬᠰᠠᠠ ᠦᠶ᠎ᠡ ᠳᠤ ᠪᠣᠢ ᠪᠣᠯᠵᠣ ᠮᠠᠯᠴᠢᠨ ᠲᠦᠮᠠᠨ ᠤ ᠳᠣᠮᠳᠠ ᠳᠠᠯᠭᠡᠷᠡᠭᠰᠡᠡ ᠭᠡᠳᠡᠭ ᠢ ᠣᠶᠢᠯᠠᠭᠠᠵᠣ ᠪᠣᠯᠣᠨ᠎ᠠ᠃ ᠮᠣᠩᠭᠤᠯ ᠣᠯᠣᠰ ᠤᠨ ᠵᠠᠮᠴᠨ ᠶᠢᠨ ᠪᠠᠳᠠᠷᠠ ︽ᠮᠣᠩᠭᠤᠯ ᠠᠷᠠᠳ ᠤᠨ ᠭᠦᠭᠵᠢᠮ︾ ᠭᠡᠭᠦ ᠨᠣᠮ ᠳᠠᠭᠠᠨ ︽ᠳᠣᠪᠰᠢᠭᠤᠷ ᠨᠢ ᠬᠤᠶᠠᠷ ᠴᠢᠪᠠᠭ᠋ᠠᠳᠠᠰᠣᠳᠣ ᠳᠣᠪᠰᠢᠬᠤ ᠭᠦᠭᠵᠢᠮ ᠤᠨ ᠵᠢᠮᠰᠡᠭ ᠤᠨ ᠶᠠᠷᠦᠩᠭᠡᠢ ᠨᠠᠷ᠎ᠠ᠃ ᠲᠡᠣᠭᠡ ᠶᠢᠨ ᠡᠭᠦᠳᠡᠨ ᠠᠴᠠ ᠱᠣᠳᠣᠷᠭᠤ᠂ ᠳᠣᠮᠪᠣᠷ ᠵᠡᠷᠭᠡ ᠪᠣᠯᠣᠨ ᠬᠢᠯᠢᠳᠦ ᠭᠦᠭᠵᠢᠮ ᠤᠨ ᠵᠢᠮᠰᠡᠭ ᠤᠨ ᠡᠪᠦᠭᠡ ᠪᠣᠯᠠᠢ᠃ ᠣᠷᠴᠢᠨ ᠦᠶᠡᠰ ᠵᠦᠪᠭᠡᠨ ᠪᠠᠷᠠᠭᠤᠨ ᠮᠣᠩᠭᠤᠯ ᠳᠤ ᠬᠠᠳᠠᠭᠠᠯᠠᠬᠳᠠᠨ ᠦᠯᠡᠳᠡᠵᠡᠢ᠃ ᠴᠠᠷ ᠤᠨ ᠬᠢᠨᠢ ᠭᠡᠯᠪᠡᠷᠢ ᠪᠠᠷ ᠠᠶᠢᠭᠠᠨ ᠳᠣᠪᠰᠢᠭᠤᠷ᠂ ᠭᠢᠯᠢᠳᠦᠭᠦᠷ ᠳᠣᠪᠰᠢᠭᠤᠷ᠂ ᠮᠣᠨᠳᠣᠭᠤᠷ ᠪᠣᠶᠣ ᠪᠦᠭᠡᠷᠡᠩᠭᠡᠢ ᠳᠣᠪᠰᠢᠭᠤᠷ᠂ ᠳᠦᠷᠪᠡᠯᠵᠢᠨ ᠳᠣᠪᠰᠢᠭᠤᠷ ᠭᠡᠭᠦ᠃ ᠳᠣᠯᠣᠭᠠᠢ ᠶᠢᠨ ᠭᠡᠯᠪᠡᠷᠢ ᠪᠠᠷ ᠬᠤᠨ ᠳᠣᠪᠰᠢᠭᠤᠷ᠂ ᠴᠢᠨᠳᠠᠮᠣᠨᠢ ᠳᠣᠪᠰᠢᠭᠤᠷ᠂ ᠶᠠᠩᠭᠢᠷ ᠳᠣᠪᠰᠢᠭᠤᠷ ᠭᠡᠭᠦ ᠮᠡᠳᠦ ᠢᠯᠭᠠᠨ ᠨᠡᠷᠡᠯᠡᠳᠡᠭ᠃ ᠠᠶᠢᠭᠠᠨ ᠭᠡᠳᠡᠭ ᠨᠢ ᠠᠶᠠᠭᠠᠨ ᠭᠡᠰᠡᠡ ᠦᠭᠡ ᠪᠦᠭᠡᠳ ᠠᠶᠠᠭ᠎ᠠ ᠰᠢᠬ ᠳᠣᠭᠤᠢ ᠴᠠᠷ ᠲᠠᠢ ᠳᠣᠪᠰᠢᠭᠤᠷ ᠳᠡᠭᠡᠷ᠎ᠡ ᠦᠶᠡᠰ ᠳᠦᠷᠪᠡᠨ ᠣᠶᠢᠷᠡᠳ ᠨᠠᠯᠢᠶᠠᠩᠬᠢ ᠭᠡᠷᠡᠭᠯᠡᠵᠦ ᠪᠠᠶᠢᠬᠰᠠᠠ ᠪᠣᠯᠪᠠᠴᠣ ᠣᠳᠣ ᠵᠦᠪᠡᠭᠡᠨ ᠳᠣᠷᠭᠤᠳ ᠲᠤ ᠭᠡᠷᠡᠭᠯᠡᠵᠦ ᠪᠠᠶᠢᠨ᠎ᠠ᠃ ᠠᠯᠳᠠᠢ ᠶᠢᠨ ᠣᠷᠢᠶᠠᠩᠬᠠᠶᠢᠴᠣᠳ ᠭᠢᠯᠢᠳᠦᠭᠦᠷ ᠭᠡᠳᠡᠭ ᠳᠣᠭᠤᠳᠣ ᠳᠠᠯ᠎ᠠ ᠨᠢ ᠲᠡᠭᠰᠢ ᠣᠳᠬᠤᠭᠤᠷ ᠭᠡᠯᠪᠡᠷᠢᠳᠡᠢ᠂ ᠭᠤᠵᠣᠭᠤᠷ᠂ ᠠᠷᠣ ᠳᠠᠯ᠎ᠠ ᠳᠤᠨᠢ ᠪᠦᠭᠡᠷᠡᠩᠭᠡᠢ ᠴᠠᠷ ᠲᠠᠢ ᠳᠣᠪᠰᠢᠭᠤᠷ ᠭᠡᠷᠡᠭᠯᠡᠳᠡᠭ᠃ ᠪᠠᠶᠠᠳ᠂ ᠵᠠᠬᠠᠴᠢᠨ ᠪᠤᠯ ᠭᠤᠨᠵᠣᠭᠤᠷ᠂ ᠳᠦᠷᠪᠡᠯᠵᠢᠨ ᠴᠡᠷ ᠲᠠᠢ ᠳᠣᠪᠰᠢᠭᠤᠷ ᠭᠡᠷᠡᠭᠯᠡᠳᠡᠭ᠃ ᠲᠡᠭᠡᠭᠦ ᠳᠡᠭᠡᠨ ᠪᠠᠶᠠᠳ ᠲᠤ ᠴᠢᠨᠳᠠᠮᠣᠨᠢ ᠳᠣᠯᠣᠭᠠᠢ ᠲᠠᠢ᠂ ᠵᠠᠬᠠᠴᠢᠨ ᠳᠤ ᠭᠢᠯᠣᠪᠡᠷ᠂ ᠴᠢᠨᠳᠠᠮᠣᠨᠢ᠂ ᠶᠠᠩᠬᠢᠷ ᠳᠣᠯᠣᠭᠠᠢ ᠲᠠᠢ ᠪᠠᠶᠢᠳᠠᠭ᠃ ᠴᠠᠷ ᠢ ᠨᠢ ᠢᠮᠠᠭᠠᠨ ᠤ ᠠᠷᠠᠰᠣ ᠪᠠᠷ ᠪᠦᠷᠢᠳᠡᠭ᠃ ᠴᠢᠪᠠᠭ᠋ᠠᠳᠠᠰᠣ ᠶᠢ ᠨᠢ ᠮᠦᠨ ᠢᠮᠠᠭᠠᠨ ᠦᠯᠦᠨ ᠭᠡᠳᠡᠰᠦ᠂ ᠮᠦᠨ ᠮᠣᠷᠢᠨ ᠤ ᠰᠠᠭᠦᠯ ᠤᠨ ᠭᠢᠯᠭᠠᠰᠣ ᠪᠠᠷ ᠬᠢᠳᠡᠭ᠃ ᠳᠣᠤᠷᠠᠳᠣ ᠴᠢᠪᠠᠭ᠋ᠠᠳᠠᠰᠣ ᠨᠢ ᠨᠢᠭᠡᠳᠦᠭᠡᠷ᠂ ᠳᠡᠭᠡᠳᠦᠬᠢ ᠨᠢ ᠬᠤᠶᠠᠳᠣᠭᠠᠷ ᠬᠢᠳᠡᠭ᠃ ᠨᠢᠭᠡᠳᠦᠭᠡᠷ ᠴᠢᠪᠠᠭ᠋ᠠᠳᠠᠰᠣ ᠶᠢ ᠨᠢ ᠭᠢᠯᠭᠠᠰᠣ ᠪᠠᠷ ᠭᠢᠪᠡᠯ ᠰᠣᠨᠳᠣᠭᠤᠷ ᠳᠤᠭ᠎ᠠ ᠲᠠᠢ ᠨᠠᠷᠨ ᠵᠦᠪ ᠡᠷᠴᠢᠯᠡᠭᠰᠡᠡ ᠪᠠᠶᠢᠳᠠᠬ᠃ ᠬᠤᠶᠠᠳᠣᠭᠠᠷ ᠨᠢ ᠳᠡᠭᠰᠢ ᠳᠤᠭ᠎ᠠ ᠲᠠᠢ ᠨᠠᠷᠨ ᠪᠣᠷᠣᠭᠤ ᠡᠷᠴᠢᠯᠡᠭᠰᠡᠡ ᠪᠠᠶᠢᠳᠠᠬ᠃ ᠬᠤᠶᠠᠷ ᠴᠢᠪᠠᠭ᠋ᠠᠳᠠᠰᠣ ᠲᠦᠷᠪᠠᠴᠨ ᠶᠢᠨ ᠭᠦᠭ ᠲᠠᠢ᠃ ᠳᠣᠷᠭᠤᠳ ᠤᠨ ᠠᠶᠢᠭᠠᠨ ᠳᠣᠪᠰᠢᠭᠤᠷ ᠠᠴᠠ ᠪᠣᠰᠣᠳ ᠠᠴᠠ ᠨᠢ ᠡᠳᠦᠭᠡ ᠦᠶᠡᠰ ᠵᠦᠪᠭᠡᠨ ᠳᠣᠣᠯᠢᠴᠢᠳ ᠤᠨ ᠳᠣᠣᠯᠢ ᠬᠠᠶᠢᠯᠠᠬᠤ ᠳᠤ ᠭᠡᠷᠡᠭᠯᠡᠳᠡᠭ ᠭᠦᠭᠵᠢᠮ ᠤᠨ ᠵᠢᠮᠰᠡᠭ ᠤᠨ ᠰᠢᠨᠵᠢᠳᠠᠢ ᠪᠠᠶᠢᠨ᠎ᠠ᠃ ᠳᠣᠪᠰᠢᠭᠤᠷ ᠨᠢ 12 ᠵᠦᠢᠯ ᠤᠨ ᠠᠶᠠᠯᠭᠤ ᠳᠠᠳᠠᠯᠭ᠎ᠠ ᠲᠠᠢ᠂ ᠳᠣᠷᠭᠤᠳ ᠤᠨ ᠳᠣᠪᠰᠢᠭᠤᠷ ᠲᠤ ᠮᠦᠨ ︽ᠰᠠᠪᠠᠷᠳᠠᠬᠤ︾ ᠭᠡᠵᠦ ᠪᠢᠢ ᠶᠢᠨ ᠳᠠᠳᠠᠯᠭ᠎ᠠ ᠪᠠᠶᠢᠳᠠᠬ ᠨᠢ ᠴᠦ ᠪᠠᠰᠠ ᠳᠠᠪᠬᠤᠷ ᠪᠠᠳᠣᠯᠠᠵᠣ ᠪᠠᠶᠢᠨ᠎ᠠ᠃ ᠣᠣᠯ ᠤᠨ ᠠᠯᠳᠠᠢ ᠶᠢᠨ ᠬᠢᠨ ᠳᠣᠪᠰᠢᠭᠤᠷ᠂ ᠳᠣᠸᠠ ᠳᠤ ᠳᠣᠬᠰᠢᠯᠶᠣᠷ᠂ ᠳᠣᠰᠢᠫᠣᠯᠣᠷ ᠭᠡᠳᠡᠭ︾ ᠭᠡᠵᠦ ᠳᠠᠮᠳᠡᠭᠯᠡᠵᠡᠢ᠃ ᠡᠭᠦᠨ ᠠᠴᠠ ᠪᠢᠳᠠ ︽ᠳᠣᠪᠰᠢᠭᠤᠷ︾ ᠭᠦᠭᠵᠢᠮ ᠨᠢ ︽ᠰᠠᠪᠠᠷᠳᠠᠩ︾ ᠲᠠᠢ ᠨᠢᠬᠳᠠ ᠬᠠᠷᠢᠴᠠᠭ᠎ᠠ ᠲᠠᠢ ᠭᠡᠳᠡᠭ ᠢ ᠣᠶᠢᠯᠠᠭᠠᠵᠣ ᠪᠣᠯᠣᠨ᠎ᠠ᠃ᠳᠣᠪᠰᠢᠭᠤᠷ ᠭᠦᠭᠵᠢᠮ ᠢ ︽ᠵᠠᠩᠭᠠᠷ︾ ᠬᠠᠶᠢᠯᠠᠬᠤ ᠳᠤ ᠬᠠᠪᠰᠣᠷᠤᠮᠵᠢ ᠭᠢᠳᠡᠭ ᠪᠦᠭᠡᠳ ︽ᠰᠠᠪᠠᠷᠳᠠᠩ︾ ᠪᠢᠢ ᠶᠢᠨ ᠢᠵᠢ ᠪᠦᠷᠢᠨ ᠠᠷᠪᠠᠨ ᠬᠤᠶᠠᠷ ᠠᠶᠠᠰ ᠢ ᠭᠦᠭᠵᠢᠮᠳᠡᠭᠦ ᠠᠴᠠ ᠭᠠᠳᠠᠨ᠎ᠠ ᠠᠷᠠᠳ ᠤᠨ ᠱᠠᠰᠳᠢᠷ ᠳᠠᠭᠤᠣ ᠶᠢ ᠭᠦᠭᠵᠢᠮᠳᠠᠵᠣ ᠪᠣᠯᠳᠠᠬ᠃ ᠭᠦᠭᠵᠢᠮᠳᠡᠭᠦᠷ ᠪᠢᠢ ᠬᠤᠶᠠᠷ ᠠᠩᠬᠠᠨ ᠠᠴᠠ ᠨᠢᠬᠳᠡ ᠬᠤᠯᠪᠣᠭ᠎ᠠ ᠲᠠᠢ ᠪᠠᠶᠢᠵᠣ᠂ ᠭᠦᠭᠵᠢᠮᠳᠡᠭᠦᠷ ᠤᠨ ᠳᠣᠳᠠᠮᠠᠬ ᠳᠠᠯ᠎ᠠ ᠶᠢ ᠪᠢᠢ ᠨᠦᠭᠦᠪᠦᠷᠢᠯᠡᠵᠦ᠂ ᠪᠢᠢ ᠶᠢᠨ ᠳᠣᠳᠠᠮᠠᠬ ᠳᠠᠯ᠎ᠠ ᠶᠢ ᠭᠦᠭᠵᠢᠮᠳᠡᠭᠦᠷ ᠢᠶᠠᠷ ᠨᠦᠭᠦᠪᠦᠷᠢᠯᠡᠵᠦ᠂ ᠪᠢᠢ ᠭᠦᠭᠵᠢᠮᠳᠡᠭᠦᠷ ᠬᠤᠶᠠᠷ ᠨᠢᠭᠡ ᠨᠢᠭᠡᠨ ᠳᠡᠭᠡᠨ ᠬᠠᠷᠢᠯᠴᠠᠨ ᠣᠶᠢᠯᠡᠴᠢᠯᠠᠵᠣ᠂ ᠠᠬᠤᠢ ᠳᠠᠯᠠᠪᠠᠢ ᠶᠢᠨ ᠭᠦᠷ ᠨᠡᠷᠬᠢᠶ᠎ᠡ ᠶᠢ ᠣᠷᠬᠢᠯ ᠳᠤᠨᠢ ᠭᠦᠷᠭᠡᠭᠦ ᠵᠢᠮ᠎ᠠ ᠲᠠᠢ᠃ ᠵᠢᠱᠢᠶᠠᠯᠪᠠᠯ᠂ ︽ᠰᠠᠪᠠᠷᠳᠠᠩ︾ ᠪᠢᠢ ᠶᠢ ᠪᠢᠢᠯᠡᠭᠦ ᠳᠤ ᠳᠣᠪᠰᠢᠭᠤᠷ ᠭᠦᠭᠵᠢᠮ ᠤᠨ ᠳᠣᠳᠣ ᠴᠣᠬᠢᠯᠠᠭ᠎ᠠ ᠲᠠᠢ ᠢᠷᠠᠭᠤ ᠣᠶᠠᠩᠭᠠᠯᠢᠬ ᠠᠶᠠᠰ ᠪᠢᠢᠯᠡᠭᠴᠢ ᠶᠢᠨ ᠭᠦᠳᠡᠯᠦᠯ ᠪᠡᠷᠢᠯ ᠨᠢ ᠣᠷᠠᠨ ᠨᠠᠬᠢᠯᠵᠠᠭ᠎ᠠ᠂ ᠨᠣᠭᠤᠯᠤᠭ᠎ᠠ᠂ ᠰᠢᠭ᠍ᠰᠢᠷᠠᠯᠳᠠ ᠨᠢ ᠠᠶᠠᠰ ᠳᠠᠭᠠᠭᠠᠳ ᠭᠠᠩᠬᠤᠨ ᠭᠦᠳᠡᠯᠵᠦ᠂ ᠭᠦᠭᠵᠢᠮᠴᠢ ᠨᠢ ᠳᠣᠪᠰᠢᠭᠤᠷ ᠢᠶᠠᠨ ᠠᠷᠣ ᠡᠮᠣᠨ᠎ᠠ ᠳᠣᠯᠣᠭᠠᠢ ᠳᠡᠭᠡᠷ᠎ᠡ ᠪᠠᠨ ᠪᠠᠷᠢᠨ ᠭᠦᠭᠵᠢᠮᠳᠡᠵᠦ᠂ ᠨᠠᠶᠢᠷ ᠤᠨ ᠭᠦᠭ ᠢ ᠣᠯᠠᠮ ᠭᠦᠷ ᠨᠠᠷᠬᠢᠶ᠎ᠠ ᠲᠠᠢ ᠪᠣᠯᠭᠠᠳᠠᠬ᠃ ᠡᠭᠦᠨ ᠠᠴᠠ ᠦᠵᠡᠪᠡᠯ ᠳᠣᠪᠰᠢᠭᠤᠷ ᠭᠦᠭᠵᠢᠮ ᠨᠢ ᠪᠢᠢ ᠳᠤ ᠣᠶᠢᠯᠡᠴᠢᠯᠠᠨ᠂ ᠪᠢᠢ ᠨᠢ ᠳᠣᠪᠰᠢᠭᠤᠷ ᠭᠦᠭᠵᠢᠮ ᠳᠤ ᠣᠶᠢᠯᠴᠢᠯᠠᠨ ᠨᠢᠭᠡ ᠨᠢᠭᠡᠨ ᠠᠴᠠ ᠪᠠᠨ ᠰᠠᠯᠵᠣ ᠴᠢᠳᠠᠬᠤ ᠦᠭᠡᠢ ᠬᠤᠭᠤᠷ ᠤᠨ ᠬᠤᠶᠠᠷ ᠣᠳᠠᠰᠣ ᠰᠢᠬ ᠣᠶᠢᠯᠠᠳᠣᠯ ᠲᠠᠢ ᠪᠠᠶᠢᠨ᠎ᠠ᠃ ᠣᠢ ᠶᠢᠨ ᠢᠷᠭᠡᠨ ᠪᠠᠶᠢᠬᠰᠠᠠ ᠠᠴᠠ ᠪᠠᠨ ᠮᠠᠯᠵᠢᠯ ᠤᠨ ᠠᠵᠣ ᠠᠬᠤᠢ ᠳᠠᠰᠢ ᠣᠯᠠᠷᠢᠨ ᠬᠤᠪᠢᠷᠠᠬᠰᠠᠠ ᠣᠶᠢᠷᠠᠳ ᠮᠣᠩᠭᠤᠯ ᠤᠨ ᠨᠠᠭᠦᠳᠡᠯ ᠤᠨ ᠰᠣᠶᠣᠯ ᠨᠢ ᠡᠭᠡ ᠪᠠᠶᠢᠭᠠᠯᠢ ᠠᠴᠠ ᠰᠠᠯᠵᠣ ᠴᠢᠳᠠᠬᠤ ᠦᠭᠡᠢ ᠪᠠᠶᠢᠳᠠᠬ᠃ᠪᠢᠳᠡ ︽ᠰᠠᠪᠠᠷᠳᠠᠩ︾ ᠪᠢᠢ ᠶᠢ ᠠᠷᠪᠠᠨ ᠭᠤᠷᠪᠠᠳᠣᠭᠠᠷ ᠵᠠᠭᠤᠨ ᠤ ᠪᠦᠭᠡ ᠮᠦᠷᠭᠦᠯ ᠤᠨ ᠦᠶ᠎ᠡ ᠳᠤ ᠡᠭᠦᠰᠴᠡᠢ ᠬᠡᠵᠣ ᠦᠵᠡᠵᠣ ᠪᠠᠶᠢᠨ᠎ᠠ᠃ ᠡᠭᠦᠨ ᠲᠠᠢ ᠠᠳᠠᠯᠢ ︽ᠣᠰᠣᠨ ᠤ ᠳᠣᠯᠬᠢᠶᠠᠨ ᠰᠠᠪᠠᠷᠳᠠᠩ︾ ︽ᠡᠯᠢᠶ᠎ᠡ ᠶᠢᠨ ᠲᠡᠪᠢᠯᠭᠡ︾ ︵ᠳᠠᠰ ᠤᠨ ᠳᠠᠯᠠᠯᠭ᠎ᠠ︶ ᠳᠤ ᠴᠤ ᠪᠦᠭᠡ ᠶᠢᠨ ᠱᠠᠰᠢᠨ ᠤ ᠠᠭᠤᠯᠭ᠎ᠠ ᠠᠭᠤᠯᠤᠬᠳᠠᠵᠣ ᠪᠠᠶᠢᠳᠠᠬ᠃ ᠮᠣᠩᠭᠤᠯᠴᠣᠣᠨ ᠤᠨ ᠨᠢᠭᠡᠳᠦᠭᠰᠡᠡ ᠣᠯᠣᠰ ᠪᠠᠶᠢᠭᠤᠯᠣᠬᠳᠠᠬᠰᠠᠠ ᠦᠶ᠎ᠡ ᠶᠢᠨ ᠬᠠᠮᠤᠬ ᠤᠨ ᠡᠷᠳᠡᠨ ᠤ ᠲᠡᠣᠭᠡᠨ ᠮᠡᠲ᠋ᠧᠷᠢᠶᠡᠯ ᠠᠴᠠ ᠠᠪᠣᠭᠠᠳ ᠣᠷᠴᠢᠨ ᠦᠶ᠎ᠡ ᠶᠢᠨ ᠵᠢᠭᠤᠯᠴᠢᠯᠠᠯ ᠤᠨ ᠲᠡᠮᠳᠡᠭᠯᠡᠯ ᠳᠤ ᠭᠦᠷᠳᠡᠯ᠎ᠡ ᠴᠦᠮ ᠮᠣᠩᠭᠤᠯᠴᠣᠣᠨ ᠤᠨ ᠳᠣᠳᠣᠷ᠎ᠡ ᠨᠢᠭᠡ ᠵᠦᠢᠯ ᠤᠨ ᠱᠠᠰᠢᠨ ᠰᠣᠷᠳᠠᠬᠤᠨ ᠣᠷᠣᠰᠢᠵᠣ ᠪᠠᠶᠢᠬᠰᠠᠠ ᠢ ᠭᠡᠷᠡᠴᠢᠯᠡᠭᠦ ᠮᠠᠲ᠋ᠧᠷᠢᠶᠡᠯ ᠡᠳᠦᠢ ᠲᠡᠳᠦᠢ ᠣᠯᠳᠠᠵᠣ ᠪᠣᠢ᠃ ᠭᠦᠭᠡᠷᠴᠦ ᠭᠦᠭᠰᠡᠭᠦ ᠶᠢᠨ ᠣᠯᠠᠮ ᠠᠴᠠ ᠭᠦᠪᠪᠦᠨ ᠲᠡᠪᠢᠨ ᠪᠦᠵᠢᠭᠯᠡᠭᠦ ᠂ ᠮᠦᠷᠭᠦᠯᠳᠡᠨ ᠤ ᠪᠠᠨ ᠳᠠᠮᠠᠴᠠᠯ ᠤᠨ ᠴᠢᠳᠠᠪᠣᠷᠢ ᠶᠢ ᠴᠢᠩᠭᠠᠷᠠᠭᠤᠯᠬᠤ ᠪᠣᠯ ᠡᠨ᠋ᠨ ᠱᠠᠰᠢᠨ ᠤ ᠭᠤᠣᠯ ᠣᠨᠴᠠᠯᠢᠬ ᠪᠣᠯᠣᠨ᠎ᠠ᠃ ᠪᠢᠳᠠ ︽ᠰᠠᠪᠠᠷᠳᠠᠩ︾ ᠪᠢᠢ ᠶᠢᠨ ᠭᠦᠳᠦᠯᠦᠯ ᠪᠠᠷᠢᠯ᠂ ᠵᠠᠷᠢᠮ ᠪᠢᠢ ᠳᠤ ᠳᠣᠰᠬᠠᠬᠳᠠᠬᠰᠠᠠ ᠠᠭᠤᠯᠭ᠎ᠠ᠂ ᠬᠠᠪᠰᠣᠷᠦᠮᠵᠢ ᠭᠦᠭᠵᠢᠮᠳᠡᠭᠦᠷ ᠠᠴᠠ ᠨᠢ ᠰᠢᠨᠵᠢᠯᠠᠵᠣ ᠦᠵᠡᠪᠡᠯ ᠳᠣᠰ ᠪᠢᠢ ᠨᠢ ᠡᠷᠳᠡᠨ ᠤ ᠪᠦᠭᠡ ᠶᠢᠨ ᠱᠠᠰᠢᠨ ᠤ ᠣᠩᠭᠤᠳ ᠣᠷᠣᠰᠢᠬᠰᠠᠠ ᠰᠢᠳᠦᠭᠡᠨ᠂ ᠪᠠᠶᠢᠭᠠᠯᠢ ᠶᠢᠨ ᠭᠦᠴᠦᠨ ᠤ ᠪᠦᠷᠢᠯᠸ᠎ᠠ᠂ ᠰᠠᠬᠢᠭᠤᠯᠰᠣᠨ ᠤ ᠲᠦᠷᠢ ᠶᠢᠨ ᠲᠦᠯᠦᠭᠡᠯᠡᠭᠴᠢ ᠪᠤᠯᠬᠤ ᠪᠦᠭᠡ ᠢᠳᠣᠭᠠᠨ ᠨᠠᠷ ᠪᠦᠭᠡ ᠪᠦᠭᠡᠯᠡᠭᠦ ᠶᠢᠨ ᠭᠦᠳᠦᠯᠦᠯ ᠪᠠᠷᠢᠯ᠂ ᠭᠦᠭᠵᠢᠮᠳᠡᠭᠦᠷ ᠠᠴᠠ ᠠᠷᠠᠳ ᠣᠯᠠᠨ ᠳᠣᠮᠳᠠ ᠠᠶᠠᠨᠳᠠᠭᠠᠨ ᠡᠭᠦᠰᠦᠨ ᠪᠣᠢ ᠪᠣᠯᠣᠬᠰᠠᠠ ᠪᠦᠭᠡᠳ ︽ᠳᠣᠪᠰᠢᠭᠤᠷ︾ ᠭᠦᠭᠵᠢᠮ ᠴᠦ ᠳᠠᠭᠠᠯᠳᠣᠨ ᠡᠭᠦᠰᠴᠡᠢ᠃ ᠦᠭᠡᠷ᠎ᠡ ᠪᠠᠷ ᠭᠡᠯᠡᠪᠡᠯ ︽ᠰᠠᠪᠠᠷᠳᠠᠩ︾ ᠪᠢᠢ ᠪᠣᠯᠣᠨ ︽ᠳᠣᠪᠰᠢᠭᠤᠷ︾ ᠭᠦᠭᠵᠢᠮ ᠨᠢ ᠠᠷᠪᠠᠨ ᠭᠤᠷᠪᠠᠳᠣᠭᠠᠷ ᠵᠠᠭᠤᠨ ᠤ ᠪᠦᠭᠡ ᠮᠦᠷᠭᠦᠯ ᠤᠨ ᠦᠶ᠎ᠡ ᠳᠤ ᠡᠭᠦᠰᠴᠡᠢ᠃ ᠡᠨᠡᠭᠦ ᠮᠠᠯᠴᠢᠨ ᠲᠦᠮᠡᠨ ᠤ ᠣᠶᠣᠨ ᠣᠬᠠᠭᠠᠨ ᠤ ᠪᠦᠷᠢᠯᠸ᠎ᠠ᠂ ᠣᠷᠠᠯᠢᠬ ᠤᠨ ᠣᠬᠢ ᠬᠠᠨᠳᠠ ᠳᠠᠭᠤᠣ᠂ ᠭᠦᠭᠵᠢᠮ ︵ᠳᠣᠪᠰᠢᠭᠤᠷ︶᠂ ᠪᠢᠢ ᠭᠤᠷᠪᠠ ᠶᠢ ᠰᠢᠵᠢᠮᠯᠠᠨ ᠭᠤᠷᠪᠠᠯᠠᠬᠰᠠᠠ ᠨᠡᠶᠢᠯᠡᠯᠢᠭ ᠣᠷᠠᠯᠢᠬ ︽ᠰᠠᠪᠠᠷᠳᠠᠩ︾ ᠪᠢᠢ ᠣᠶᠢᠷᠠᠳ ᠮᠣᠩᠭᠤᠯᠴᠣᠣᠨ ᠣᠢ ᠶᠢᠨ ᠢᠷᠬᠡᠨ ᠪᠠᠶᠢᠬᠰᠠᠠ ᠠᠴᠠ ᠪᠠᠨ ᠳᠠᠯ᠎ᠠ ᠨᠤᠳᠤᠬ ᠲᠤ ᠨᠡᠭᠦᠳᠡᠯᠯᠡᠨ ᠮᠠᠯᠵᠢᠬᠤ ᠣᠷᠳᠣ ᠣᠳᠠᠭᠠᠨ ᠲᠡᠣᠭᠡ ᠶᠢᠨ ᠶᠠᠪᠣᠴᠠ ᠳᠤ ᠦᠶ᠎ᠠ ᠣᠯᠠᠷᠢᠭᠤᠯᠣᠨ ᠣᠯᠠᠮᠵᠢᠯᠠᠨ ᠵᠠᠯᠭᠠᠮᠵᠢᠯᠠᠵᠣ ᠢᠷᠡᠭᠰᠡᠡ ᠪᠠᠶᠢᠨ᠎ᠠ᠃ ᠡᠨᠡᠭᠦ ᠤᠯᠠᠮᠵᠢᠯᠠᠯᠳᠤ ᠪᠢᠢ ᠪᠤᠯ ᠪᠦᠭᠦ᠋ᠢᠯᠨ ᠮᠤᠩᠭᠤᠯ ᠦᠨᠳᠤᠰᠤᠳᠡᠨ ᠤ ᠠᠷᠠᠳ ᠤᠨ ᠣᠯᠠᠮᠵᠢᠯᠠᠯᠳᠤ ᠪᠢᠢ ᠶᠢᠨ ᠤᠨᠴᠠᠯᠢᠭ ᠢ ᠪᠦᠷᠢᠨ ᠬᠠᠳᠠᠭᠠᠯᠠᠵᠤ ᠪᠠᠶᠢᠬᠤ ᠪᠠᠷ ᠪᠠᠷᠠᠬᠤ ᠦᠭᠡᠢ᠂ ᠦᠪᠡᠷ ᠤᠨ ᠦᠪᠡᠷᠮᠢᠴᠨ ᠤᠨᠴᠠᠯᠢᠭ ᠰᠢᠨᠵᠢ ᠪᠠᠨ ᠬᠠᠳᠠᠭᠠᠯᠠᠭᠰᠠᠨ ᠤᠷᠤᠨ ᠨᠤᠳᠤᠭ ᠤᠨ ᠰᠢᠨᠵᠢ ᠲᠠᠢ᠂ ᠲᠦᠷᠤᠯ ᠵᠦᠢᠯ ᠨᠢ ᠤᠯᠠᠨ᠂ ᠪᠢᠢ ᠶᠢᠨ ᠪᠢᠢᠯᠡᠭᠦ ᠭᠦᠳᠡᠯᠤᠯ ᠪᠠᠷᠢᠯ ᠨᠢ ᠠᠳᠠᠯᠢ ᠦᠭᠡᠢ᠂ ᠨᠡᠷ᠎ᠠ ᠲᠠᠭᠤᠳᠠᠯᠭ᠎ᠠ ᠨᠢ ᠦᠭᠡᠷ᠎ᠠ᠂ ᠳᠣᠪᠰᠢᠭᠤᠷ ᠤᠨ ᠠᠶᠠᠯᠭᠤ ᠪᠣᠯᠣᠨ ︽ᠰᠠᠪᠠᠷᠳᠠᠩ︾ ᠪᠢᠢ ᠶᠢᠨ ᠠᠶᠠᠯᠭᠤ ᠬᠤᠳᠬᠤᠯᠳᠣᠬᠰᠠᠠ ᠪᠠᠶᠢᠳᠠᠯ ᠵᠢᠴᠢ ᠡᠭᠦᠰᠤᠯ ᠭᠠᠷᠤᠯ ᠨᠢ ᠪᠠᠯᠠᠷᠠᠬᠤ ᠮᠡᠳᠤ ᠶᠢᠨ ᠨᠢᠭᠤᠬᠳᠠᠬᠰᠠᠨ ᠶᠡᠭᠡ ᠤᠯᠠᠨ ᠰᠤᠳᠤᠯᠤᠭᠤᠰᠢᠳᠠᠢ ᠠᠭᠤᠯᠭ᠎ᠠ ᠲᠠᠢ ᠪᠠᠶᠢᠳᠠᠬ᠃ᠨᠠᠶᠢᠳᠡ ᠮᠤᠩᠭᠤᠯᠴᠤᠤᠨ ᠤᠨ ᠤᠳᠤᠭ ᠠᠶᠢᠮᠠᠭ ᠤᠨ ᠨᠢᠬᠡ ᠨᠢ ᠪᠤᠯᠤᠬᠰᠠᠨ ᠤ ᠬᠤᠪᠢ ᠳᠤ ᠲᠠᠭᠤᠤ ᠬᠥᠭᠵᠢᠮ ᠳᠤ ᠠᠪᠢᠶᠠᠰ ᠲᠠᠢ᠂ ᠪᠢᠢ᠂ ᠲᠠᠭᠤᠤ ᠳᠤ ᠲᠤᠷᠡᠳᠡᠢ ᠪᠦᠭᠡᠳ ᠰᠢᠯᠢᠳᠡᠭ ᠰᠡᠶᠢᠬᠠᠨ ᠥᠪᠡᠷ ᠤᠨ ᠤᠳᠬ᠎ᠠ ᠤᠷᠠᠯᠢᠭ ᠤᠨ ᠣᠯᠠᠮᠵᠢᠯᠠᠯᠳᠠᠢ ᠶᠤᠮ᠃ ᠲᠠᠭᠤᠤ ᠪᠢᠢ ᠨᠢ ᠲᠡᠳᠡᠨ ᠤ ᠡᠳᠤᠷ ᠲᠤᠳᠤᠮ ᠤᠨ ᠠᠮᠢᠳᠤᠷᠡᠯ ᠠᠴᠠ ᠲᠤᠳᠡᠬᠳᠡᠵᠤ ᠪᠤᠯᠤᠰᠢ ᠦᠭᠡᠢ ᠨᠢᠬᠡ ᠭᠡᠰᠡᠭ ᠪᠤᠯᠤᠬᠰᠡᠨ ᠢᠶᠠᠷ ᠪᠠᠷᠠᠬᠤ ᠥᠬᠡᠢ᠂ ᠲᠡᠭᠤᠤ ᠪᠢᠢ ᠨᠢ ᠲᠡᠳᠡᠨ ᠤ ᠠᠵᠤ ᠠᠮᠢᠳᠣᠷᠠᠯ᠂ ᠠᠵᠢᠯ ᠬᠥᠳᠡᠯᠮᠤᠷᠢ᠂ ᠪᠠᠶᠢᠭᠠᠯᠢ ᠶᠢᠨ ᠥᠵᠡᠭᠳᠡᠯ᠂ ᠵᠠᠩ ᠵᠠᠩᠰᠢᠯ ᠢ ᠲᠣᠰᠬᠠᠬᠰᠠᠨ ᠪᠥᠬᠡᠳ ᠮᠠᠯᠴᠢᠨ ᠲᠥᠮᠡᠨ ᠤ ᠭᠤᠸ᠎ᠠ ᠰᠡᠶᠢᠬᠠᠨ ᠤ ᠬᠥᠬᠡᠬᠡᠴᠡᠯᠳᠤᠯ᠂ ᠭᠡᠭᠡᠨ ᠰᠠᠷᠠᠭᠤᠯ ᠰᠠᠶᠢᠨ ᠰᠠᠶᠢᠬᠠᠨ ᠢ ᠮᠥᠷᠤᠬᠡᠳᠦᠭᠰᠡᠨ ᠬᠥᠰᠡᠯ ᠰᠡᠳᠬᠢᠯᠬᠡ ᠶᠢ ᠨᠢ ᠢᠯᠡᠳᠬᠡᠭᠰᠡᠨ ᠪᠠᠶᠢᠳᠠᠭ᠃ ᠲᠡᠳᠡᠨ ᠤ ᠪᠢᠢᠯᠡᠳᠡᠭ ︽ᠰᠠᠪᠠᠷᠳᠠᠩ︾ ᠪᠢᠢ ᠨᠢ ᠲᠡᠳᠡᠨ ᠳᠤ ᠯᠠ ᠪᠠᠶᠢᠳᠠᠭ ᠤᠨᠴᠠᠭᠠᠢ ᠠᠷᠠᠳ ᠤᠨ ᠪᠢᠢ ᠪᠤᠯᠤᠨ᠎ᠠ᠃ ︽ᠰᠠᠪᠠᠷᠳᠠᠩ︾ ᠪᠢᠢ ᠪᠣᠯᠣᠨ ︽ᠳᠣᠪᠰᠢᠭᠤᠷ︾ ᠭᠦᠭᠵᠢᠮ ᠨᠢ ᠠᠯᠢ ᠡᠷᠳᠡ ᠠᠷᠠᠳ ᠲᠥᠮᠡᠨ ᠤ ᠠᠵᠤ ᠠᠮᠢᠳᠤᠷᠡᠯ ᠤᠨ ᠲᠤᠮᠳᠡ ᠡᠬᠦᠰᠤᠨ ᠪᠣᠢ ᠪᠤᠯᠵᠤ᠂ ᠥᠶ᠎ᠠ ᠲᠡᠮᠵᠢᠨ ᠤᠯᠡᠮᠵᠢᠯᠠᠬᠳᠠᠨ ᠢᠷᠡᠭᠰᠡᠨ ᠤᠷᠳᠤ ᠤᠳᠡᠭᠠᠨ ᠲᠡᠣᠬᠡ ᠲᠠᠢ᠂ ᠲᠥᠷᠤᠯ ᠵᠦᠢᠯ ᠢᠶᠠᠷ ᠤᠯᠡᠨ᠂ ᠤᠯᠠᠨ ᠬᠥᠮᠤᠨ ᠤ ᠥᠵᠡᠬᠦ ᠲᠤᠷᠡᠳᠡᠢ᠂ ᠪᠢᠢᠯᠡᠬᠦ ᠪᠠᠭ᠋ᠠᠳᠡᠢ ᠤᠷᠠᠯᠢᠭ ᠤᠨ ᠨᠢᠬᠡ ᠨᠢ ᠪᠤᠯᠵᠤ᠂ ᠬᠥᠭᠰᠢᠨ ᠵᠡᠯᠠᠭᠤ ᠢᠯᠭᠠᠯ ᠦᠭᠡᠢ ᠬᠥᠮᠤᠨ ᠪᠥᠬᠦᠨ ᠴᠢᠯᠤᠬᠡᠳᠡᠢ ᠤᠷᠤᠯᠴᠠᠵᠤ᠂ ᠪᠡᠶ᠎ᠠ ᠶᠢᠨ ᠤᠶᠢᠯᠨ ᠬᠥᠳᠡᠯᠬᠡᠬᠡᠨ ᠢᠶᠠᠷ ᠢᠶᠠᠨ ᠲᠠᠮᠵᠢᠭᠤᠯᠤᠨ᠂ ᠥᠪᠡᠷ ᠤᠨ ᠰᠡᠳᠬᠢᠯᠬᠡ᠂ ᠬᠥᠰᠡᠯ ᠡᠷᠡᠮᠡᠯᠵᠡᠯ᠂ ᠰᠠᠨᠠᠭ᠎ᠠ ᠠᠬᠤᠢ ᠪᠠᠨ ᠢᠯᠡᠳᠬᠡᠨ ᠤᠯᠡᠮᠵᠢᠯᠡᠨ ᠪᠢᠢᠯᠡᠵᠤ᠂ ᠴᠢᠨᠡᠷᠵᠢᠭᠤᠯᠤᠨ ᠪᠠᠶᠠᠯᠢᠬᠵᠢᠭᠤᠯᠵᠤ ᠢᠷᠡᠭᠰᠡᠨ ᠥᠨᠡᠳᠤ ᠤᠷᠠᠯᠢᠭ ᠪᠤᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号