| | ᠡᠷᠳᠡ ᠤᠷᠢᠳᠤ ᠴᠠᠭ ᠲᠤ ᠬᠤᠳᠤᠭᠤᠷ ᠢᠶᠠᠷ ᠬᠤᠨᠢ ᠢᠮᠠᠭ᠎ᠠ᠂ ᠤᠷᠤᠢ ᠶᠢᠨ ᠮᠠᠩᠬ᠎ᠠ ᠪᠠᠷ ᠠᠳᠤᠭᠤ ᠮᠠᠯ | ᠳᠦᠭᠦᠷᠡᠩ ᠪᠡᠯᠴᠢᠬᠡᠷᠯᠡᠭᠰᠡᠨ ᠳᠡᠷᠢᠬᠦᠨ ᠪᠠᠶᠠᠨ ᠳᠡᠯᠳᠡᠭᠡᠷ ᠬᠡᠳᠡᠭ ᠬᠦᠮᠦᠨ ᠪᠠᠶᠢᠵᠦ ᠬᠡᠨ᠎ᠠ᠃ ᠳᠤᠷᠭ᠎ᠠ ᠡᠮᠤᠰᠴᠤ | ᠳᠤᠰᠤ ᠤᠤᠭᠤᠭᠰᠠᠨ ᠳᠡᠷᠢᠬᠦᠨ ᠵᠡᠷᠭᠡ ᠶᠢᠨ ᠪᠠᠶᠠᠨ ᠰᠡᠷᠳᠡᠸᠠᠬᠢ ᠪᠤᠯᠤᠭᠰᠠᠨ ᠴᠦ ᠬᠠᠷᠠᠮᠰᠠᠯᠳᠠᠢ ᠨᠢᠬᠡᠨ ᠶᠠᠪᠤᠳᠠᠯ | ᠬᠡᠪᠡᠯ ᠳᠡᠬᠦᠨ ᠤ ᠭᠤᠷᠪᠠᠨ ᠬᠦᠦ ᠨᠢ ᠴᠦᠮ ᠤᠢ ᠪᠢᠳᠠᠭᠤ ᠤᠬᠠᠭᠠᠨ ᠤᠳᠠᠭᠠᠯᠢᠭ ᠲᠦᠷᠦᠵᠦ ᠬᠡᠨ᠎ᠠ᠃ ᠳᠡᠯᠳᠡᠭᠡᠷ | ᠪᠠᠶᠠᠨ ᠡᠬᠦᠨ ᠤ ᠲᠦᠯᠦᠬᠡ ᠡᠳᠤᠷ ᠪᠦᠷᠢ ᠰᠡᠳᠬᠢᠯ ᠵᠤᠪᠠᠳᠠᠭ ᠬᠡᠨ᠎ᠠ᠃ ᠡᠨᠡ ᠡᠳᠤᠷ ᠪᠠᠶᠠᠨ ᠭᠤᠸᠠᠢ ᠭᠤᠷᠪᠠᠨ | ᠬᠦᠦ ᠪᠠᠨ ᠳᠠᠭᠤᠳᠠᠨ ᠳᠤᠰᠪᠤᠷᠢ ᠭᠤᠷᠪᠠᠨ ᠬᠡᠰᠡᠭ ᠮᠦᠡᠭᠭᠦ ᠦᠭᠭᠦᠭᠡᠳ᠄ ︽ᠲᠠ ᠭᠤᠷᠪᠠᠭᠤᠯᠠ ᠪᠠᠨ ᠡᠷᠳᠡᠮ | ᠤᠬᠠᠭᠠᠨ ᠰᠤᠷᠤᠭᠠᠳ ᠢᠷ᠎ᠠ︾ ᠭᠡᠵᠤ ᠭᠠᠳᠠᠭᠰᠢ ᠶᠠᠪᠤᠭᠤᠯᠵᠠᠢ᠃ ᠭᠤᠷᠪᠠᠭᠤᠯᠠ ᠪᠠᠨ ᠮᠦᠡᠭᠭᠦ ᠪᠠᠨ ᠡᠪᠤᠷᠳᠦᠯᠡᠨ | ᠭᠠᠷᠴᠤ ᠶᠠᠪᠤᠨ ᠭᠤᠷᠪᠠᠨ ᠰᠠᠯᠠᠭ᠎ᠠ ᠵᠠᠮ ᠳᠤ ᠳᠤᠯᠵᠤ ᠬᠤᠪᠢ ᠬᠤᠪᠢ ᠪᠠᠷ ᠡᠷᠳᠡᠮ ᠰᠤᠷᠬᠤ ᠪᠠᠷ ᠰᠠᠯᠵᠤ ᠶᠠᠪᠤᠵᠠᠢ᠃ | ᠶᠡᠭᠡ ᠠᠬ᠎ᠠ ᠨᠢ ᠶᠠᠪᠤᠵᠤ ᠪᠠᠶᠢᠳᠠᠯ᠎ᠠ ᠵᠠᠮ ᠤᠨ ᠬᠠᠵᠠᠭᠤ ᠶᠢᠨ ᠪᠤᠳᠠᠨ ᠤᠭ ᠲᠤ ᠨᠢᠬᠡ ᠬᠦᠮᠦᠨ ᠤᠴᠦ᠋ᠢᠨ ᠰᠠᠭᠤᠵᠤ | ᠫᠤᠤ ᠤᠨᠢᠯᠠᠨ ᠳᠠᠤᠯᠠᠢ ᠬᠠᠷᠪᠤᠬᠤ ᠭᠡᠵᠤ ᠬᠦᠯᠢᠶᠡᠨ ᠪᠠᠶᠢᠭᠰᠠᠨ ᠢ ᠤᠯᠵᠤ ᠦᠵᠡᠬᠡᠳ ᠳᠡᠷᠭᠡᠳᠡ ᠨᠢ ᠬᠦᠷᠴᠤ᠄ ︽ | ᠠᠬ᠎ᠠ ᠡ︕ ᠲᠠ ᠡᠨᠡ ᠴᠢᠨᠢ ᠶᠠᠭᠤ ᠬᠢᠵᠦ ᠪᠠᠶᠢᠬᠤ ᠪᠤᠢ︾ ᠭᠡᠵᠤ ᠠᠰᠠᠭᠤᠭᠰᠠᠨ ᠳᠤ ᠵᠢᠮ ᠢᠶᠠᠷ ᠬᠦᠶᠦᠬᠡ ᠳᠠᠤᠯᠠᠢ | ᠬᠦᠮᠦᠨ ᠤ ᠳᠠᠭᠤᠨ ᠢ ᠰᠤᠨᠤᠰᠤᠭᠠᠳ ᠭᠤᠳ ᠳᠤᠳᠠᠭᠠᠭᠰᠠᠨ ᠳᠤ ᠠᠩᠴᠢᠨ ᠭᠤᠸᠠᠢ ᠳᠤᠩ ᠬᠢᠯᠢᠩᠯᠡᠵᠦ ᠠᠡᠭ ᠢ | ᠳᠤᠳᠠᠭᠠᠯᠭᠠᠯᠠ ᠭᠡᠵᠤ ᠳᠡᠬᠦᠨ ᠢ ᠤᠴᠢᠷᠯᠠᠬᠤ ᠳᠤ ᠳᠡᠷᠡ ᠭᠤᠸᠠᠢ᠄ ︽ᠡᠷᠬᠢᠮ ᠠᠬ᠎ᠠ ᠡ᠂ ᠲᠠ ᠪᠢᠳᠡᠬᠡᠢ ᠠᠭᠤᠷᠯᠠ᠂ | ᠡᠨᠡ ᠫᠤᠤ ᠭᠡᠳᠡᠭ ᠶᠠᠭᠤᠮ᠎ᠠ ᠨᠢ ᠶᠠᠭᠠᠬᠢᠵᠦ ᠬᠡᠷᠡᠭᠯᠡᠵᠦ ᠵᠠᠷᠤᠬᠤ ᠡᠷᠳᠡᠮ ᠢᠶᠠᠨ ᠨᠠᠳᠠ ᠵᠢᠭᠠᠵᠤ ᠦᠭᠪᠡᠯ ᠪᠢ ᠴᠢᠮᠡᠳᠤ | ᠨᠢᠬᠡ ᠬᠡᠰᠡᠭ ᠲᠠᠢ ᠮᠦᠡᠭᠭᠦ ᠦᠭᠭᠦᠶ ᠡ︕︾ ᠭᠡᠵᠤ ᠭᠤᠶᠤᠬᠤ ᠳᠤ ᠠᠩᠴᠢᠨ ᠮᠠᠨᠢ ᠮᠠᠰᠢ ᠪᠠᠶᠠᠷᠯᠠᠨ ᠶᠠᠭᠠᠬᠢᠵᠦ | ᠦᠨᠡᠰᠤ ᠰᠠ ᠶᠢ ᠨᠢ ᠡᠰᠢᠯᠡᠬᠦ᠂ ᠶᠠᠭᠠᠬᠢᠵᠦ ᠱᠠᠭᠠᠶᠢᠵᠦ ᠵᠢᠭᠠᠬᠤ᠂ ᠭᠡᠷᠬᠢᠨ ᠭᠤᠬᠠᠳᠠᠨ ᠫᠤᠤᠳᠠᠬᠤ ᠶᠢ ᠨᠠᠷᠢᠨ ᠨᠢᠮᠪᠠᠢ | ᠰᠤᠷᠭᠠᠭᠰᠠᠨ ᠪᠦᠬᠡᠳ ᠫᠤᠤ ᠪᠠᠨ ᠴᠦ ᠳᠡᠬᠦᠨ ᠳᠤ ᠦᠭᠴᠠᠢ᠃ | ᠬᠤᠶᠠᠳᠤᠭᠠᠷ ᠨᠢ ᠮᠦᠡᠭᠭᠦ ᠪᠠᠨ ᠡᠪᠤᠷᠳᠦᠯᠡᠨ ᠶᠠᠪᠤᠭᠰᠠᠭᠠᠷ ᠨᠢᠬᠡᠨ ᠠᠶᠢᠯ ᠳᠤ ᠬᠦᠷᠴᠤ ᠶᠠᠭᠤ ᠨᠢᠬᠡ ᠶᠢ ᠤᠯᠵᠤ | ᠰᠤᠷᠤᠶ᠎ᠠ ᠭᠡᠵᠤ ᠯᠠᠪᠯᠠᠨ ᠪᠠᠶᠢᠳᠠᠯ᠎ᠠ ᠨᠢᠬᠡ ᠡᠷᠤᠬᠡᠨ ᠤ ᠬᠦᠮᠦᠨ ᠭᠠᠭ᠋ᠠᠢ ᠠᠯᠠᠵᠤ ᠵᠢᠩᠯᠡᠬᠦᠷ ᠪᠠᠷᠢᠵᠦ ᠠᠶᠢᠯ ᠤᠨ | ᠬᠦᠮᠦᠰ ᠲᠡᠭᠡᠨ ᠮᠢᠬ᠎ᠠ ᠶᠢ ᠬᠤᠳᠠᠯᠳᠤᠵᠤ ︽ᠡᠨᠡ ᠨᠢ ᠬᠤᠶᠠᠷ ᠵᠢᠩ᠂ ᠳᠡᠷᠡ ᠨᠢ ᠳᠠᠪᠤᠨ ᠵᠢᠩ︾ ᠭᠡᠵᠤ ᠬᠦᠷ | ᠨᠠᠷᠬᠢᠶᠠᠨ ᠲᠠᠢ ᠪᠠᠶᠢᠳᠠᠯ ᠢ ᠦᠵᠡᠬᠡᠳ ᠳᠤᠩ ᠭᠠᠶᠢᠬᠠᠨ ᠤᠶᠢᠷᠠᠳᠤᠨ ᠤᠴᠢᠵᠦ᠄ ︽ᠡᠷᠬᠢᠮ ᠠᠬ᠎ᠠ ᠡ᠂ ᠲᠠ ᠡᠨᠡ | ᠵᠢᠩᠯᠡᠬᠦᠷ ᠢ ᠶᠠᠭᠠᠬᠢᠵᠦ ᠵᠠᠷᠤᠵᠤ ᠬᠡᠷᠡᠭᠯᠡᠬᠦ ᠠᠷᠭ᠎ᠠ ᠪᠠᠨ ᠨᠠᠳᠠ ᠳᠤ ᠰᠠᠶᠢᠬᠠᠨ ᠵᠢᠭᠠᠵᠤ ᠦᠭᠪᠠᠯ ᠪᠢ ᠬᠤᠶᠠᠷ | ᠬᠡᠰᠡᠭ ᠲᠠᠢ ᠮᠦᠡᠭᠭᠦ ᠦᠭᠭᠦᠶ ᠡ︾ ᠭᠡᠵᠤ ᠬᠡᠯᠡᠬᠦ ᠳᠤ ᠶᠠᠷᠭᠠᠴᠢᠨ ᠭᠤᠸᠠᠢ ᠬᠤᠶᠠᠷ ᠬᠡᠰᠡᠭᠳᠤ ᠮᠦᠡᠭᠭᠦ ᠭᠡᠭᠴᠢ ᠪᠦᠬᠦᠯᠢ | ᠭᠠᠭ᠋ᠠᠢ ᠶᠢᠨ ᠮᠢᠬ᠎ᠠ ᠶᠢ ᠴᠦ ᠬᠤᠶᠠᠷ ᠭᠤᠷᠪᠠ ᠠᠪᠴᠤ ᠳᠡᠶᠢᠯᠬᠦ ᠳᠤᠮᠤ ᠵᠤᠭᠤᠰ ᠳᠤᠯᠠ ᠳᠤᠩ ᠪᠠᠶᠠᠷᠯᠠᠨ ᠵᠢᠩᠯᠡᠬᠦᠷ ᠢ | ᠶᠠᠭᠠᠬᠢᠵᠦ ᠵᠠᠷᠤᠬᠤ ᠠᠷᠭ᠎ᠠ ᠶᠢ ᠰᠠᠶᠢᠳᠤᠷ ᠵᠢᠭᠠᠵᠤ ᠦᠭᠭᠦ ᠶᠢᠨ ᠬᠠᠮᠳᠤ ᠵᠢᠩᠯᠡᠬᠦᠷ ᠢ ᠪᠠᠨ ᠴᠦ ᠦᠭᠴᠠᠢ᠃ | ᠭᠤᠷᠪᠠᠳᠤᠭᠠᠷ ᠬᠦᠦ ᠨᠢ ᠬᠡᠳᠤᠨ ᠡᠳᠤᠷ ᠶᠠᠪᠤᠵᠤ ᠰᠤᠷᠤᠮᠠᠷ ᠵᠦᠢᠯ ᠤᠯᠤᠭᠰᠠᠨ ᠦᠭᠡᠢ ᠵᠤᠪᠠᠵᠤ | ᠠᠯᠠᠭᠤᠷ ᠢᠶᠠᠷ ᠤᠷᠮ᠎ᠠ ᠦᠭᠡᠢ ᠶᠠᠪᠤᠵᠤ ᠨᠢᠬᠡ ᠠᠶᠢᠯ ᠳᠤ ᠤᠷᠤᠬᠤ ᠳᠤ ᠨᠢᠬᠡᠨ ᠬᠦᠮᠦᠨ ᠬᠦᠷᠢᠶᠡᠨ ᠳᠡᠭᠡᠨ ᠤᠴᠦ᠋ᠢᠨ | ᠰᠠᠭᠤᠵᠤ᠄ ︽ᠮᠢᠨᠦ ᠬᠦᠦ ᠦᠭᠦᠴᠢᠬᠡᠵᠠᠢ᠂ ᠪᠢ ᠬᠤᠵᠢᠮ ᠶᠠᠭᠠᠬᠢᠵᠦ ᠠᠮᠢᠳᠤᠷᠠᠬᠤ ᠪᠤᠢ︾ ᠭᠡᠵᠤ ᠡᠭᠰᠢᠨ ᠪᠦᠭᠰᠢᠨ | ᠡᠬᠡᠷ ᠳᠠᠳᠠᠨ ᠤᠬᠢᠯᠠᠵᠤ ᠪᠠᠶᠢᠬᠤ ᠶᠢ ᠦᠵᠡᠭᠡᠳ ᠳᠡᠷᠡ ᠳᠤᠩ ᠪᠠᠶᠠᠷᠯᠠᠨ ᠤᠶᠢᠷᠠᠳᠤᠨ᠄ ︽ᠨᠠᠰᠤᠳᠠᠨ ᠠᠪᠤ ᠡ᠂ | ᠲᠠ ᠡᠨᠡ ᠤᠬᠢᠯᠠᠵᠤ ᠪᠠᠶᠢᠭ᠎ᠠ ᠪᠠᠨ ᠨᠠᠳᠠ ᠵᠢᠭᠠᠭᠠᠳ ᠦᠭᠭᠦᠨᠠᠦ︾ ᠭᠡᠵᠤ ᠭᠤᠶᠤᠬᠤ ᠳᠤ ᠨᠠᠰᠤᠳᠠᠨ ᠠᠪᠤ ᠭᠤᠰ | ᠦᠰᠦᠷᠦᠨ ᠪᠤᠰᠴᠤ ᠳᠡᠬᠦᠨ ᠢ ᠵᠠᠭᠠᠮᠳᠤᠨ᠄ ︽ᠬᠦᠮᠦᠨ ᠤ ᠬᠦᠦ ᠦᠭᠦᠬᠡᠳ ᠵᠤᠪᠠᠵᠤ ᠪᠠᠶᠢᠬᠤ ᠳᠤ ᠴᠢ ᠬᠠᠷᠢᠨ | ᠡᠯᠡᠭ ᠳᠤᠭᠤᠬᠢ ᠪᠤᠯᠭᠠᠬᠤ ᠳᠠᠭᠠᠨ︕︾ ᠭᠡᠵᠤ ᠨᠢᠳᠤᠷᠭ᠎ᠠ ᠡᠷᠬᠢᠬᠦᠯᠦᠨ ᠵᠠᠨᠴᠢᠬᠤ ᠭᠡᠳᠡᠯ᠎ᠠ ᠭᠤᠷᠪᠠᠳᠤᠭᠠᠷ ᠬᠦᠦ ᠨᠢ | ᠄ ︽ᠬᠦᠢ᠂ ᠨᠠᠰᠤᠳᠠᠨ ᠠᠪᠤ ᠡ︕ ᠠᠭᠤᠷ ᠬᠢᠯᠢᠩ ᠢᠶᠠᠨ ᠳᠠᠷᠤ᠂ ᠭᠡᠷᠪᠡ ᠲᠠ ᠡᠨᠡᠬᠦ ᠤᠬᠢᠯᠠᠬᠤ ᠡᠷᠳᠡᠮ ᠢᠶᠠᠨ | ᠨᠠᠳᠠ ᠳᠤ ᠵᠢᠭᠠᠵᠤ ᠦᠭᠪᠠᠯ ᠪᠢ ᠭᠤᠷᠪᠠᠨ ᠭᠡᠰᠡᠭ ᠮᠦᠡᠭᠭᠦ ᠦᠭᠭᠦᠶ ᠡ︾ ᠭᠡᠵᠤ ᠦᠴᠢᠬᠦ ᠳᠤ ᠨᠠᠰᠤᠳᠠᠨ ᠭᠤᠸᠠᠢ | ᠬᠡᠳᠦ᠋ᠢᠪᠡᠷ ᠬᠦᠦ ᠪᠠᠨ ᠠᠯᠳᠠᠭᠠᠳ ᠡᠮᠬᠡᠨᠢᠨ ᠵᠤᠪᠠᠵᠤ ᠪᠠᠶᠢᠭ᠎ᠠ ᠴᠦ ᠬᠢᠯᠪᠡᠷ ᠲᠦᠬᠦᠮ ᠢᠶᠠᠷ ᠭᠤᠷᠪᠠᠨ ᠬᠡᠰᠡᠭ ᠮᠦᠡᠭᠭᠦ | ᠤᠯᠬᠤ ᠪᠤᠯᠤᠭᠰᠠᠨ ᠳᠠᠭᠠᠨ ᠪᠠᠶᠠᠷᠯᠠᠨ ᠤᠬᠢᠯᠠᠬᠤ ᠠᠷᠭ᠎ᠠ ᠪᠠᠨ ᠤᠭᠳᠤ ᠨᠢᠭᠤᠵᠤ ᠳᠠᠯᠳᠠᠯᠠᠯ ᠦᠭᠡᠢ ᠪᠠᠷ ᠵᠢᠭᠠᠵᠤ | ᠦᠭᠴᠠᠢ᠃ | ᠭᠤᠷᠪᠠᠭᠤᠯᠠ ᠪᠠᠨ ᠴᠦᠮ ᠡᠷᠳᠡᠮ ᠤᠬᠠᠭᠠᠨ ᠰᠤᠷᠴᠤ ᠪᠤᠴᠠᠨ ᠢᠷᠡᠭᠰᠡᠨ ᠳᠤ ᠳᠡᠯᠳᠡᠬᠡᠷ ᠪᠠᠶᠠᠨ ᠳᠡᠯᠪᠡ | ᠪᠠᠶᠠᠷᠯᠠᠨ᠄ ︽ᠮᠢᠨᠦ ᠬᠡᠤᠬᠡᠳ ᠶᠠᠮᠠᠷ ᠶᠠᠮᠠᠷ ᠡᠷᠳᠡᠮ ᠤᠬᠠᠭᠠᠨ ᠰᠤᠷᠪᠠ ᠳ᠋ᠠ︖ ᠠᠪᠤ ᠳᠠᠭᠠᠨ ᠨᠢᠬᠡ ᠨᠢᠬᠡ ᠪᠠᠷ | ᠬᠡᠯᠡᠵᠦ ᠦᠵᠡᠬᠦᠯ ᠳ᠋ᠠ︾ ᠭᠡᠵᠤ ᠱᠠᠭᠠᠷᠳᠠᠨ ᠬᠦᠰᠡᠵᠦ ᠬᠦᠯᠢᠶᠡᠵᠠᠢ᠃ ᠡᠨᠡ ᠦᠶ᠎ᠠ ᠳᠤ ᠶᠡᠭᠡ ᠬᠦᠦ ᠨᠢ ᠫᠤᠤ ᠪᠠᠨ | ᠭᠠᠷᠭᠠᠨ ᠡᠷᠳᠡᠮ ᠢᠶᠠᠨ ᠦᠵᠡᠬᠦᠯᠬᠦ ᠭᠡᠵᠤ ᠫᠤᠤᠳᠠᠬᠤ ᠶᠠᠭᠤᠮ᠎ᠠ ᠠᠵᠢᠭᠯᠠᠵᠤ ᠪᠠᠶᠢᠳᠠᠯ᠎ᠠ ᠨᠢᠬᠡ ᠳᠤᠮᠤ ᠢᠯᠠᠭ᠎ᠠ | ᠠᠪᠤ ᠶᠢᠨ ᠬᠢᠯᠠᠩ ᠳᠤᠯᠤᠭᠠᠢ ᠳᠡᠬᠡᠷ᠎ᠠ ᠰᠠᠭᠤᠭᠰᠠᠨ ᠢ ᠦᠵᠡᠭᠡᠳ ᠫᠤᠤ ᠪᠠᠨ ᠤᠨᠢᠯᠠᠨ ᠫᠤᠤᠳᠠᠭᠰᠠᠨ ᠳᠤ ᠠᠪᠤ ᠶᠢᠨ | ᠳᠤᠯᠤᠭᠠᠢ ᠳᠡᠯᠪᠡ ᠬᠠᠭᠠᠷᠠᠵᠤ ᠬᠡᠰᠡᠭ ᠬᠡᠰᠡᠭ ᠢᠶᠠᠷ ᠠᠳᠡ ᠳᠡᠨᠳᠡ ᠦᠰᠦᠷᠴᠠᠢ᠃ ᠡᠬᠦᠨ ᠳᠤ ᠬᠤᠶᠠᠳᠤᠭᠠᠷ ᠬᠦᠦ ᠨᠢ | ᠮᠡᠰᠢ ᠲᠦᠷᠬᠡᠨ ᠢᠶᠠᠷ ᠱᠠᠯᠠᠮᠠᠭᠠᠶᠢᠯᠠᠨ ︽ᠡᠨᠡ ᠨᠢ ᠬᠤᠶᠠᠷ ᠵᠢᠩ᠂ ᠳᠡᠷᠡ ᠨᠢ ᠭᠤᠷᠪᠠᠨ ᠵᠢᠩ︾ ᠭᠡᠵᠤ | ᠬᠠᠭᠠᠷᠠᠭᠰᠠᠨ ᠳᠤᠯᠤᠭᠠᠢ ᠶᠢᠨ ᠬᠡᠰᠡᠭ ᠢ ᠵᠢᠩᠯᠡᠵᠦ ᠬᠤᠪᠢᠶᠠᠨ ᠪᠠᠶᠢᠬᠤ ᠵᠠᠭᠤᠷ᠎ᠠ ᠭᠤᠷᠪᠠᠳᠤᠭᠠᠷ ᠬᠦᠦ ᠨᠢ ᠬᠦᠷᠢᠶᠡᠨ | ᠳᠤᠮᠳᠠ ᠪᠠᠨ ᠬᠦᠶᠦᠨ ᠤᠴᠢᠵᠦ ᠤᠴᠦ᠋ᠢᠨ ᠰᠠᠭᠤᠵᠤ᠄ ︽ᠮᠢᠨᠦ ᠬᠦᠦ ᠦᠬᠦᠴᠢᠬᠡᠵᠠᠢ︾ ᠭᠡᠵᠤ ᠦᠨᠳᠦᠷ | ᠳᠠᠭᠤᠨ ᠢᠶᠠᠷ ᠡᠬᠡᠷ ᠳᠠᠳᠠᠨ ᠤᠬᠢᠯᠠᠪᠠ ᠬᠡᠨ᠎ᠠ᠃ | | |