ᠲᠡᠭᠡᠳᠤ ᠮᠤᠩᠭᠤᠯ ᠤᠨ ᠥᠪᠠᠷᠮᠢᠴᠨ ᠨᠢᠭᠡ ᠰᠤᠶᠤᠯ — ᠲᠡᠭᠦᠪᠤᠷ
ᠨᠡᠶᠢᠲᠡᠯᠡᠭᠰᠡᠨ ᠴᠠᠭ᠄
2019/12/11
ᠲᠡᠭᠡᠳᠤ ᠮᠤᠩᠭᠤᠯᠴᠤᠳ ᠨᠠᠶᠢᠳᠡ ᠮᠤᠩᠭᠤᠯ ᠠᠴᠠ ᠬᠤᠯᠨ ᠵᠠᠶᠢᠳᠠᠭᠤ ᠭᠥᠬᠡᠨᠠᠭᠤᠷ ᠲᠥᠪᠡᠳ ᠤᠨ ᠥᠨᠳᠦᠷᠯᠢᠭ ᠲᠤ ᠭᠡᠳᠤᠨ ᠵᠠᠭᠤᠨ ᠵᠢᠯ ᠤᠷᠤᠰᠢᠨ ᠠᠮᠢᠳᠤᠷᠠᠬᠤ ᠳᠠᠭᠠᠨ ᠥᠪᠡᠷ ᠤᠨ ᠥᠪᠡᠷᠮᠢᠴᠨ ᠤᠨᠴᠠᠯᠢᠭ ᠲᠠᠢ ᠲᠡᠭᠦᠪᠤᠷ ᠭᠡᠳᠡᠭ ᠨᠢᠭᠡ ᠵᠤᠶᠢᠯ ᠤᠨ ᠪᠠᠭᠠᠵᠢ ᠶᠢ ᠤᠶᠢᠯᠡᠳᠴᠤ ︵ᠲᠠᠮᠤᠵᠤ︶ ᠰᠤᠷᠤᠭᠠᠳ᠂ ᠮᠠᠯ ᠮᠠᠯᠵᠢᠯ ᠤᠨ ᠤᠶᠢᠯᠡᠳᠪᠤᠷᠢᠯᠡᠯ ᠪᠠ ᠠᠩ ᠠᠩᠨᠠᠯᠭ᠎ᠠ ᠶᠢᠨ ᠠᠮᠢᠳᠤᠷᠠᠯ ᠳᠠᠭᠠᠨ ᠭᠡᠷᠡᠭᠯᠡᠭᠡᠭᠰᠡᠭᠡᠷ ᠢᠷᠡᠵᠠᠢ᠃ ᠲᠡᠭᠦᠪᠤᠷ ᠭᠡᠳᠡᠭ ᠪᠤᠯ ᠮᠠᠯᠴᠢᠨ ᠮᠠᠯ ᠬᠠᠷᠢᠭᠤᠯᠬᠤ ᠳᠠᠭᠠᠨ ᠭᠡᠷᠡᠭᠯᠡᠳᠡᠭ ᠬᠢᠯᠭᠠᠰᠤ ᠪᠤᠶᠤ ᠨᠤᠤᠰᠤ ᠪᠠᠷ ᠲᠠᠮᠤᠵᠤ ᠭᠢᠭᠰᠡᠨ ᠴᠢᠯᠠᠭᠤ ᠰᠢᠳᠡᠳᠡᠭ ᠨᠢᠭᠡᠨ ᠵᠤᠶᠢᠯ ᠤᠨ ᠪᠠᠭᠠᠵᠢ ᠪᠤᠯᠤᠨ᠎ᠠ᠃ ︽ᠲᠡᠭᠦᠪᠤᠷ︾ ᠭᠡᠳᠡᠭ ᠥᠭᠡ ᠶᠢᠨ ᠲᠤᠬᠠᠢ ᠬᠤᠶᠠᠷ ᠵᠤᠶᠢᠯ ᠤᠨ ᠬᠡᠯᠡᠯᠭᠡ ᠪᠤᠢ᠃ ᠨᠢᠭᠡ ᠬᠡᠯᠡᠯᠭᠡ ᠨᠢ ᠭᠡᠪᠠᠯ᠂ ᠲᠡᠭᠦᠪᠤᠷ ᠢ ᠭᠡᠷᠡᠭᠯᠡᠭᠦ ᠳᠡᠭᠡᠨ ᠬᠠᠮᠢᠶ᠎ᠠ ᠨᠠᠮᠢᠶ᠎ᠠ ᠥᠬᠡᠢ ᠴᠢᠯᠠᠭᠤ ᠪᠤᠯᠭᠠᠨ ᠢ ᠭᠡᠷᠡᠭᠯᠡᠳᠡᠭ ᠪᠢᠰᠢ᠂ ᠬᠠᠷᠢᠨ ᠲᠤᠰᠬᠠᠢ ᠮᠥᠭᠦᠯᠢᠭ ᠰᠢᠭ ᠴᠢᠯᠠᠭᠤ ᠲᠡᠭᠦᠵᠤ ᠲᠡᠭᠦᠪᠤᠷᠢᠳᠡᠳᠡᠭ ᠪᠤᠯᠬᠤᠷ᠂ ︽ᠲᠡᠭᠦ︾ ᠭᠡᠳᠡᠭ ᠥᠭᠡᠨ ᠠᠴᠠ ᠢᠷᠡᠯᠳᠡ ᠲᠠᠢ ᠮᠤᠩᠭᠤᠯ ᠥᠭᠡ ᠭᠡᠳᠡᠭ᠃ ᠨᠥᠭᠦᠭᠡ ᠨᠢᠭᠡ ᠬᠡᠯᠡᠯᠭᠡ ᠨᠢ ᠬᠡᠪᠠᠯ᠂ ︽ᠳ᠋ᠥᠺᠥᠷ︾ ᠭᠡᠳᠡᠭ ᠥᠭᠡ ᠭᠠᠷᠤᠯᠳᠠᠢ ᠲᠥᠪᠡᠳ ᠥᠭᠡ ᠬᠡᠨ᠎ᠠ᠃ ︽ᠳ᠋ᠥᠺᠥᠷ︾ ᠭᠡᠳᠡᠭ ᠪᠤᠯ ︽ᠴᠢᠯᠠᠭᠤ ᠰᠢᠳᠡᠭᠦ︾ ᠭᠡᠰᠡᠨ ᠤᠳᠬ᠎ᠠ ᠲᠠᠢ ᠲᠥᠪᠠᠳ ᠥᠭᠡ ᠪᠤᠯᠠᠢ᠃ ᠲᠡᠭᠦᠪᠤᠷ ᠢ ᠲᠡᠮᠤᠵᠤ ᠬᠢᠭᠦ ᠠᠷᠭ᠎ᠠ ᠨᠢ ᠲᠤᠩ ᠲᠥᠭᠦᠮᠭᠡᠨ ᠪᠠᠶᠢᠳᠠᠭ᠃ ᠬᠤᠶᠠᠷ ᠮᠧᠲᠷ ᠬᠢᠷᠢᠳᠡᠢ ᠲᠡᠭᠡᠰᠤ ᠶᠢ ᠲᠠᠮᠤᠵᠤ᠂ ᠲᠡᠭᠦᠨ ᠢᠶᠠᠨ ᠲᠠᠪᠬᠤᠷᠯᠠᠵᠤ ᠤᠶᠤᠨ᠎ᠠ᠃ ᠪᠠᠷᠠᠭᠤᠨ ᠥᠵᠤᠭᠦᠷ ᠲᠤᠨᠢ ᠭᠤᠭᠴᠤᠭ᠎ᠠ ᠭᠠᠷᠭᠠᠵᠤ᠂ ᠲᠤᠮᠳᠠ  ᠨᠢ ᠲᠠᠪᠠᠭ ᠭᠠᠷᠭᠠᠨ᠂ ᠵᠡᠭᠦᠨ ᠲᠠᠯ᠎ᠠ ᠳᠤᠨᠢ ᠥᠵᠤᠭᠦᠷ ᠭᠠᠷᠭᠠᠨ᠎ᠠ᠃ ᠲᠠᠪᠠᠭ ᠢ ᠨᠢ ᠪᠥᠷ ᠢᠰᠡᠭᠡᠢ ᠪᠠᠷ ᠬᠢᠳᠡᠭ᠃ ᠢᠩᠬᠢᠭᠡᠳ ᠪᠠᠷᠠᠭᠤᠨ ᠲᠠᠯ᠎ᠠ ᠶᠢᠨ ᠭᠤᠭᠴᠤᠭ᠎ᠠ ᠪᠤᠯᠤᠨ ᠵᠡᠭᠦᠨ ᠲᠠᠯ᠎ᠠ ᠶᠢᠨ ᠥᠵᠤᠭᠦᠷ ᠢ ᠨᠢ ᠥᠩᠭᠡ ᠪᠥᠷᠢ ᠶᠢᠨ ᠭᠬᠢᠪ ᠲᠤᠷᠭ᠎ᠠ ᠪᠠᠷ ᠵᠠᠰᠠᠨ ᠴᠢᠮᠡᠵᠤ ᠤᠶᠤᠪᠠᠯ ᠲᠡᠭᠦᠪᠤᠷ ᠪᠤᠯᠴᠢᠬᠠᠭᠰᠠᠨ ᠨᠢ ᠲᠡᠷᠨ᠃ ᠲᠡᠭᠦᠪᠤᠷ ᠢ ᠲᠡᠭᠦᠪᠤᠷᠳᠡᠭᠦ ᠭᠥᠮᠤᠨ ᠨᠢ ᠬᠡᠷᠪᠠ ᠭᠥᠴᠤ ᠲᠤᠷᠪᠢ ᠰᠠᠶᠢᠳᠠᠢ ᠪᠤᠯ ᠴᠢᠯᠠᠭᠤ ᠶᠢ ᠪᠠᠷᠤᠭ 100 — 200 ᠮᠧᠲᠷ ᠬᠤᠯᠨ ᠰᠢᠳᠠᠨ ᠶᠠᠪᠤᠭᠤᠯᠵᠤ ᠴᠢᠳᠠᠨ᠎ᠠ᠃ ᠲᠡᠭᠦᠪᠤᠷ ᠢ ᠮᠠᠯ ᠳᠤ ᠭᠡᠷᠡᠭᠯᠡᠭᠦ ᠳᠡᠭᠡᠨ ᠰᠥᠷᠤᠭ᠌ ᠤᠨ ᠲᠥᠷᠤᠭᠦᠪᠴᠢ ᠪᠤᠶᠤ ᠰᠥᠷᠤᠭ᠌ ᠠᠴᠠ ᠪᠠᠨ ᠰᠠᠯᠤᠭᠰᠠᠨ ᠶᠠᠪᠤᠭᠤᠯ ᠮᠠᠯ ᠢ ᠥᠷᠭᠦᠬᠡᠵᠤ ᠠᠶᠤᠯᠭᠠᠬᠤ ᠪᠠ ᠰᠥᠷᠤᠭ᠌ ᠢᠶᠠᠨ ᠬᠤᠮᠢᠵᠤ ᠴᠤᠭᠯᠠᠭᠤᠯᠬᠤ ᠵᠤᠷᠢᠯᠭ᠎ᠠ ᠪᠠᠷ ᠭᠡᠷᠡᠭᠯᠡᠳᠡᠭ᠃ ᠮᠠᠯ ᠢ ᠲᠡᠭᠦᠪᠤᠷᠳᠡᠭᠦ ᠳᠡᠭᠡᠨ ᠲᠤᠮᠤ ᠴᠢᠯᠠᠭᠤ ᠬᠡᠷᠡᠭᠯᠡᠭᠦ ᠶᠢ ᠴᠡᠭᠡᠷᠯᠡᠵᠤ᠂ ᠵᠢᠵᠢᠭ ᠴᠢᠯᠠᠭᠤ ᠪᠤᠶᠤ ᠬᠠᠳᠠᠭᠤ ᠰᠢᠪᠠᠷ ᠢᠶᠠᠷ ᠲᠡᠭᠦᠪᠤᠷᠳᠡᠵᠤ᠂ ᠮᠠᠯ ᠢ ᠬᠡᠮᠳᠤᠭᠡᠭᠦ ᠠᠴᠠ ᠬᠢᠴᠢᠶᠡᠳᠡᠭ᠃ ᠲᠡᠭᠦᠪᠤᠷ ᠢ ᠵᠥᠪᠬᠡᠨ ᠢᠮᠠᠭᠠᠴᠢᠨ᠂ ᠬᠤᠨᠢᠴᠢᠨ᠂ ᠥᠭᠡᠷᠴᠢᠨ ᠭᠡᠷᠡᠭᠯᠡᠭᠦ ᠠᠴᠠ ᠪᠢᠰᠢ᠂ ᠠᠳᠤᠭᠤᠴᠢᠨ᠂ ᠲᠡᠮᠡᠬᠡᠴᠢᠨ ᠭᠡᠷᠡᠭᠯᠡᠭᠦ ᠶᠤᠰᠤ ᠥᠬᠡᠢ ᠶᠤᠮ᠃ ᠲᠡᠭᠦᠪᠤᠷ ᠢ ᠶᠡᠷᠤᠩᠬᠢ ᠳᠡᠭᠡᠨ ᠪᠥᠰᠠᠳᠡᠢ ᠭᠥᠮᠤᠨ ᠭᠡᠷᠡᠭᠯᠡᠳᠡᠭ ᠪᠥᠭᠡᠳ ᠥᠷᠭᠦᠯᠵᠢ ᠪᠥᠰᠡᠨ ᠳᠡᠭᠡᠨ ᠵᠡᠭᠦᠵᠤ ᠶᠠᠪᠤᠳᠠᠭ ᠃ ᠲᠡᠷᠨ ᠨᠢ ᠪᠠᠰᠠᠴᠤ ᠢᠮᠠᠭᠠᠴᠢᠨ᠂ ᠬᠤᠨᠢᠴᠢᠨ᠂ ᠥᠭᠡᠷᠴᠢᠨ ᠤ ᠨᠢᠭᠡ ᠵᠤᠶᠢᠯ ᠤᠨ ᠵᠠᠰᠠᠯ ᠴᠢᠮᠡᠭ ᠪᠤᠶᠤ ᠪᠡᠯᠭᠡ ᠲᠡᠮᠳᠡᠭ ᠪᠤᠯᠵᠤ ᠪᠠᠶᠢᠳᠠᠭ᠃ ᠲᠡᠭᠦᠪᠤᠷ ᠨᠢ ᠡᠷᠳᠠ ᠥᠶ᠎ᠠ ᠳᠤ ᠨᠤᠮᠤ ᠰᠠᠭᠠᠳᠠᠭ ᠲᠠᠢ ᠠᠳᠠᠯᠢ ᠠᠩ ᠠᠪᠠ ᠬᠢᠭᠦ᠂ ᠠᠷᠢᠶᠠᠳᠠᠨ ᠠᠮᠢᠳᠠᠨ ᠠᠴᠠ ᠪᠠᠶ᠎ᠠ ᠪᠠᠨ ᠬᠠᠮᠠᠭᠠᠯᠠᠬᠤ ᠳᠤ ᠬᠡᠷᠡᠭᠯᠡᠭᠦ‍ ᠨᠢᠭᠡ ᠵᠤᠶᠢᠯ ᠤᠨ ᠵᠠᠪᠰᠡᠭ ᠪᠠᠶᠢᠵᠠᠢ᠃ ᠨᠠᠰᠤᠳᠠᠶᠢᠴᠤᠳ ᠤᠨ ᠬᠡᠯᠡᠭᠦ ᠪᠠᠷ᠂ ᠭᠡᠴᠡᠭᠦᠤ ᠰᠠᠶᠢᠨ ᠲᠡᠭᠦᠪᠤᠷᠳᠡᠳᠡᠭ ᠭᠥᠮᠤᠨ ᠭᠥᠬᠡ ᠢᠮᠠᠭ᠎ᠠ ︵ᠶᠠᠩᠬᠢᠷ ᠢᠮᠠᠭ᠎ᠠ︶ ᠶᠢ ᠴᠤ ᠲᠡᠭᠦᠪᠤᠷᠳᠡᠨ ᠠᠯᠠᠳᠠᠭ ᠪᠠᠶᠢᠭᠰᠠᠨ ᠭᠡᠨ᠎ᠠ᠃ ᠶᠠᠭᠤ ᠴᠤ ᠭᠡᠰᠨ ᠲᠠᠷᠪᠠᠭ᠎ᠠ᠂ ᠲᠠᠤᠯᠠᠢ᠂ ᠤᠯᠢᠷ ᠵᠡᠷᠭᠡ ᠵᠢᠵᠢᠭ ᠠᠮᠢᠳᠠᠨ ᠵᠢᠭᠦᠷᠳᠡᠨ ᠢ ᠪᠥᠷ ᠠᠯᠠᠵᠤ ᠴᠢᠳᠠᠳᠠᠭ ᠪᠠᠶᠢᠵᠠᠢ᠃ ᠢᠯᠠᠩᠭᠤᠶ᠎ᠠ ᠫᠤᠤ ᠵᠡᠪᠰᠡᠭ ᠥᠭᠡᠢ ᠭᠥᠮᠤᠨ ᠭᠡᠭᠡᠷ᠎ᠠ ᠭᠠᠳᠠᠨ᠎ᠠ ᠶᠠᠪᠤᠵᠤ ᠪᠠᠶᠢᠭᠠᠳ ᠠᠷᠢᠶᠠᠳᠠᠨ ᠠᠮᠢᠳᠠᠨ ᠲᠠᠢ ᠲᠠᠭᠠᠷᠠᠯᠳᠤᠪᠠᠯ ᠲᠡᠭᠦᠪᠤᠷ ᠢᠶᠠᠨ ᠭᠠᠷᠭᠠᠵᠤ ᠲᠡᠭᠦᠪᠤᠷᠳᠡᠪᠠᠯ ᠭᠡᠭᠡᠷ᠎ᠠ ᠶᠢᠨ ᠠᠷᠢᠶᠠᠳᠠᠨ ᠠᠮᠢᠳᠠᠨ ᠢ ᠠᠶᠤᠯᠭᠠᠨ ᠭᠥᠭᠡᠭᠡᠳᠡᠭ ᠪᠠᠶᠢᠵᠠᠢ᠃ ᠤᠳᠤ ᠲᠡᠭᠦᠪᠤᠷ ᠨᠢ ᠬᠡᠳᠤᠶᠢᠪᠠᠷ ᠥᠩᠭᠡᠷᠡᠭᠰᠡᠨ ᠤ ᠤᠯᠠᠨ ᠭᠡᠷᠡᠭᠴᠡᠭᠡᠳᠤ ᠵᠤᠶᠢᠯ ᠤᠨ ᠢᠶᠠᠨ ᠵᠠᠷᠢᠮ ᠤᠶᠢᠯᠡᠳᠤᠯ ᠢ ᠠᠯᠳᠠᠭᠰᠠᠨ ᠪᠤᠯᠪᠠᠴᠤ᠂ ᠲᠡᠷᠨ ᠨᠢ ᠨᠢᠭᠡᠨ ᠥᠨᠳᠤᠰᠤᠳᠡᠨ ᠤ ᠰᠤᠶᠤᠯ ᠤᠨ ᠠᠢ ᠶᠢᠨ ᠨᠢᠭᠡ ᠪᠥᠷᠢᠯᠳᠤᠭᠦᠨ ᠪᠤᠯᠤᠭᠰᠠᠨ ᠬᠤᠪᠢ ᠳᠤ᠂ ᠨᠠᠶᠢᠷ ᠨᠠᠭᠠᠳᠤᠮ ᠲᠡᠭᠡᠷ᠎ᠠ ᠲᠠᠮᠢᠷ ᠤᠨ ᠭᠥᠳᠡᠯᠭᠡᠭᠡᠨ ᠤ ᠨᠢᠭᠡ ᠠᠭᠤᠯᠭ᠎ᠠ ᠨᠢ ᠪᠤᠯᠵᠤ᠂ ᠵᠠᠯᠠᠭᠤᠴᠤᠳ ᠤᠨ ᠤᠷᠮ᠎ᠠ ᠪᠠᠬ᠎ᠠ ᠶᠢ ᠲᠠᠳᠠᠨ᠂ ᠬᠤᠯᠨ ᠲᠡᠭᠦᠪᠤᠷᠳᠡᠭᠦ᠂ ᠫᠠᠢ ᠲᠡᠭᠦᠪᠤᠷᠳᠡᠭᠦ ᠤᠷᠤᠯᠳᠤᠭᠠᠨ ᠤ ᠵᠤᠶᠢᠯ ᠪᠤᠯᠤᠭᠠᠳ ᠥᠵᠡᠭᠴᠢ ᠤᠯᠠᠨ ᠤ ᠲᠤᠷ᠎ᠠ ᠰᠤᠨᠢᠷᠬᠠᠯ ᠢ ᠶᠡᠭᠡᠳᠡ ᠲᠠᠳᠡᠵᠤ ᠪᠤᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号