| | ᠬᠠᠨᠢ ᠨᠤᠶᠠᠨ ᠬᠤᠨᠭ᠍ᠭᠤᠷ ᠲᠤ ᠲᠤᠯᠤᠭᠠᠨ ᠬᠥᠪᠡᠬᠦᠨ ᠲᠠᠢ ᠠᠵᠢ᠃ ᠭᠤᠤᠯ ᠬᠠᠳᠤᠨ ᠠᠪᠠᠢ ᠠᠴᠠ ᠲᠠᠪᠤᠨ | ᠬᠥᠪᠡᠬᠦᠨ ᠲᠥᠷᠤᠪᠡ᠃ ᠲᠡᠳᠡ ᠪᠤᠯ ᠪᠠᠶᠢᠪᠠᠭᠠᠰ᠂ ᠲᠥᠮᠡᠨᠳᠡᠢ ᠤᠢᠢᠵᠠᠩ᠂ ᠬᠥᠨᠳᠡᠯᠡᠨ ᠲᠥᠷᠭᠡᠴᠢ ᠤᠪᠠᠰᠢ᠂ | ᠲᠥᠷᠤᠪᠠᠶᠢᠬᠤ ᠬᠥᠤᠰᠢ ᠬᠠᠭᠠᠨ᠂ ᠵᠠᠰᠠᠬᠳᠤ ᠴᠢᠩ ᠪᠠᠭᠠᠳᠤᠷ ᠪᠤᠶᠠᠨ ᠬᠠᠳᠠᠨ ᠪᠠᠭᠠᠳᠤᠷ ︵ᠪᠠᠰᠠ ᠪᠤᠶᠠᠨ ᠤᠳᠬᠤᠨ | ᠭᠡᠳᠡᠭ︶ ᠨᠡᠷ ᠪᠤᠯᠤᠨ᠎ᠠ᠃ ᠡᠳᠡ ᠲᠠᠪᠤᠭᠤᠯᠠ ᠶᠢ ᠲᠡᠤᠭᠡᠨ ᠳᠤ ᠪᠠᠰᠠ ︽ᠲᠠᠪᠤᠨ ᠪᠠᠷᠰ︾ ᠭᠡᠳᠡᠭ᠃ ᠠᠯᠪᠠᠳᠤ | ᠠᠬᠠᠢ ᠠᠴᠠ ᠲᠥᠷᠥᠭᠰᠡᠨ ᠬᠤᠶᠠᠷ ᠬᠥᠪᠡᠬᠦᠨ ᠨᠢ ᠬᠠᠶᠢᠨᠠᠬ ᠲᠥᠰᠢᠶᠡᠳᠤ ᠪᠤᠯᠤᠨ ᠬᠠᠮᠤᠭᠠᠢ ᠪᠸᠡᠭᠳᠤ ᠭᠡᠳᠡᠭ᠃ ᠬᠠᠨᠢ | ᠨᠤᠶᠠᠨ ᠬᠤᠨᠭ᠍ᠭᠤᠷ ᠲᠠᠶᠢᠨ ᠳᠤ ᠠᠳᠡᠬᠦ ᠥᠶᠡᠰ ᠲᠡᠬᠦᠨ ᠤ ᠠᠬᠠᠮᠠᠳ ᠬᠥᠪᠡᠬᠦᠨ ᠪᠠᠶᠢᠪᠠᠭᠠᠰ ᠬᠠᠷᠠᠬᠠᠨ ᠪᠠᠭ᠎ᠠ ᠪᠠᠯᠴᠢᠷ | ᠪᠠᠶᠢᠬᠰᠠᠨ ᠪᠤᠯᠪᠠᠴᠤ ᠲᠡᠬᠦᠤ ᠨᠠᠷ ᠢᠶᠠᠨ ᠲᠡᠳᠬᠦᠨ ᠥᠰᠭᠡᠭᠰᠡᠨ ᠪᠠᠶᠢᠨ᠎ᠠ᠃ ᠬᠠᠷᠢᠨ ᠤᠢᠢᠷᠠᠳ ᠤᠨ ᠵᠢᠯᠤᠭᠤ ᠶᠢ | ᠠᠳᠬᠤᠭᠤᠯᠤᠬᠰᠠᠨ ᠨᠢ ᠲᠡᠳᠡ ᠨᠠᠷ ᠤᠨ ᠲᠥᠷᠥᠬᠦᠯᠥᠭᠰᠡᠨ ᠡᠭᠡ ᠠᠪᠠᠢ ᠬᠠᠳᠤᠨ ︵︖ — 1606︶ ᠪᠤᠯᠤᠨ᠎ᠠ | ᠃ ᠠᠪᠠᠢ ᠬᠠᠳᠤᠨ ᠤᠤᠯ ᠨᠢ ᠬᠠᠨᠢ ᠨᠤᠶᠠᠨ ᠬᠤᠨᠭ᠍ᠭᠤᠷ ᠤᠨ ᠥᠶ᠎ᠠ ᠠᠬ᠎ᠠ ᠶᠠᠳᠠᠢ ᠴᠢᠩᠰᠠᠩ ᠤᠨ ᠬᠠᠳᠤᠨ ᠪᠠᠶᠢᠵᠡᠢ᠃ | ᠶᠠᠳᠠᠢ ᠴᠢᠩᠰᠠᠩ ᠥᠡᠭᠭᠡᠷᠡᠭᠰᠡᠨ ᠬᠤᠶᠢᠨ᠎ᠠ ᠬᠠᠨᠢ ᠨᠤᠶᠠᠨ ᠬᠤᠨᠭ᠍ᠭᠤᠷ ᠲᠠᠢ ᠵᠠᠯᠭᠠᠨ ᠰᠠᠭᠤᠵᠤ ᠲᠠᠪᠤᠨ ᠬᠥᠪᠡᠬᠦᠨ | ᠲᠥᠷᠤᠪᠡ᠃ ᠤᠢᠢᠷᠠᠳ ᠤᠨ ᠰᠤᠷᠪᠤᠯᠵᠢ ᠪᠢᠴᠢᠭ ᠲᠤ ︽ᠥᠨᠤᠴᠢᠨ ᠲᠠᠪᠤᠨ ᠬᠥᠪᠡᠬᠦᠨ ᠢᠶᠠᠨ ᠤᠢᠢᠷᠠᠳ ᠤᠨ ᠰᠠᠶᠢᠨ | ᠪᠤᠯᠭᠠᠵᠤ᠂ ᠲᠠᠪᠤᠨ ᠪᠠᠷᠰ ᠨᠡᠷ᠎ᠠ ᠥᠭᠬᠦᠬᠦᠯᠥᠭᠰᠡᠨ ᠠᠪᠠᠢ ᠬᠠᠳᠤᠨ︾ ᠭᠡᠳᠡᠭ ᠮᠠᠬᠳᠠᠭᠠᠯ ᠠᠴᠠ ᠨᠢ ᠬᠠᠨᠢ ᠨᠤᠶᠠᠨ | ᠬᠤᠨᠭ᠍ᠭᠤᠷ ᠲᠠᠶᠢᠨ ᠳᠤ ᠠᠳᠡᠭᠰᠡᠨ ᠠᠴᠠ ᠠᠪᠤᠭᠠᠳ ᠪᠠᠶᠢᠪᠠᠭᠠᠰ ᠠᠬ᠎ᠠ ᠲᠡᠬᠦᠤ ᠨᠠᠷ ᠥᠰᠴᠤ ᠥᠭᠡᠯᠡᠢ ᠪᠤᠯᠳᠠᠯ᠎ᠠ | ᠬᠤᠱᠤᠳ ᠠᠶᠢᠮᠠᠬ ᠢ ᠠᠪᠠᠢ ᠬᠠᠳᠤᠨ ᠮᠡᠳᠡᠵᠤ ᠶᠠᠪᠤᠵᠤ ᠪᠠᠶᠢᠬᠰᠠᠨ ᠢ ᠵᠢᠱᠢᠨ ᠮᠡᠳᠡᠵᠤ ᠪᠤᠯᠤᠨ᠎ᠠ᠃ ᠠᠷᠪᠠᠨ | ᠵᠢᠷᠭᠤᠳᠤᠭᠠᠷ ᠵᠠᠭᠤᠨ ᠤ ᠶᠡᠷᠡᠭᠡᠳ ᠤᠨ ᠳᠤ ᠬᠠᠯᠬ᠎ᠠ ᠶᠢᠨ ᠪᠠᠷᠠᠭᠤᠨ ᠭᠠᠷ ᠤᠨ ᠯᠠᠶᠢᠬᠤᠷ ᠬᠠᠨ ᠨᠢ ᠰᠤᠪᠠᠭᠤᠳᠠᠢ ᠶᠢᠨ | ᠠᠯᠠᠬᠳᠠᠬᠰᠠᠨ ᠥᠰᠢᠶᠠ ᠬᠤᠷᠤᠰᠤᠯ ᠢ ᠠᠪᠴᠤ᠂ ᠤᠢᠢᠷᠠᠳ ᠤᠨ ᠤᠯᠠᠨ ᠢ ᠥᠪᠡᠷ ᠤᠨ ᠬᠠᠷᠢᠶᠠᠳᠤ ᠠᠯᠪᠠᠳᠤ | ᠪᠤᠯᠭᠠᠬᠤ ᠭᠡᠮᠡᠨ ᠶᠡᠭᠡ ᠴᠡᠷᠢᠭ ᠬᠥᠳᠡᠯᠭᠡᠵᠤ ᠪᠠᠷᠠᠭᠤᠨᠰᠢ ᠠᠯᠳᠠᠢ ᠠᠭᠤᠯᠠ ᠶᠢ ᠲᠠᠪᠠᠭᠠᠳ ᠵᠠᠶᠢᠰᠠᠩ ᠨᠠᠭᠤᠷ ᠤᠨ | ᠡᠮᠤᠨᠡᠬᠢ ᠮᠠᠨᠢᠳᠤ ᠭᠠᠳᠤᠯᠭᠠᠨ ᠢᠶᠠᠷ ᠡᠷᠴᠢᠰ ᠮᠥᠷᠡᠨ ᠢ ᠭᠡᠳᠤᠯᠤᠨ ᠤᠮᠠᠷᠠᠰᠢ ᠬᠤᠱᠤᠳ ᠠᠶᠢᠮᠠᠬ ᠤᠨ ᠨᠤᠳᠤᠬᠯᠠᠭᠠ | ᠡᠷᠴᠢᠰ ᠮᠥᠷᠡᠨ ᠤ ᠲᠡᠭᠡᠳᠤ ᠤᠷᠤᠰᠬᠠᠯ ᠤᠨ ᠪᠠᠷᠠᠭᠤᠨ ᠡᠷᠬᠢ ᠵᠥᠭ ᠲᠠᠪᠰᠢᠵᠡᠢ᠃ ᠲᠥᠷᠪᠡᠨ ᠤᠢᠢᠷᠠᠳ ᠤᠨ | ᠲᠠᠶᠢᠵᠢ ᠨᠠᠷ ᠬᠠᠯᠬ᠎ᠠ ᠶᠢᠨ ᠴᠡᠷᠢᠭ ᠢᠷᠡᠬᠦ ᠮᠡᠳᠡᠭᠡ ᠶᠢ ᠤᠯᠤᠮᠠᠬᠴᠠ ᠴᠢᠭᠤᠯᠭᠠᠨ ᠤ ᠴᠡᠷᠢᠭ ᠢᠶᠠᠷ ᠲᠤᠰᠴᠤ | ᠤᠴᠢᠭᠠᠳ ᠡᠮᠢᠯ ᠤᠨ ᠠᠳᠠᠬ ᠤᠨ ᠬᠠᠷ᠎ᠠ ᠬᠤᠯᠤᠰᠤᠨ ᠭᠡᠬᠦ ᠭᠠᠵᠠᠷ ᠲᠤ ᠬᠤᠶᠠᠷ ᠲᠠᠯ᠎ᠠ ᠲᠤᠯᠵᠤ ᠪᠠᠶᠢᠯᠳᠤᠭᠠᠳ ᠭᠡᠨ | ᠠᠯᠢᠨ ᠳᠠᠭᠠᠨ ᠲᠡᠶᠢᠯᠥᠭᠳᠡᠭᠰᠡᠨ ᠥᠭᠡᠢ ᠪᠤᠯᠬᠤᠷ ᠡᠴᠤᠰ ᠲᠡᠭᠡᠨ ᠬᠤᠶᠠᠷ ᠲᠠᠯ᠎ᠠ ᠶᠢᠨ ᠭᠡᠯᠡᠯᠴᠡᠭᠡᠷ ᠢᠶᠠᠷ ᠲᠠᠮᠵᠢᠨ | ᠬᠠᠯᠬ᠎ᠠ ᠲᠠᠢ ᠡᠪᠰᠡᠭᠡᠳ ᠲᠤᠰ ᠲᠤᠰ ᠲᠠᠭᠠᠨ ᠪᠤᠴᠠᠵᠡᠢ᠃ ᠬᠠᠯᠬ᠎ᠠ ᠶᠢᠨ ᠶᠡᠭᠡ ᠴᠡᠷᠢᠭ ᠲᠤᠬᠠᠢ ᠶᠢᠨ ᠥᠶ᠎ᠠ ᠳᠤ | ᠲᠥᠷᠪᠡᠨ ᠤᠢᠢᠷᠠᠳ ᠲᠤ ᠨᠡᠯᠢᠶᠡᠳ ᠶᠡᠭᠡ ᠰᠥᠷᠳᠡᠬᠦᠯᠥᠯ ᠪᠤᠯᠵᠤ ᠪᠠᠶᠢᠯ᠎ᠠ᠃ ᠬᠠᠨᠢ ᠨᠤᠶᠠᠨ ᠬᠤᠨᠭ᠍ᠭᠤᠷ ᠬᠥᠪᠭᠡᠷ ︵ | ᠬᠥᠪᠡᠭᠡᠷ︶ ᠤᠨ ᠪᠠᠶᠢᠷᠢ ᠳᠤ ᠠᠯᠠᠬᠳᠠᠬᠰᠠᠨ ᠤ ᠲᠠᠷᠠᠭ᠎ᠠ ᠤᠢᠢᠷᠠᠳ ᠤᠨ ᠴᠢᠭᠤᠯᠭᠠᠨ ᠤ ᠬᠠᠭᠠᠨ ᠤᠷᠤ | ᠬᠤᠭᠤᠰᠤᠳᠠᠭᠠᠳ ᠨᠡᠯᠢᠶᠡᠳ ᠭᠡᠳᠤᠨ ᠤᠨ ᠪᠤᠯᠵᠡᠢ᠃ ᠬᠠᠨᠢ ᠨᠤᠶᠠᠨ ᠬᠤᠨᠭ᠍ᠭᠤᠷ ᠤᠨ ᠬᠥᠪᠡᠬᠦᠨ ᠪᠠᠶᠢᠪᠠᠭᠠᠰ | ᠬᠠᠷᠠᠬᠠᠨ ᠪᠠᠭ᠎ᠠ ᠪᠠᠯᠴᠢᠷ ᠪᠠᠶᠢᠬᠰᠠᠨ ᠪᠤᠯᠬᠤᠷ ᠤᠢᠢᠷᠠᠳ ᠤᠨ ᠢᠵᠠᠭᠤᠷᠳᠠᠨ ᠨᠠᠷ ᠬᠠᠨᠢ ᠨᠤᠶᠠᠨ ᠬᠤᠨᠭ᠍ᠭᠤᠷ ᠤᠨ | ᠪᠠᠭᠠᠳᠤᠷ ᠰᠥᠷ ᠢ ᠬᠥᠨᠳᠤᠳᠭᠡᠨ ᠮᠥᠷᠤᠭᠡᠳᠴᠤ᠂ ᠲᠡᠬᠦᠨ ᠤ ᠬᠠᠳᠤᠨ ᠠᠪᠠᠢ ᠶᠢ ᠵᠤᠷᠢᠬ ᠤᠬᠠᠭᠠᠨ ᠲᠠᠢ ᠭᠡᠮᠡᠨ | ᠰᠠᠶᠢᠰᠢᠶᠠᠵᠤ᠂ ᠪᠠᠶᠢᠪᠠᠭᠠᠰ ᠢ ᠬᠥᠮᠤᠨ ᠤ ᠵᠡᠷᠭᠡ ᠪᠤᠯᠬᠤ ᠪᠤᠯᠳᠠᠯ᠎ᠠ ᠤᠢᠢᠷᠠᠳ ᠤᠨ ᠴᠢᠭᠤᠯᠭᠠᠨ ᠤ ᠡᠷᠭᠡ ᠶᠢ | ᠠᠳᠬᠤᠭᠤᠯᠵᠤ ᠪᠠᠶᠢᠬᠰᠠᠨ ᠶᠤᠮ᠃ 1608 ᠤᠨ ᠳᠤ ᠬᠠᠯᠭᠠ ᠶᠢᠨ ᠯᠠᠶᠢᠬᠤᠷ ᠬᠠᠨ ᠤ ᠥᠶ᠎ᠠ ᠲᠡᠬᠦᠤ | ᠬᠤᠳᠤᠭᠤᠢᠢᠳ ᠤᠨ ᠤᠷᠤ ᠶᠢ ᠡᠵᠡᠯᠡᠵᠤ ᠪᠠᠶᠢᠬᠰᠠᠨ ᠱᠤᠯᠤᠢ ᠤᠪᠠᠰᠢ ᠬᠤᠨᠭ᠌ ᠲᠠᠶᠢᠵᠢ ᠭᠡᠭᠴᠢ ᠬᠠᠰᠠᠬ ᠤᠨ | ᠬᠠᠨ ᠲᠠᠢ ᠬᠤᠯᠪᠤᠭᠠᠯᠠᠨ ᠤᠢᠢᠷᠠᠳ ᠢ ᠪᠠᠷᠠᠭᠤᠨ ᠵᠡᠬᠦᠨ ᠡᠮᠤᠨ᠎ᠠ ᠬᠤᠶᠠᠷ ᠲᠠᠯ᠎ᠠ ᠠᠴᠠ ᠬᠠᠪᠴᠢᠨ ᠲᠤᠪᠳᠤᠯᠵᠡᠢ᠃ | ᠭᠡᠪᠡᠴᠤ ᠠᠪᠠᠢ ᠬᠠᠳᠤᠨ ᠮᠡᠷᠭᠡᠨ ᠤᠬᠠᠭᠠᠨ ᠪᠠᠭᠠᠳᠤᠷ ᠵᠤᠷᠢᠬ ᠢᠶᠠᠷ ᠤᠢᠢᠷᠠᠳ ᠤᠨ ᠤᠯᠠᠨ ᠢ ᠲᠠᠶᠢᠴᠢᠯᠠᠨ ᠡᠷᠴᠢᠰ | ᠮᠥᠷᠠᠨ ᠤ ᠪᠠᠷᠠᠭᠤᠨ ᠡᠷᠬᠢ ᠶᠢᠨ ᠬᠤᠱᠤᠳ ᠲᠤᠷᠭᠤᠳ ᠠᠶᠢᠮᠠᠬ ᠢ ᠵᠢᠯᠤᠭᠤᠳᠤᠨ ᠬᠠᠯᠬ᠎ᠠ ᠶᠢᠨ ᠱᠤᠯᠤᠢ ᠤᠪᠠᠰᠢ | ᠬᠤᠨᠭ᠌ ᠲᠠᠶᠢᠵᠢ ᠶᠢᠨ ᠲᠤᠪᠳᠤᠯᠤᠯᠳᠠ ᠶᠢ ᠪᠤᠳᠠ ᠨᠢᠷᠭᠡᠭᠰᠡᠨ ᠪᠠᠶᠢᠯ᠎ᠠ᠃ 1609 ᠤᠨ ᠤ ᠬᠠᠪᠤᠷ ᠤᠨ ᠠᠳᠠᠬ | ᠰᠠᠷ᠎ᠠ ᠳᠤ ᠤᠷᠤᠰ ᠤᠨ ᠲᠠᠯ᠎ᠠ ᠬᠤᠳᠠ ᠶᠢᠨ ᠵᠠᠩᠵᠤᠨ ᠤ ᠲᠤᠮᠢᠯᠠᠬᠰᠠᠨ ᠡᠯᠴᠢ ᠭᠧᠯᠦ᠋ᠫᠢᠨ ᠭᠡᠭᠴᠢ ᠤᠢᠢᠷᠠᠳ ᠤᠨ | ᠨᠤᠳᠤᠬ ᠲᠤ ᠬᠥᠷᠴᠤ ᠢᠷᠡᠭᠡᠳ ᠤᠷᠤᠰ ᠤᠨ ᠬᠠᠷᠢᠶᠠᠳᠤ ᠪᠤᠯᠵᠤ ᠭᠠᠶᠢᠯᠢ ᠲᠠᠳᠠᠪᠤᠷᠢ ᠲᠤᠰᠢᠶᠠᠪᠠᠯ ᠰᠠᠶ᠋ᠢ | ᠰᠢᠪᠧᠷᠢᠶ᠎ᠠ ᠶᠢᠨ ᠲᠠᠯ᠎ᠠ ᠳᠤ ᠮᠠᠯᠵᠢᠬᠤ ᠶᠢ ᠵᠥᠪᠰᠢᠶᠡᠷᠡᠨ᠎ᠠ ᠭᠡᠵᠤ ᠰᠥᠷᠳᠡᠬᠦᠯᠥᠯ ᠥᠵᠡᠬᠦᠯᠵᠡᠢ᠃ ᠲᠡᠷᠡ ᠥᠶ᠎ᠠ ᠳᠤ | ᠴᠢᠭᠤᠯᠭᠠᠨ ᠲᠠᠷᠤᠭ᠎ᠠ ᠪᠠᠶᠢᠬᠰᠠᠨ ᠠᠪᠠᠢ ᠬᠠᠳᠤᠨ ᠶᠡᠭᠡᠳᠡ ᠠᠭᠤᠷᠯᠠᠨ᠄ ︽ᠪᠢᠳᠠ ᠶᠡᠷᠤ ᠠᠴᠠ ᠶᠠᠮᠠᠷᠪᠠ ᠬᠥᠮᠤᠨ ᠳᠤ | ᠠᠯᠪᠠ ᠪᠠᠷᠢᠵᠤ ᠥᠵᠡᠭᠡᠳᠤᠢ᠃ ᠬᠠᠷᠢᠨ ᠴᠠᠭᠠᠨ ᠬᠠᠯᠢᠮᠠᠬ ᠠᠴᠠ ᠠᠯᠪᠠ ᠠᠪᠳᠠᠬ᠃ ᠬᠤᠵᠢᠮ ᠬᠤᠶᠢᠰᠢ ᠳᠠᠭᠠᠨ ᠶᠠᠮᠠᠷ | ᠬᠥᠮᠤᠨ ᠳᠤ ᠴᠤ ᠡᠳ᠋ ᠶᠠᠭᠤᠮ᠎ᠠ ᠪᠠᠷ ᠭᠠᠶᠢᠯᠢ ᠲᠤᠰᠢᠶᠠᠬᠤ ᠥᠭᠡᠢ︾ ᠭᠡᠵᠤ ᠤᠷᠤᠰ ᠤᠨ ᠡᠯᠴᠢ ᠳᠤ ᠬᠠᠳᠠᠭᠤ | ᠴᠢᠩᠭ᠎ᠠ ᠬᠠᠷᠢᠭᠤᠯᠳᠠ ᠥᠭᠬᠦᠭᠰᠡᠨ ᠭᠡᠳᠡᠭ᠃ | ᠤᠢᠢᠷᠠᠳ ᠤᠨ ︽ᠲᠠᠪᠤᠨ ᠪᠠᠷᠰ︾ ᠥᠰᠴᠤ ᠪᠤᠵᠠᠭᠠᠢᠢᠷᠠᠬᠤ ᠶᠢᠨ ᠲᠠᠠᠭᠤ ᠬᠤᠱᠤᠳ ᠠᠶᠢᠮᠠᠬ ᠴᠤ ᠤᠷᠢᠳ | ᠪᠠᠶᠢᠭ᠎ᠠ ᠥᠭᠡᠢ ᠶᠡᠭᠡᠳᠡ ᠬᠥᠴᠥᠷᠭᠡᠭᠵᠢᠵᠡᠢ᠃ 1610 ᠤᠨ ᠪᠤᠶᠤ 1611 ᠤᠨ ᠳᠤ ᠠᠪᠠᠢ ᠬᠠᠳᠤᠨ ᠥᠪᠡᠷ ᠤᠨ | ᠴᠢᠭᠤᠯᠭᠠᠨ ᠲᠠᠷᠤᠭ᠎ᠠ ᠶᠢᠨ ᠡᠬᠦᠷᠭᠡ ᠪᠠᠨ ᠪᠠᠶᠢᠪᠠᠭᠠᠰ ᠲᠤ ᠵᠢᠩᠬᠢᠨᠢ ᠶᠤᠰᠤᠭᠠᠷ ᠰᠢᠯᠵᠢᠬᠦᠯᠥᠨ ᠥᠭᠴᠡᠢ᠃ | ᠲᠤᠬᠠᠢ ᠶᠢᠨ ᠥᠶ᠎ᠠ ᠤᠢᠢᠷᠠᠳ ᠤᠨ ᠲᠡᠮᠳᠡᠭᠯᠡᠯ ᠪᠤᠯᠤᠨ ᠮᠤᠩᠭᠤᠯ ᠤᠷᠤᠰ ᠰᠤᠷᠪᠤᠯᠵᠢ ᠪᠢᠴᠢᠭ ᠲᠤ | ᠲᠡᠮᠳᠡᠭᠯᠡᠭᠳᠡᠭᠰᠡᠨ ᠮᠠᠲᠧᠷᠢᠶᠠᠯ ᠢ ᠥᠵᠡᠪᠡᠯ᠂ ᠪᠠᠶᠢᠪᠠᠭᠠᠰ ᠢ ︽ᠲᠥᠷᠪᠡᠨ ᠤᠢᠢᠷᠠᠳ ᠤᠨ ᠵᠢᠯᠤᠭᠤ ᠪᠠᠷᠢᠬᠰᠠᠨ︾ | ᠤᠳᠤᠷᠢᠳᠤᠬᠴᠢ ᠭᠡᠵᠤ ᠴᠢᠭᠤᠯᠭᠠᠨ ᠡᠵᠡᠨ ᠤ ᠬᠤᠪᠢ ᠳᠤ ᠤᠢᠢᠷᠠᠳ ᠤᠨ ᠶᠡᠭᠡ ᠭᠡᠷᠡᠭ ᠲᠤ ᠭᠠᠷ ᠡᠷᠬᠢᠬᠦᠯᠵᠤ᠂ ᠡᠯ᠎ᠠ | ᠠᠶᠢᠮᠠᠬ ᠤᠨ ᠹᠸᠤᠳᠠᠯᠴᠤᠳ ᠤᠨ ᠬᠠᠷᠢᠴᠠᠭ᠎ᠠ ᠬᠤᠯᠪᠤᠭ᠎ᠠ ᠶᠢ ᠵᠤᠬᠢᠴᠠᠭᠤᠯᠬᠤ᠂ ᠪᠠᠰᠠ ᠤᠢᠢᠷᠠᠳ ᠤᠨ ᠤᠯᠠᠨ ᠢ | ᠤᠳᠤᠷᠢᠳᠤᠨ ᠬᠠᠷᠢ ᠠᠶᠢᠮᠠᠬ ᠲᠠᠢ ᠬᠠᠷᠢᠴᠠᠬᠤ ᠪᠤᠶᠤ ᠲᠠᠶᠢᠳᠤᠵᠤ ᠪᠠᠶᠢᠵᠡᠢ᠃ ᠪᠠᠶᠢᠪᠠᠭᠠᠰ ᠴᠢᠭᠤᠯᠭᠠᠨ ᠤ ᠡᠵᠡᠨ | ᠪᠤᠯᠤᠮᠠᠬᠴᠠ ᠪᠥᠬᠦ ᠤᠢᠢᠷᠠᠳ ᠤᠨ ᠲᠠᠶᠢᠵᠢ ᠨᠠᠷ ᠢ ᠴᠤᠬᠯᠠᠭᠤᠯᠤᠨ ᠴᠢᠭᠤᠯᠭᠠᠨ ᠬᠢᠵᠤ᠂ ᠡᠯ᠎ᠠ ᠠᠶᠢᠮᠠᠬ ᠤᠨ | ᠬᠠᠷᠢᠴᠠᠭ᠎ᠠ ᠶᠢ ᠵᠤᠬᠢᠴᠠᠭᠤᠯᠬᠤ ᠪᠤᠶᠤ ᠴᠡᠷᠢᠭ ᠵᠠᠰᠠᠬ ᠤᠨ ᠶᠡᠭᠡ ᠭᠡᠷᠡᠭ ᠢ ᠵᠥᠪᠳᠡᠵᠤ᠂ ᠲᠠᠶᠢᠵᠢ ᠨᠠᠷ ᠤᠨ ᠡᠷᠭᠡ ᠪᠠ | ᠬᠠᠷᠠᠴᠤ ᠶᠢᠨ ᠠᠯᠪᠠ ᠶᠢ ᠲᠤᠳᠤᠷᠬᠠᠢᠢᠯᠠᠵᠤ ᠲᠤᠳᠤᠭᠠᠳᠤ ᠶᠢᠨ ᠡᠮᠬᠢ ᠵᠢᠷᠤᠮ ᠢ ᠴᠡᠭᠴᠡᠯᠡᠬᠦ ᠶᠢᠨ ᠬᠠᠮᠳᠤ ︽ | ᠮᠤᠩᠭᠤᠯᠴᠤᠳ ᠬᠤᠭᠤᠷᠤᠨᠳᠤ ᠪᠠᠨ ᠶᠠᠰᠤ ᠮᠢᠬᠠᠨ ᠤ ᠬᠤᠯᠪᠤᠭ᠎ᠠ ᠲᠠᠢ ᠪᠤᠯᠬᠤᠷ ᠵᠠᠷᠢᠮ ᠨᠢᠭᠡ ᠬᠥᠮᠤᠨ ᠲᠤᠷᠦ᠋ᠢᠳᠠᠵᠤ | ᠠᠯᠪᠠᠳᠤ ᠪᠤᠯᠤᠬᠰᠠᠨ ᠪᠤᠯᠪᠠᠴᠤ᠂ ᠲᠤᠰᠤ ᠨᠡᠬᠦᠷᠡᠰᠤᠨ ᠳᠤ ᠪᠢᠳᠡᠭᠡᠢ ᠵᠠᠷᠤᠶ᠎ᠠ᠃ ᠭᠡᠤᠭᠡᠨ ᠢ ᠨᠢ ᠥᠪᠡᠷᠰᠡᠳ ᠤᠨ ᠢᠶᠠᠨ | ᠢᠨᠵᠢ ᠪᠢᠳᠡᠭᠡᠢ ᠪᠤᠯᠭᠠᠶ᠎ᠠ᠃ ᠥᠭᠡᠷ᠎ᠠ ᠶᠠᠰᠤᠳᠠᠨ ᠤ ᠬᠥᠮᠤᠨ ᠳᠤ ᠪᠢᠳᠡᠭᠡᠢ ᠤᠷᠤᠬᠯᠠᠨ ᠥᠭᠬᠦᠶ᠎ᠠ ᠁︾ ᠭᠡᠰᠡᠨ | ᠰᠢᠢᠳᠪᠤᠷᠢ ᠭᠠᠷᠭᠠᠬᠰᠠᠨ ᠪᠠᠶᠢᠵᠡᠢ᠃ 1616 ᠤᠨ ᠳᠤ ᠪᠠᠶᠢᠪᠠᠭᠠᠰ ᠨᠤᠶᠠᠨ ᠲᠤᠷᠭᠤᠳ ᠠᠶᠢᠮᠠᠬ ᠤᠨ ᠮᠡᠷᠭᠡᠨ | ᠲᠡᠮᠡᠨᠠ ᠶᠢᠨ ᠴᠢᠷᠮᠠᠶᠢᠯᠭ᠎ᠠ ᠪᠠᠷ ᠮᠠᠨᠽᠤᠰᠢᠷᠢ ᠬᠤᠳᠤᠬᠳᠤ ᠴᠠᠭᠠᠨ ᠨᠤᠮᠤᠨ ᠬᠠᠭᠠᠨ ᠢ ᠮᠤᠩᠭᠤᠯ ᠤᠷᠤᠨ᠎ᠠ ᠰᠠᠭᠤᠬᠤ | ᠲᠠᠯᠠᠢ ᠯᠠᠮᠠ ᠶᠢᠨ ᠲᠤᠰ ᠪᠡᠶ᠎ᠠ ᠶᠢᠨ ᠬᠢᠨᠢ ᠲᠥᠯᠤᠭᠡᠯᠡᠭᠴᠢ ᠪᠠᠷ ᠬᠠᠯᠬ᠎ᠠ ᠠᠴᠠ ᠵᠠᠯᠠᠨ ᠠᠪᠴᠢᠷᠠᠵᠡᠢ᠃ ᠡᠨᠡ ᠴᠠᠭᠠᠨ | ᠨᠤᠮᠤᠨ ᠬᠠᠭᠠᠨ ᠤᠤᠯ ᠨᠢ ᠲᠥᠪᠡᠳ ᠬᠥᠮᠤᠨ ᠪᠠᠶᠢᠬᠰᠠᠨ ᠠᠵᠢ᠃ 1588 ᠤᠨ ᠳᠤ ᠭᠤᠷᠪᠠᠳᠤᠭᠠᠷ ᠲᠥᠷᠢ ᠶᠢᠨ | ᠲᠠᠯᠠᠢ ᠯᠠᠮᠠ ᠰᠤᠳᠨᠠᠮᠵᠠᠮᠰᠤ ᠬᠠᠷᠠᠴᠢᠨ ᠤ ᠵᠢᠭᠠᠰᠤᠳᠠᠢ ᠭᠡᠮᠡᠬᠦ ᠭᠠᠵᠠᠷ ᠲᠠᠭᠠᠯᠠᠯ ᠲᠡᠬᠦᠰᠴᠡᠢ᠃ 1702 ᠤᠨ ᠳᠤ | ᠲᠥᠪᠡᠳ ᠤᠨ ᠭᠤᠷᠪᠠᠨ ᠶᠡᠭᠡ ᠭᠡᠶᠢᠳ ᠤᠨ ᠬᠢᠨ ᠠᠴᠠ ᠮᠤᠩᠭᠤᠯ ᠤᠷᠤᠨ ᠳᠤ ᠬᠥᠮᠤᠨ ᠲᠤᠮᠢᠯᠠᠨ ᠲᠥᠮᠡᠳ ᠤᠨ | ᠰᠠᠩᠭᠡ ᠲᠥᠬᠦᠷᠡᠩ ᠲᠠᠶᠢᠵᠢ ᠶᠢᠨ ᠲᠥᠷᠪᠡᠳᠤᠭᠡᠷ ᠬᠥᠪᠡᠬᠦᠨ ᠶᠤᠨᠳᠤᠨᠵᠠᠮᠰᠤ ᠶᠢ ᠲᠠᠯᠠᠢ ᠯᠠᠮᠠ ᠶᠢᠨ ᠬᠤᠪᠢᠯᠭᠠᠨ ᠭᠡᠵᠤ | ᠲᠤᠳᠤᠯᠠᠭᠠᠳ 1603 ᠤᠨ ᠳᠤ ᠲᠥᠪᠡᠳ ᠤᠨ ᠭᠠᠵᠠᠷ ᠲᠠᠯᠠᠢ ᠯᠠᠮᠠ ᠶᠢᠨ ᠰᠢᠷᠡᠭᠡᠨ ᠳᠤ ᠰᠠᠭᠤᠯᠭᠠᠪᠠ᠃ ᠲᠡᠭᠡᠭᠡᠳ | ᠮᠤᠩᠭᠤᠯ ᠤᠷᠤᠨ ᠤ ᠰᠢᠷ᠎ᠠ ᠶᠢᠨ ᠱᠠᠰᠢᠨ ᠢ ᠲᠤᠰᠬᠠᠢ ᠬᠥᠮᠤᠨ ᠢᠶᠠᠷ ᠵᠠᠬᠢᠷᠤᠭᠤᠯᠬᠤ ᠭᠡᠮᠡᠨ ᠮᠠᠨᠵᠤᠰᠢᠷᠢ ᠨᠤᠮᠤᠨ | ᠬᠠᠨ ᠢ ᠲᠤᠮᠢᠯᠠᠨ ᠢᠷᠡᠬᠦᠯᠥᠭᠰᠡᠨ ᠪᠠᠶᠢᠪᠠ᠃ 1605 ᠤᠨ ᠳᠤ ᠲᠡᠷᠡ ᠤᠢᠢᠷᠠᠳ ᠲᠤ ᠢᠷᠠᠵᠤ ᠰᠢᠷ᠎ᠠ ᠶᠢᠨ ᠱᠠᠰᠢᠨ | ᠲᠡᠯᠭᠡᠷᠡᠬᠦᠯᠬᠦ ᠶᠢ ᠵᠤᠷᠢᠪᠠ᠃ ᠲᠤᠬᠠᠢ ᠶᠢᠨ ᠥᠶ᠎ᠠ ᠳᠤ ᠰᠢᠷ᠎ᠠ ᠶᠢᠨ ᠱᠠᠰᠢᠨ ᠢ ᠲᠥᠪ ᠶᠤᠰᠤ ᠪᠠᠷ ᠬᠥᠯᠢᠶᠡᠨ | ᠠᠪᠤᠬᠰᠠᠨ ᠨᠢ ᠪᠠᠶᠢᠪᠠᠭᠠᠰ ᠤᠨ ᠥᠶ᠎ᠠ ᠶᠢᠨ ᠤᠢᠢᠷᠠᠳ ᠴᠢᠭᠤᠯᠭᠠᠨ ᠤ ᠴᠢᠬᠤᠯᠠ ᠰᠢᠢᠳᠪᠤᠷᠢ ᠶᠢᠨ ᠨᠢᠭᠡ ᠨᠢ | ᠪᠤᠯᠤᠬᠰᠠᠨ ᠶᠤᠮ᠃ ᠡᠨᠡ ᠰᠢᠢᠳᠪᠤᠷᠢ ᠶᠢ 1616 ᠤᠨ ᠳᠤ ᠭᠠᠷᠭᠠᠵᠡᠢ᠃ ᠲᠡᠷᠡ ᠴᠠᠬ ᠲᠤ ᠤᠤᠯ ᠠᠴᠠ ᠰᠡᠳᠬᠢᠯ | ᠵᠥᠭᠡᠯᠡᠨ ᠪᠠᠶᠢᠪᠠᠭᠠᠰ ᠬᠠᠭᠠᠨ ᠱᠠᠰᠢᠨ ᠤ ᠬᠥᠨ ᠨᠠᠷᠢᠨ ᠥᠬᠦᠯᠡᠯ ᠰᠤᠷᠭᠠᠯ ᠳᠤ ᠰᠡᠳᠬᠢᠯ ᠶᠡᠭᠡᠳᠡ ᠬᠥᠳᠡᠯᠤᠭᠡᠳ | ᠨᠤᠮ ᠤᠨ ᠡᠬᠦᠳᠡᠨᠠ ᠤᠷᠤᠵᠤ ᠲᠦᠢᠨ ᠪᠤᠯᠬᠤ ᠭᠡᠰᠡᠨ ᠳᠤ ᠤᠢᠢᠷᠠᠳ ᠲᠠᠶᠢᠵᠢ ᠨᠠᠷ ︽ᠬᠠᠷᠢ ᠲᠥᠷᠪᠡᠨ ᠤᠢᠢᠷᠠᠳ ᠢ | ᠲᠠᠩ ᠢᠶᠠᠷ ᠵᠢᠯᠤᠭᠤᠳᠴᠤ ᠪᠠᠶᠢᠬᠰᠠᠨ ᠬᠠᠭᠠᠨ ᠪᠠᠶᠢᠪᠠᠭᠠᠰ ᠠᠴᠠ ᠰᠠᠯᠪᠠᠯ ᠤᠷᠤᠨ ᠨᠤᠳᠤᠬ ᠪᠤᠯᠬᠤ ᠮᠢᠨᠢ ᠪᠡᠷᠭᠡ︾ | ᠭᠡᠳ ᠲᠡᠬᠦᠨ ᠤ ᠲᠦᠢᠨ ᠪᠤᠯᠬᠤ ᠶᠢ ᠪᠠᠶᠢᠯᠭᠠᠪᠠ᠃ ᠤᠢᠢᠷᠠᠳ ᠤᠨ ᠲᠠᠶᠢᠵᠢ ᠨᠠᠷ ᠪᠠᠰᠠ ᠮᠠᠨᠵᠤᠰᠢᠷᠢ | ᠬᠤᠳᠤᠬᠳᠤ ᠶᠢᠨ ᠲᠡᠷᠭᠡᠳᠡ ᠤᠴᠢᠵᠤ᠄ ︽ᠪᠠᠶᠢᠪᠠᠭᠠᠰ ᠭᠠᠭᠴᠠᠭᠠᠷ ᠲᠦᠢᠨ ᠪᠤᠯᠪᠠᠯ ᠰᠠᠶᠢᠨ ᠤᠤ︖ ᠡᠰᠡᠬᠦᠯ᠎ᠠ | ᠨᠤᠶᠠᠳ ᠪᠥᠷᠢ ᠨᠢᠭᠡᠨ ᠬᠥᠪᠡᠬᠦᠨ ᠢᠶᠠᠨ ᠲᠦᠢᠨ ᠪᠤᠯᠭᠠᠪᠠᠯ ᠰᠠᠶᠢᠨ ᠤᠤ︖︾ ᠭᠡᠵᠤ ᠠᠰᠠᠭᠤᠪᠠ᠃ ᠡᠬᠦᠨ ᠤ | ᠤᠯᠠᠮ ᠠᠴᠠ ᠬᠤᠱᠤᠳ ᠤᠨ ᠬᠥᠨᠳᠡᠯᠡᠨ ᠤᠪᠠᠰᠢ᠂ ᠲᠤᠷᠭᠤᠳ ᠤᠨ ᠬᠤ · ᠥᠷᠯᠥᠭ᠂ ᠲᠥᠷᠪᠡᠳ ᠤᠨ ᠲᠠᠯᠠᠢ | ᠲᠠᠶᠢᠵᠢ᠂ ᠴᠤᠷᠤᠰ ᠤᠨ ᠬᠠᠷ᠎ᠠ ᠬᠤᠯᠠᠨ ᠨᠠᠷ ᠲᠤᠰ ᠪᠥᠷᠢ ᠨᠢᠭᠡ ᠬᠥᠪᠡᠬᠦᠨ ᠢᠶᠠᠨ ᠵᠤᠤ ᠳᠤ ᠲᠦᠢᠨ ᠪᠤᠯᠭᠠᠬᠤ ᠪᠠᠷ | ᠪᠤᠯᠪᠠ᠃ ᠲᠡᠷᠡ ᠥᠶ᠎ᠠ ᠳᠤ ᠪᠠᠶᠢᠪᠠᠭᠠᠰ ᠥᠷ᠎ᠠ ᠥᠭᠡᠢ ᠪᠠᠶᠢᠬᠰᠠᠨ ᠤᠴᠢᠷ ᠬᠤᠱᠤᠳ ᠶᠠᠰᠤᠳᠠᠨ ᠤ ᠱᠠᠩᠭᠠᠰ | ᠤᠪᠤᠬ ᠤᠨ ᠪᠠᠪᠠᠭ᠋ᠠᠨ ᠤ ᠲᠠᠪᠤᠳᠤᠭᠠᠷ ᠬᠥᠪᠡᠬᠦᠨ ᠨᠠᠮᠬᠠᠢᠢᠵᠠᠮᠰᠤ ᠶᠢ ᠡᠷᠬᠦᠵᠤ ᠥᠷ᠎ᠠ ᠪᠠᠨ ᠪᠤᠯᠭᠠᠨ ᠮᠠᠨᠵᠤᠰᠢᠷᠢ | ᠬᠤᠳᠤᠬᠳᠤ ᠠᠴᠠ ᠪᠠᠨᠳᠢ ᠶᠢᠨ ᠰᠠᠨᠸᠠᠷ ᠬᠥᠷᠳᠡᠭᠡᠵᠡᠢ᠃ ᠡᠨᠡ ᠮᠡᠳᠤ ᠪᠠᠷ ᠤᠢᠢᠷᠠᠳ ᠤᠨ ᠢᠵᠠᠭᠤᠷᠳᠠᠨ ᠭᠤᠴᠢᠨ | ᠬᠤᠶᠠᠷ ᠬᠥᠪᠡᠬᠦᠨ ᠢᠶᠠᠨ ᠪᠠᠶᠢᠪᠠᠭᠠᠰ ᠬᠠᠭᠠᠨ ᠤ ᠶᠠᠪᠤᠭᠤᠯᠤᠬᠰᠠᠨ ᠬᠤᠶᠠᠷ ᠵᠠᠭᠤᠨ ᠠᠯᠪᠠᠳᠤ ᠶᠢᠨ ᠬᠠᠮᠳᠤ | ᠲᠥᠪᠡᠳ ᠲᠤ ᠤᠴᠢᠭᠤᠯᠤᠬᠰᠠᠨ ᠲᠤᠬᠠᠢ ᠭᠠᠪᠠᠨᠭ᠌ ᠰᠢᠷᠠᠪ ᠤᠨ ︽ᠲᠥᠷᠪᠡᠨ ᠤᠢᠢᠷᠠᠳ ᠤᠨ ᠲᠡᠤᠭᠡ︾ ᠳᠤ ᠨᠠᠷᠢᠨ | ᠲᠤᠳᠤᠷᠬᠠᠢ ᠲᠡᠮᠳᠡᠭᠯᠡᠭᠰᠡᠨ ᠪᠠᠶᠢᠨ᠎ᠠ᠃ 1620 ᠤᠨ ᠳᠤ ᠪᠠᠶᠢᠪᠠᠭᠠᠰ ᠯᠤᠭ᠎ᠠ ᠡᠴᠢᠭᠡ ᠤᠨᠳᠤᠤ ᠡᠭᠡ ᠨᠢᠭᠡᠳᠡᠢ | ᠲᠡᠬᠦᠤ ᠴᠥᠬᠦᠷ ᠲᠠᠶᠢᠵᠢ ︵ᠪᠠᠶᠢᠪᠠᠭᠠᠰ ᠤᠨ ᠥᠶ᠎ᠠ ᠠᠬ᠎ᠠ ᠶᠠᠳᠠᠢ ᠲᠠᠶᠢᠵᠢ ᠶᠢᠨ ᠬᠥᠪᠡᠬᠦᠨ︶᠂ ᠲᠥᠷᠪᠡᠳ ᠤᠨ | ᠲᠠᠯᠠᠢ ᠲᠠᠶᠢᠵᠢ᠂ ᠲᠤᠷᠭᠤᠳ ᠤᠨ ᠬᠤ · ᠥᠷᠯᠥᠭ ᠲᠠᠶᠢᠵᠢ᠂ ᠨᠢᠭᠡ ᠪᠥᠯᠥᠭ ᠬᠥᠮᠤᠰ ᠨᠠᠶᠢᠯᠡᠨ ᠤᠷᠤᠰ ᠤᠨ | ᠬᠢᠯᠢ ᠳᠤ ᠴᠥᠮᠤᠷᠠᠨ ᠤᠷᠤᠵᠤ᠂ ᠥᠹᠠ ᠭᠡᠳᠡᠭ ᠭᠠᠵᠠᠷ ᠢ ᠶᠡᠭᠡ ᠪᠠᠷ ᠤᠤᠯᠭᠠᠯᠠᠨ ᠬᠥᠮᠤᠨ ᠠᠯᠠᠵᠤ᠂ ᠡᠭᠡᠨᠡᠷ | ᠭᠡᠤᠭᠡᠳ᠂ ᠬᠥᠷᠤᠩᠭᠡ ᠮᠠᠯ ᠪᠤᠯᠢᠶᠠᠬᠰᠠᠨ ᠭᠡᠷᠡᠭ ᠭᠠᠷᠪᠠ᠃ ᠡᠬᠦᠨ ᠳᠤ ᠤᠷᠤᠰ ᠤᠨ ᠴᠠᠭᠠᠨ ᠬᠠᠭᠠᠨ ᠠᠴᠠ | ᠤᠢᠢᠷᠠᠳ ᠲᠤ ᠡᠯᠴᠢ ᠲᠤᠮᠢᠯᠠᠨ ᠤᠯᠵᠠᠯᠠᠬᠳᠠᠬᠰᠠᠨ ᠬᠥᠮᠤᠨ ᠪᠤᠯᠤᠨ ᠮᠠᠯ ᠬᠥᠷᠤᠩᠭᠡ ᠪᠠᠨ ᠪᠤᠴᠠᠭᠠᠵᠤ ᠠᠪᠬᠤ | ᠱᠠᠭᠠᠷᠳᠠᠯᠭ᠎ᠠ ᠲᠠᠯᠪᠢᠵᠡᠢ᠃ ᠴᠢᠭᠤᠯᠭᠠᠨ ᠲᠠᠷᠤᠭ᠎ᠠ ᠪᠠᠶᠢᠪᠠᠭᠠᠰ ᠤᠷᠤᠰ ᠯᠤᠭ᠎ᠠ ᠨᠠᠶᠢᠷᠠᠮᠳᠠᠬᠤ ᠶᠢ ᠬᠥᠰᠡᠵᠤ | ᠬᠥᠴᠤᠨ ᠢᠶᠠᠨ ᠬᠤᠷᠠᠮᠳᠤᠭᠤᠯᠤᠨ ᠪᠤᠰᠤᠳ ᠲᠠᠯ᠎ᠠ ᠶᠢᠨ ᠲᠠᠶᠢᠰᠤᠨ ᠢ ᠡᠰᠡᠷᠬᠦᠴᠡᠬᠦ ᠶᠢᠨ ᠲᠥᠯᠤᠭᠡ ᠲᠠᠯᠠᠢ᠂ ᠬᠤ | ᠥᠷᠯᠥᠭ ᠪᠠ ᠴᠥᠬᠦᠷ ᠵᠡᠷᠭᠡ ᠲᠠᠶᠢᠵᠢ ᠨᠠᠷ ᠯᠤᠭ᠎ᠠ ᠴᠢᠭᠤᠯᠭᠠᠨ ᠴᠢᠭᠤᠯᠵᠤ᠂ ︽ᠪᠠᠱᠺᠢᠷ ︵ᠥᠹᠠ ᠶᠢᠨ ᠬᠠᠷᠢᠶ᠎ᠠ | ᠲᠤᠰᠬᠤᠨ︶ ᠤᠨ ᠤᠯᠵᠠᠯᠠᠬᠳᠠᠬᠰᠠᠳ ᠢ ᠨᠠᠩᠵᠢᠨ ᠭᠠᠷᠭᠠᠵᠤ ᠪᠤᠴᠠᠭᠠᠯᠭᠠ︕ ᠡᠬᠦᠨ ᠠᠴᠠ ᠬᠤᠶᠢᠰᠢ ᠠᠡᠭ | ᠬᠢᠬᠦ ᠳᠡᠭᠡᠨ ᠪᠠᠱᠺᠢᠷ ᠤᠨ ᠬᠥᠮᠤᠨ ᠢ ᠥᠯᠥ ᠠᠯᠠᠬᠤ᠂ ᠶᠠᠮᠠᠷᠴᠤ ᠮᠠᠭᠤ ᠶᠠᠪᠤᠳᠠᠯ ᠥᠯᠥ ᠬᠢᠬᠦ ᠁︾ ᠭᠡᠰᠡᠨ | ᠰᠢᠢᠳᠪᠤᠷᠢ ᠶᠢ ᠭᠠᠷᠭᠠᠬᠰᠠᠨ ᠪᠥᠭᠡᠳ ᠲᠠᠷᠠᠭ᠎ᠠ ᠨᠢ ᠪᠠᠶᠢᠪᠠᠭᠠᠰ ᠬᠠᠭᠠᠨ ᠤᠷᠤᠰ ᠲᠤ ᠡᠯᠴᠢ ᠶᠠᠪᠤᠭᠤᠯᠵᠤ ᠲᠠᠯᠠᠢ | ᠵᠡᠷᠭᠡ ᠤᠯᠠᠨ ᠲᠠᠶᠢᠵᠢ ᠨᠠᠷ ᠢ ᠲᠥᠯᠥᠭᠡᠯᠡᠨ ᠲᠠᠩᠭᠠᠷᠢᠬ ᠬᠢᠯᠭᠡᠵᠡᠢ ᠭᠡᠮᠡᠨ ᠶᠠᠫᠤᠨ ᠤ ᠮᠤᠩᠭᠤᠯᠴᠢ ᠡᠷᠳᠡᠮᠳᠡᠨ | ᠸᠠᠺᠠᠮᠠᠽᠥ᠋ ᠾᠢᠷᠤᠰᠢ ︽ᠤᠷᠤᠰ ᠤᠨ ᠰᠤᠷᠪᠤᠯᠵᠢᠰ ᠲᠤ ᠬᠠᠷᠠᠬᠳᠠᠬᠤ ᠬᠥᠤᠰᠢ ᠬᠠᠭᠠᠨ ᠤ ᠤᠢᠢᠯᠡ ᠶᠠᠪᠤᠳᠠᠯ ᠤᠳ︾ | ᠭᠡᠳᠡᠭ ᠵᠤᠬᠢᠶᠠᠯ ᠤᠨ 1976 ᠤᠨ ᠤ ᠭᠡᠪᠯᠡᠯ ᠳᠡᠭᠡᠨ ᠲᠡᠮᠳᠡᠭᠯᠡᠵᠡᠢ᠃ 1620 ᠤᠨ ᠤ ᠨᠠᠮᠤᠷ ᠪᠠᠶᠢᠪᠠᠭᠠᠰ | ᠬᠠᠭᠠᠨ ᠢᠶᠠᠷ ᠲᠡᠷᠢᠬᠦᠯᠡᠬᠦᠯᠥᠭᠰᠡᠨ ᠤᠢᠢᠷᠠᠳ ᠤᠨ ᠹᠸᠤᠳᠠᠯᠴᠤᠳ ᠬᠠᠰᠠᠬ ᠤᠨ ᠶᠡᠭᠡ ᠤᠷᠳᠤᠨ ᠤ ᠢᠱᠠᠮᠠᠨ ᠬᠠᠭᠠᠨ ︵ | 1598 ᠤᠨ ᠠᠴᠠ 1628 ᠤᠨ ᠤ ᠬᠤᠭᠤᠷᠤᠨᠳᠤ ᠬᠠᠰᠠᠬ ᠤᠨ ᠬᠠᠭᠠᠨ ᠪᠠᠶᠢᠵᠡᠢ︶ ᠳᠤ ᠲᠠᠭᠠᠷᠢᠯᠳᠠ ᠬᠢᠭᠰᠡᠨ | ᠪᠠᠶᠢᠨ᠎ᠠ᠃ ᠪᠠᠶᠢᠪᠠᠭᠠᠰ ᠬᠠᠭᠠᠨ ᠤᠷᠢᠳ ᠢᠶᠠᠷ ᠨᠠᠶᠢᠷᠠᠮᠳᠠᠯ ᠤᠨ ᠡᠯᠴᠢ ᠶᠠᠪᠤᠭᠤᠯᠵᠤ ᠮᠡᠭᠡᠯᠡᠭᠡᠳ ᠠᠷᠤ ᠠᠴᠠ ᠨᠢ ᠶᠡᠭᠡ | ᠴᠡᠷᠢᠭ ᠤᠷᠤᠭᠤᠯᠵᠤ᠂ ᠬᠠᠰᠠᠬ ᠤᠨ ᠶᠡᠭᠡ ᠤᠷᠳᠤᠨ ᠳᠤ ᠴᠥᠮᠤᠷᠠᠨ ᠤᠷᠤᠵᠤ ᠭᠡᠨᠡᠳᠡᠬᠦᠯᠥᠨ ᠲᠠᠭᠠᠷᠢᠬᠰᠠᠨ ᠪᠤᠯᠪᠠᠴᠤ | ᠠᠮᠵᠢᠯᠳᠠ ᠤᠯᠤᠬᠰᠠᠨ ᠥᠭᠡᠢ᠂ ᠬᠠᠷᠢᠨ ᠬᠠᠰᠠᠬ ᠤᠨ ᠢᠱᠠᠮᠠᠨ ᠬᠠᠭᠠᠨ ᠳᠤ ᠡᠯᠴᠢ ᠪᠠᠨ ᠠᠯᠠᠭᠤᠯᠤᠨ ᠴᠡᠷᠢᠭ ᠢᠶᠠᠨ | ᠲᠠᠷᠤᠬᠳᠠᠭᠤᠯᠵᠤ ᠢᠯᠠᠬᠳᠠᠯ ᠢᠶᠠᠷ ᠲᠡᠬᠦᠰᠪᠡ᠃ ᠪᠠᠶᠢᠪᠠᠭᠠᠰ ᠬᠠᠭᠠᠨ ᠡᠨᠡ ᠲᠠᠶᠢᠨ ᠳᠤ ᠶᠠᠮᠠᠷ ᠴᠤ ᠠᠰᠢᠬ ᠤᠯᠤᠬᠰᠠᠨ | ᠥᠭᠡᠢ᠃ 1623 ᠤᠨ ᠳᠤ ᠬᠠᠯᠬ᠎ᠠ ᠶᠢᠨ ᠤᠪᠠᠰᠢ ᠬᠤᠨᠭ᠌ ᠲᠠᠶᠢᠵᠢ ︵ᠱᠤᠯᠤᠢ︶ ᠪᠤᠯᠤᠨ ᠤᠷᠢᠶᠠᠩᠬᠠᠢ ᠶᠢᠨ | ᠰᠠᠶᠢᠨ ᠮᠠᠵᠢᠬ ᠨᠠᠢᠮᠠᠨ ᠲᠥᠮᠡᠨ ᠴᠡᠷᠢᠭ ᠠᠪᠴᠤ ᠤᠢᠢᠷᠠᠳ ᠵᠥᠭ ᠲᠤᠪᠳᠤᠯᠪᠠ᠃ ᠭᠡᠪᠡᠴᠤ ᠪᠠᠶᠢᠪᠠᠭᠠᠰ ᠬᠠᠭᠠᠨ | ᠰᠠᠶᠢᠨ ᠪᠡᠯᠡᠳᠭᠡᠯ ᠲᠠᠢ ᠪᠠᠶᠢᠬᠰᠠᠨ ᠲᠤᠯᠠ ᠬᠠᠯᠳᠠᠨ ᠢᠷᠡᠬᠦ ᠲᠠᠶᠢᠰᠤᠨ ᠤ ᠲᠤᠪᠳᠤᠯᠤᠯᠳᠠ ᠶᠢ ᠪᠤᠳᠠ ᠨᠢᠷᠭᠡᠪᠡ᠃ | ᠡᠨᠡ ᠲᠠᠶᠢᠨ ᠳᠤ ᠬᠠᠯᠬ᠎ᠠ ᠶᠢᠨ ᠤᠪᠠᠰᠢ ᠬᠤᠨᠭ᠌ ᠲᠠᠶᠢᠵᠢ ᠥᠷᠡᠭᠳᠡᠵᠤ᠂ ᠬᠠᠯᠬ᠎ᠠ ᠶᠢᠨ ᠲᠠᠶᠢᠵᠢ ᠨᠠᠷ ᠤᠨ ᠪᠠᠷᠠᠭᠤᠨᠰᠢ | ᠥᠷᠭᠡᠵᠢᠨ ᠲᠥᠷᠢᠬᠦ ᠶᠢ ᠠᠮᠵᠢᠯᠳᠠᠳᠠᠢ ᠪᠠᠷ ᠬᠤᠷᠢᠬᠯᠠᠨ ᠴᠢᠳᠠᠬᠰᠠᠨ ᠪᠥᠭᠡᠳ ᠤᠢᠢᠷᠠᠳ ᠠᠶᠢᠮᠠᠬ ᠤᠨ ᠤᠯᠠᠮ ᠢᠶᠠᠷ | ᠬᠥᠴᠥᠷᠭᠡᠭᠵᠢᠨ ᠮᠠᠨᠳᠤᠬᠤ ᠳᠤ ᠪᠠᠳᠤ ᠪᠠᠬᠢ ᠰᠠᠭᠤᠷᠢ ᠲᠠᠯᠪᠢᠵᠤ ᠥᠭᠬᠦᠭᠰᠡᠨ ᠪᠠᠶᠢᠨ᠎ᠠ᠃ 1625 ᠤᠨ ᠤ | ᠬᠠᠪᠤᠷ ᠤᠨ ᠡᠬᠢᠨ ᠤ ᠥᠶ᠎ᠠ ᠪᠠᠷ ᠪᠠᠶᠢᠪᠠᠭᠠᠰ ᠤᠨ ᠲᠡᠬᠦᠤ ᠵᠠᠰᠠᠬᠳᠤ ᠴᠢᠩ ᠪᠠᠭᠠᠳᠤᠷ ᠪᠡᠶ᠎ᠠ ᠥᠡᠭᠭᠡᠷᠡᠪᠡ᠃ ᠶᠠᠬ ᠡᠨᠡ | ᠲᠠᠯᠢᠮ ᠢᠶᠠᠷ ᠪᠠᠶᠢᠪᠠᠭᠠᠰ ᠬᠠᠭᠠᠨ ᠤ ᠥᠶ᠎ᠠ ᠲᠡᠬᠦᠤ ᠪᠤᠯᠬᠤ ᠴᠥᠬᠦᠷ ᠲᠠᠶᠢᠵᠢ ᠵᠠᠰᠠᠬᠳᠤ ᠴᠢᠩ ᠪᠠᠭᠠᠳᠤᠷ ᠤᠨ ᠡᠮᠡᠰ | ᠭᠡᠤᠭᠡᠳ᠂ ᠠᠯᠪᠠᠳᠤ ᠪᠤᠯᠤᠨ ᠠᠳᠤᠭᠤ ᠮᠠᠯ᠂ ᠭᠡᠷ ᠬᠥᠷᠤᠩᠭᠡ ᠶᠢ ᠭᠠᠭᠴᠠᠭᠠᠷ ᠡᠵᠡᠷᠭᠡᠭᠯᠡᠨ ᠵᠡᠯᠬᠢᠭᠠᠳ ᠠᠬ᠎ᠠ ᠪᠤᠯᠬᠤ | ᠪᠠᠶᠢᠪᠠᠭᠠᠰ ᠬᠠᠭᠠᠨ ᠳᠤ ᠥᠴᠤᠭᠡᠨ ᠴᠤ ᠶᠠᠭᠤᠮ᠎ᠠ ᠥᠯᠡᠳᠡᠭᠡᠭᠰᠡᠨ ᠥᠭᠡᠢ ᠪᠠᠶᠢᠵᠡᠢ᠃ ᠡᠬᠦᠨ ᠳᠤ ᠪᠠᠶᠢᠪᠠᠭᠠᠰ ᠬᠠᠭᠠᠨ | ᠶᠡᠭᠡᠳᠡ ᠠᠭᠤᠷᠯᠠᠨ ᠴᠡᠷᠢᠭ ᠬᠥᠳᠡᠯᠭᠡᠨ ᠥᠶ᠎ᠠ ᠲᠡᠬᠦᠤ ᠴᠥᠬᠦᠷ ᠲᠠᠶᠢᠵᠢ ᠶᠢᠨ ᠭᠠᠷ ᠠᠴᠠ ᠵᠠᠰᠠᠬᠳᠤ ᠴᠢᠩ | ᠪᠠᠭᠠᠳᠤᠷ ᠤᠨ ᠪᠥᠬᠦ ᠬᠥᠷᠤᠩᠭᠡ ᠶᠢ ᠪᠤᠯᠢᠶᠠᠨ ᠠᠪᠤᠬᠰᠠᠨ ᠪᠠᠶᠢᠨ᠎ᠠ᠃ ᠶᠠᠬ ᠡᠨᠡ ᠥᠶ᠎ᠠ ᠳᠤ ᠲᠠᠯᠠᠢ ᠲᠠᠶᠢᠵᠢ ᠮᠢᠩᠭᠠᠨ | ᠴᠡᠷᠢᠭ ᠠᠪᠴᠤ ᠪᠠᠶᠢᠪᠠᠭᠠᠰ ᠬᠠᠭᠠᠨ ᠪᠤᠯᠤᠨ ᠴᠥᠬᠦᠷ ᠢ ᠡᠪᠰᠡᠬᠦᠯᠥᠨ ᠪᠠᠶᠢᠪᠠᠭᠠᠰ ᠬᠠᠭᠠᠨ ᠠᠴᠠ ᠴᠥᠬᠦᠷ ᠲᠤ | ᠵᠠᠰᠠᠬᠳᠤ ᠴᠢᠩ ᠪᠠᠭᠠᠳᠤᠷ ᠤᠨ ᠲᠠᠪᠤᠨ ᠵᠠᠭᠤᠨ ᠠᠯᠪᠠᠳᠤ ᠶᠢ ᠡᠭᠡᠬᠦᠯᠥᠨ ᠥᠭᠪᠡ᠃ ᠭᠡᠪᠡᠴᠤ ᠵᠠᠰᠠᠬᠳᠤ ᠴᠢᠩ | ᠪᠠᠭᠠᠳᠤᠷ ᠤᠨ ᠪᠥᠬᠦ ᠬᠥᠷᠤᠩᠭᠡ ᠶᠢ ᠭᠠᠭᠴᠠᠭᠠᠷ ᠵᠠᠯᠬᠢᠬᠤ ᠭᠡᠰᠡᠨ ᠴᠥᠬᠦᠷ ᠡᠨᠡᠤᠭᠡᠨ ᠢᠶᠠᠷ ᠵᠤᠬᠰᠤᠬᠰᠠᠨ ᠥᠭᠡᠢ᠂ | ᠬᠠᠷᠢᠨ ᠲᠠᠯᠳᠠᠭᠤᠷ ᠬᠠᠯᠢᠮᠠᠬ ᠤᠨ ᠮᠡᠷᠭᠡᠨ ᠲᠡᠮᠡᠨᠠ᠂ ᠬᠥᠶᠡᠩ ᠲᠠᠪᠤᠨᠳᠠᠢ ᠭᠡᠭᠴᠢ ᠲᠠᠶᠢᠵᠢ ᠨᠠᠷ ᠲᠠᠢ ᠬᠤᠯᠪᠤᠭᠠᠯᠠᠨ | ᠭᠤᠷᠪᠠᠨ ᠲᠥᠮᠡᠨ ᠴᠡᠷᠢᠭ ᠬᠥᠳᠡᠯᠭᠡᠵᠤ ᠪᠠᠶᠢᠪᠠᠭᠠᠰ ᠬᠠᠭᠠᠨ ᠢ ᠲᠠᠶᠢᠯᠠᠬᠤ ᠪᠠᠷ ᠢᠷᠡᠭᠰᠡᠨ ᠪᠠᠶᠢᠨ᠎ᠠ᠃ ᠡᠨᠡ | ᠴᠢᠮᠡᠭᠡᠨ ᠢᠶᠠᠷ ᠴᠤᠷᠤᠰ ᠤᠨ ᠬᠠᠷ᠎ᠠ ᠬᠤᠯᠠᠨ ᠨᠤᠶᠠᠨ ᠵᠡᠷᠭᠡ ᠲᠠᠶᠢᠵᠢ ᠨᠠᠷ ᠲᠥᠮᠡᠨ ᠴᠡᠷᠢᠭ ᠠᠪᠴᠤ ᠪᠠᠶᠢᠪᠠᠭᠠᠰ | ᠬᠠᠭᠠᠨ ᠢ ᠲᠤᠰᠠᠯᠠᠬᠤ ᠪᠠᠷ ᠢᠷᠡᠬᠦ ᠶᠢᠨ ᠵᠠᠪ ᠲᠤ ᠴᠥᠬᠦᠷ ᠨᠢᠭᠡᠨᠳᠡ ᠪᠠᠶᠢᠪᠠᠭᠠᠰ ᠬᠠᠭᠠᠨ ᠢ ᠬᠤᠷᠤᠭᠠᠭᠠᠳ ᠬᠥᠮᠤᠨ | ᠮᠠᠯ ᠢ ᠶᠡᠭᠡ ᠪᠠᠷ ᠤᠤᠯᠭᠠᠯᠠᠨ ᠪᠤᠯᠢᠶᠠᠬᠰᠠᠨ ᠤ ᠲᠠᠷᠠᠭ᠎ᠠ ᠪᠠᠷᠠᠭᠤᠨᠰᠢ ᠵᠤᠯᠠᠵᠤ ᠶᠠᠪᠤᠬᠰᠠᠨ ᠪᠠᠶᠢᠨ᠎ᠠ᠃ | ᠪᠠᠶᠢᠪᠠᠭᠠᠰ ᠬᠠᠭᠠᠨ ᠪᠤᠯ ᠲᠡᠬᠦᠨ ᠤ ᠡᠴᠢᠭᠡ ᠬᠠᠨᠢ ᠨᠤᠶᠠᠨ ᠨᠠᠰᠤ ᠨᠥᠭᠴᠢᠭᠰᠡᠨ ᠤ ᠲᠠᠷᠠᠭ᠎ᠠ ᠲᠥᠷᠪᠡᠨ | ᠤᠢᠢᠷᠠᠳ ᠤᠨ ᠴᠢᠭᠤᠯᠭᠠᠨ ᠲᠠᠷᠤᠭ᠎ᠠ ᠪᠤᠯᠵᠤ᠂ ᠲᠡᠭᠡᠳᠤ ᠡᠷᠭᠡ ᠶᠢ ᠡᠵᠡᠮᠰᠢᠨ ᠲᠥᠷᠪᠡᠨ ᠤᠢᠢᠷᠠᠳ ᠤᠨ ᠲᠥᠷᠤ᠂ | ᠱᠠᠰᠢᠨ᠂ ᠬᠠᠤᠯᠢ ᠴᠠᠭᠠᠵᠠ᠂ ᠴᠡᠷᠢᠭ ᠲᠠᠶᠢᠨ ᠤ ᠶᠠᠪᠤᠳᠠᠯ᠂ ᠭᠠᠳᠠᠭᠠᠳᠤ ᠬᠠᠷᠢᠯᠴᠠᠭ᠎ᠠ ᠵᠡᠷᠭᠡ ᠶᠢ ᠪᠥᠬᠦ ᠲᠠᠯ᠎ᠠ ᠪᠠᠷ | ᠡᠵᠡᠮᠳᠡᠨ᠂ ᠵᠡᠬᠦᠨ ᠮᠤᠩᠭᠤᠯ ᠲᠠᠢ ᠡᠰᠡᠷᠬᠦᠴᠡᠯᠳᠤᠵᠤ᠂ ᠬᠤᠱᠤᠳ ᠠᠶᠢᠮᠠᠬ ᠤᠨ ᠬᠥᠴᠤᠷᠭᠡᠭᠵᠢᠨ ᠮᠠᠨᠳᠤᠬᠤ ᠳᠤ | ᠲᠤᠩ ᠶᠡᠭᠡ ᠬᠤᠪᠢ ᠨᠡᠮᠡᠷᠢ ᠥᠵᠡᠬᠦᠯᠥᠭᠰᠡᠨ ᠪᠠᠶᠢᠨ᠎ᠠ᠃ ᠪᠠᠶᠢᠪᠠᠭᠠᠰ ᠥᠡᠭᠭᠡᠷᠡᠭᠰᠡᠨ ᠤ ᠲᠠᠷᠠᠭ᠎ᠠ ᠲᠡᠬᠦᠨ ᠤ ᠲᠡᠬᠦᠤ | ᠲᠥᠷᠤᠪᠠᠶᠢᠬᠤ ᠬᠥᠤᠰᠢ ᠬᠠᠭᠠᠨ ᠲᠥᠷᠪᠡᠨ ᠤᠢᠢᠷᠠᠳ ᠤᠨ ᠴᠢᠭᠤᠯᠭᠠᠨ ᠲᠠᠷᠤᠭ᠎ᠠ ᠪᠤᠯᠤᠬᠰᠠᠨ ᠪᠠᠶᠢᠨ᠎ᠠ᠃ | | |