ᠬᠤᠷᠤᠯᠠᠢ ᠶᠢᠨ ᠲᠤᠬᠠᠢ
ᠨᠡᠶᠢᠲᠡᠯᠡᠭᠰᠡᠨ ᠴᠠᠭ᠄
2019/12/4
     ᠬᠤᠷᠤᠯᠠᠢ ᠦᠭᠡᠯᠡᠳ ᠤᠨ ᠵᠠᠰᠠᠭ ᠬᠤᠱᠤᠳ ᠲᠦᠷᠦᠯ ᠤᠨ ᠬᠦᠮᠦᠨ᠂ ᠪᠣᠷᠵᠢᠬᠢᠨ ᠣᠪᠣᠭ ᠲᠠᠢ᠂ ᠴᠣᠯᠠ ᠨᠢ ᠪᠠᠭᠠᠲᠤᠷ ᠵᠢᠨᠦᠩ᠂ ᠤᠭ ᠨᠤᠲᠤᠭ ᠪᠣᠯᠪᠠᠰᠤ ᠰᠢᠨᠵᠢᠶᠠᠩ ᠳᠤ ᠨᠤᠲᠤᠭᠯᠠᠵᠤ ᠪᠠᠶᠢᠭᠰᠠᠨ ᠸᠴᠢᠷᠲᠤ ᠬᠠᠨ ᠤ ᠬᠠᠷᠢᠶᠠᠲᠤ ᠪᠦᠯᠦᠭᠡ᠃1677 ᠣᠨ ᠳᠤ᠂ ᠸᠴᠢᠷᠲᠤ ᠬᠠᠨ ᠳᠠᠯᠠᠢ ᠯᠠᠮᠠ ᠶᠢ ᠬᠠᠪᠴᠢᠨ ᠰᠢᠬᠠᠬᠤ ᠪᠠ ᠤᠷᠪᠠᠨ ᠳᠤᠲᠠᠭᠠᠭᠰᠠᠨ ᠵᠤᠳᠪᠠ ᠨᠠᠷ ᠢ ᠦᠮᠦᠭᠯᠡᠭᠰᠡᠨ ᠠᠴᠠ ᠭᠠᠯᠲᠠᠨ ᠪᠠᠰᠠ ᠴᠡᠷᠢᠭ ᠳᠠᠶᠢᠴᠢᠯᠠᠨ ᠸᠴᠢᠷᠲᠤ ᠬᠠᠨ ᠤ ᠴᠡᠷᠢᠭ ᠯᠦᠭᠡ ᠰᠡᠯᠡᠮ᠎ᠡ ᠨᠠᠭᠤᠷ ᠭᠡᠮᠡᠬᠦ ᠭᠠᠵᠠᠷ ᠲᠤ ᠪᠠᠶᠢᠯᠳᠤᠭᠠᠳ᠂ ᠸᠴᠢᠷᠲᠤ ᠬᠠᠨ ᠤ ᠴᠡᠷᠢᠭ ᠳᠡᠶᠢᠯᠦᠭᠳᠡᠵᠤ᠂ ᠸᠴᠢᠷᠲᠤ ᠬᠠᠨ ᠠᠯᠠᠭᠳᠠᠨ ᠵᠤᠳᠪᠠ ᠨᠠᠷ ᠪᠠᠷᠢᠭᠳᠠᠭᠰᠠᠨ ᠪᠠᠶᠢᠨ᠎ᠠ᠃ ᠡᠨᠡ ᠳᠠᠶᠢᠨ ᠤ ᠦᠢᠮᠡᠭᠡᠨ ᠳᠤ ᠦᠭᠡᠯᠡᠳ ᠨᠠᠷ ᠳᠠᠭᠠᠷᠢᠭᠳᠠᠵᠤ ᠬᠤᠬᠢᠷᠠᠯ ᠠᠮᠰᠠᠭᠠᠳ᠂ ᠴᠡᠷᠢᠭ ᠤᠨ ᠬᠦᠯ ᠠᠴᠠ ᠵᠠᠶᠢᠯᠠᠵᠤ᠂ ᠬᠤᠷᠤᠯᠠᠢ ᠤᠭ ᠨᠤᠲᠤᠭ ᠠᠴᠠ ᠳᠤᠲᠠᠭᠠᠨ ᠭᠠᠷᠴᠤ ᠠᠯᠠᠱᠠ ᠳᠤ ᠢᠷᠡᠭᠰᠡᠨ ᠪᠠᠶᠢᠨ᠎ᠠ᠃ ᠠᠯᠠᠱᠠ ᠨᠣᠶᠠᠨ ᠬᠤᠷᠤᠯᠠᠢ ᠶᠢᠨ ᠢᠷᠡᠭᠰᠡᠨ ᠤᠴᠢᠷ ᠮᠦᠨ ᠡᠶᠢᠮᠦ ᠪᠣᠯᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号