| ᠡᠩᠬᠡ ᠰᠠᠶᠢᠨ ᠠᠮᠤᠭᠤᠯᠠᠩ ᠪᠤᠯᠳᠤᠭᠠᠢ︕ | ᠠᠭᠠᠷᠠᠤ ᠽᠠᠨᠳᠠᠨ ᠮᠤᠳᠤᠨ ᠳᠤᠨᠢ | ᠠᠶ᠎ᠠ ᠲᠠᠪᠠ ᠪᠠᠷ ᠢᠶᠠᠨ ᠵᠢᠷᠭᠠᠭᠴᠢ | ᠠᠩᠬᠢᠷ ᠬᠡᠭᠴᠢ ᠰᠢᠪᠠᠭᠤᠨ ᠤ | ᠠᠩᠭᠠᠬᠠᠢ ᠰᠢᠪᠠᠭᠤ ᠨᠢ ᠪᠤᠯᠪᠠᠴᠤ | ᠥᠳᠥ ᠰᠥᠳᠥ ᠨᠢ ᠪᠥᠷᠢᠳᠬᠦ ᠳᠡᠭᠡᠨ | ᠡᠬᠦᠷ ᠶᠦᠭᠡᠨ ᠤᠷᠬᠢᠨ | ᠠᠭᠠᠷ ᠲᠤ ᠨᠢᠰᠥᠨ ᠤᠳᠬᠤ ᠶᠢᠨ | ᠠᠷᠭ᠎ᠠ ᠥᠬᠡᠢ ᠨᠢᠬᠡᠨ ᠴᠠᠭ ᠪᠤᠢ᠃ | ᠭᠠᠯᠪᠠᠷᠠᠭᠴᠠ ᠽᠠᠨᠳᠠᠨ ᠮᠤᠳᠤᠨ ᠳᠤᠨᠢ | ᠭᠠᠷᠴᠠᠭ᠎ᠠ ᠥᠬᠡᠢ ᠨᠤᠳᠤᠭᠰᠢᠭᠰᠠᠨ | ᠭᠠᠷᠤᠳᠢ ᠬᠡᠭᠴᠢ ᠰᠢᠪᠠᠭᠤᠨ ᠤ | ᠭᠠᠷᠤᠭᠰᠠᠨ ᠵᠤᠯᠵᠠᠭ᠎ᠠ ᠨᠢ ᠪᠤᠯᠪᠠᠴᠤ | ᠭᠠᠩ ᠵᠢᠬᠦᠷ ᠨᠢ ᠪᠥᠷᠢᠳᠬᠦ ᠳᠡᠭᠡᠨ | ᠭᠠᠭᠴᠠ ᠡᠬᠡ ᠠᠴᠠ ᠪᠠᠨ ᠰᠠᠯᠤᠭᠠᠳ | ᠭᠠᠯᠪᠠ ᠳᠤ ᠨᠢᠰᠤᠨ ᠤᠳᠬᠤ ᠶᠢᠨ | ᠭᠠᠶᠢᠬᠠᠮᠰᠢᠭᠳᠤ ᠨᠢᠬᠡ ᠴᠠᠭ ᠪᠤᠢ᠃ | ᠬᠥᠮᠥᠨ ᠤ ᠤᠷᠴᠢᠯᠠᠩ ᠳᠤ ᠵᠠᠶᠠᠭᠠᠭᠰᠠᠨ | ᠬᠡᠤᠬᠡᠨ ᠥᠷ᠎ᠡ ᠬᠡᠮᠡᠭᠴᠢ | ᠬᠥᠨᠳᠥᠳᠥ ᠡᠬᠡ ᠠᠴᠠ ᠪᠠᠨ ᠰᠠᠯᠤᠭᠠᠳ | ᠬᠥᠷᠬᠡᠨ ᠳᠤ ᠮᠤᠷᠳᠠᠬᠤ ᠶᠢᠨ ᠤᠴᠢᠷ ᠪᠤᠢ︖ | ᠲᠥᠷᠥ ᠬᠥᠷᠥᠨ ᠤ ᠶᠤᠰᠤ ᠪᠠᠷ | ᠲᠥᠬᠡᠮᠡᠯ ᠲᠡᠬᠡᠳᠥ ᠬᠠᠤᠯᠢ ᠪᠠᠷ | ᠲᠥᠮᠡᠨ ᠤᠯᠠᠨ ᠤ ᠵᠢᠷᠥᠮ ᠢᠶᠠᠷ | ᠲᠥᠪ ᠶᠤᠰᠤᠳᠤ ᠲᠥᠷᠢᠮ ᠢᠶᠠᠷ | ᠢᠯᠴᠢᠬᠡᠨᠡᠬᠦ ᠴᠡᠬᠡᠵᠢ ᠶᠢ ᠨᠢ ᠪᠤᠷᠬᠢᠯᠤᠭᠤᠯᠤᠨ | ᠢᠷᠪᠡᠬᠡᠨᠡᠬᠦ ᠨᠢᠯᠪᠤᠰᠤ ᠶᠢ ᠨᠢ ᠮᠡᠯᠮᠡᠷᠡᠬᠦᠯᠥᠨ | ᠢᠯᠪᠡᠯᠵᠡᠬᠦ ᠨᠢᠭᠤᠷ ᠢ ᠨᠢ ᠤᠯᠠᠶᠢᠯᠭᠠᠨ | ᠢᠨᠢᠶᠡᠬᠦ ᠴᠢᠷᠠᠢ ᠶᠢ ᠨᠢ ᠲᠤᠮᠪᠤᠯᠵᠠᠭᠤᠯᠤᠨ | ᠲᠥᠪ ᠲᠠᠩᠰᠠᠨ ᠳᠤ ᠲᠡᠮᠳᠡᠭᠯᠡᠵᠥ | ᠲᠥᠮᠡᠨ ᠤᠯᠠᠨ ᠳ᠋ᠤ᠋ᠰᠤᠨᠤᠰᠬᠠᠨ | ᠰᠠᠮ ᠰᠠᠮ ᠢᠶᠠᠷ ᠪᠡᠯᠡᠳᠬᠡᠵᠥ | ᠲᠠᠮ ᠲᠠᠮ ᠢᠶᠠᠷ ᠮᠡᠳᠡᠬᠦᠯᠥᠨ | ᠬᠡᠯᠬᠢᠶ᠎ᠡ ᠵᠢᠷᠤᠮ ᠤᠨ ᠤᠴᠢᠷ ᠢ | ᠬᠡᠴᠢᠶᠡᠩᠬᠦᠶᠢᠯᠡᠨ ᠬᠥᠢᠴᠡᠳᠬᠡᠬᠦ ᠡᠨᠡ ᠡᠳᠥᠷ | ᠡᠪᠳᠤ ᠰᠠᠶᠢᠬᠠᠨ ᠨᠠᠶᠢᠷ ᠢ | ᠬᠡᠪᠳᠤ ᠶᠤᠰᠤ ᠪᠠᠷ ᠬᠢᠬᠦ ᠳᠤ | ᠡᠨᠡᠷᠢᠯ ᠶᠡᠬᠡᠳᠥ ᠡᠵᠢ ᠶᠢᠨ ᠬᠢᠨᠢ | ᠡᠩᠬᠦᠷᠡᠢ ᠬᠤᠩᠭᠤᠷ ᠥᠷ᠎ᠡ ᠪᠠᠨ | ᠡᠪᠡᠶᠢᠯᠡᠨ ᠰᠠᠨᠠᠵᠤ ᠥᠰᠬᠡᠭᠰᠡᠨ ᠢ | ᠡᠷᠬᠢᠴᠡᠬᠦᠯᠥᠨ ᠪᠤᠳᠤᠵᠤ ᠥᠵᠡᠬᠦᠯᠡ | ᠠᠷᠢᠭᠤᠨ ᠴᠠᠭᠠᠨ ᠬᠡᠪᠡᠯᠢ ᠳᠡᠭᠡᠨ | ᠠᠷᠪᠠᠨ ᠰᠠᠷ᠎ᠠ ᠡᠷᠬᠦᠬᠡᠳ | ᠷᠠᠰᠢᠶᠠᠨ ᠲᠤᠩᠭᠠᠯᠠᠭ ᠤᠰᠤ ᠪᠠᠷ | ᠠᠷᠢᠭᠤᠳᠬᠠᠨ ᠤᠬᠢᠶᠠᠵᠤ ᠠᠪᠤᠭᠠᠳ | ᠨᠢᠬᠡ ᠨᠠᠰᠤ ᠲᠠᠢ ᠪᠠᠶᠢᠬᠤ ᠳᠤᠨᠢ | ᠨᠡᠬᠡᠢ ᠠᠷᠠᠰᠤᠨ ᠳᠤ ᠬᠤᠴᠠᠭᠠᠳ | ᠨᠡᠮᠥᠬᠦᠨ ᠵᠥᠬᠡᠯᠡᠨ ᠲᠠᠭᠤ ᠪᠠᠷ ᠢᠶᠠᠨ | ᠨᠡᠷ᠎ᠡ ᠶᠢ ᠨᠢ ᠲᠠᠭᠤᠳᠠᠵᠤ ᠰᠤᠨᠤᠰᠬᠠᠨ | ᠬᠥᠨᠳᠡᠢ ᠰᠠᠶᠢᠬᠠᠨ ᠬᠠᠷᠠᠭ᠎ᠠ ᠲᠠᠢ | ᠬᠥᠨᠳᠡᠯᠡᠨ ᠭᠤᠷᠪᠠᠨ ᠤᠶᠠᠭ᠎ᠠ ᠲᠠᠢ | ᠬᠥᠪᠥᠩ ᠥᠬᠡᠷ᠎ᠡ ᠥᠬᠡᠢ ᠬᠤᠴᠢᠯᠭ᠎ᠠ ᠲᠠᠢ | ᠬᠥᠨᠵᠢᠯᠨ ᠮᠡᠳᠥ ᠶᠢᠨ ᠲᠡᠪᠢᠰᠬᠡᠷ ᠲᠠᠢ | ᠥᠯᠵᠡᠶᠢᠳᠡᠶᠢᠬᠡᠨ ᠥᠯᠥᠬᠡᠢ ᠳᠤᠨᠢ | ᠡᠳᠥᠷ ᠤᠨ ᠰᠠᠶᠢᠨ ᠳᠤᠨᠢ ᠥᠯᠥᠬᠡᠶᠢᠳᠡᠬᠡᠳ | ᠡᠪᠥᠷ ᠤᠨ ᠲᠤᠪᠴᠢ ᠪᠠᠨ ᠲᠠᠶᠢᠯᠤᠨ | ᠥᠨᠥᠰᠥᠨ ᠲᠠᠭᠠᠯᠠᠨ ᠬᠥᠬᠦᠬᠦᠯᠥᠭᠰᠡᠨ | ᠤᠩᠬᠤᠷ ᠥᠯᠥᠬᠡᠢ ᠳᠤ ᠥᠯᠥᠬᠡᠶᠢᠳᠡᠬᠡᠳ | ᠤᠪᠠᠢ ᠪᠥᠢᠪᠠᠢ ᠰᠠᠭᠠᠳᠠᠭᠤᠯᠤᠭᠰᠠᠨ | ᠤᠵᠠᠨ ᠲᠤᠪᠴᠢ ᠪᠠᠨ ᠲᠠᠶᠢᠯᠤᠨ | ᠤᠭᠤᠷᠠᠭ ᠰᠥ ᠪᠠᠨᠰᠢᠮᠡᠬᠦᠯᠵᠥ | ᠤᠷᠤ ᠶᠢᠨ ᠡᠮᠥᠨ᠎ᠡ ᠪᠠᠨ ᠤᠨᠳᠠᠭᠤᠯᠵᠤ | ᠤᠬᠢᠯᠠᠬᠤ ᠲᠠᠭᠤ ᠶᠢ ᠨᠢ ᠨᠠᠮᠰᠢᠶᠠᠭᠰᠠᠨ | ᠤᠬᠠᠭᠠᠨᠳᠤ ᠪᠤᠭᠤᠷᠤᠯ ᠡᠵᠢ ᠶᠢᠨ ᠬᠢᠨᠢ | ᠠᠭᠤᠳᠠᠮ ᠠᠴᠢᠯᠠᠯ ᠢ ᠬᠠᠷᠢᠭᠤᠯᠤᠮᠤ᠃ | ᠬᠤᠶᠠᠷ ᠨᠠᠰᠤ ᠶᠢ ᠬᠥᠷᠬᠦ ᠳᠤᠨᠢ | ᠬᠤᠷᠭᠤ ᠠᠪᠳᠠᠷ᠎ᠠ ᠶᠢ ᠨᠢ ᠲᠥᠰᠢᠵᠥ | ᠬᠤᠶᠢᠭᠤᠷ ᠤᠷᠢᠳᠠᠭᠤᠷ ᠮᠥᠯᠬᠦᠵᠥ | ᠬᠤᠭ ᠲᠤᠭᠤᠰᠤ ᠪᠠᠵᠠᠬᠤ ᠳᠤᠨᠢ | ᠬᠤᠩᠰᠢᠶᠠᠷ ᠠᠮᠨ ᠶᠢ ᠨᠢ ᠵᠥᠯᠬᠦᠵᠥ | ᠬᠤᠩᠭᠤ ᠪᠤᠷᠪᠢ ᠶᠢ ᠨᠢ ᠠᠷᠴᠢᠵᠤ | ᠬᠤᠯᠪᠤᠭ᠎ᠠ ᠬᠤᠶᠠᠷ ᠬᠥᠬᠦ ᠪᠠᠨ | ᠥᠷᠥᠵᠥ ᠥᠭᠬᠦᠬᠡᠳ ᠰᠢᠮᠡᠬᠦᠯᠥᠭᠰᠡᠨ | ᠮᠠᠩᠬ᠎ᠠ ᠰᠢᠷᠥᠢ ᠶᠢ ᠬᠠᠯᠠᠭᠤᠯᠵᠤ | ᠮᠠᠨᠴᠤᠢ ᠲᠤᠳᠤᠷ᠎ᠠ ᠨᠢ ᠲᠡᠪᠢᠰᠥᠭᠰᠡᠨ | ᠮᠠᠷᠢᠶ᠎ᠠ ᠮᠢᠬ᠎ᠠ ᠶᠢ ᠨᠢ ᠴᠢᠩᠭᠠᠯᠠᠵᠤ | ᠮᠠᠭᠠᠳ ᠬᠠᠶᠢᠷᠠᠯᠠᠨ ᠥᠰᠬᠡᠭᠰᠡᠨ | ᠡᠷᠪᠡᠩ ᠲᠡᠷᠪᠡᠩ ᠠᠯᠬᠤᠬᠤ ᠳᠤᠨᠢ | ᠡᠩᠬᠡ ᠪᠠᠳᠢ ᠡᠮᠥᠰᠬᠡᠭᠰᠡᠨ | ᠡᠵᠢ ᠡ ᠠᠪᠤ ᠡ ᠲᠠᠭᠤᠳᠠᠬᠤ ᠳᠤᠨᠢ | ᠡᠨᠡᠷᠢᠯ ᠤᠨ ᠰᠥ ᠪᠠᠨ ᠢᠪᠡᠯᠬᠡᠭᠰᠡᠨ | ᠲᠠᠪᠤᠤ ᠬᠤᠴᠢᠯᠭ᠎ᠠ ᠳᠤ ᠮᠠᠨᠴᠤᠶᠢᠳᠠᠭᠠᠳ | ᠲᠠᠭᠠᠷᠠᠵᠤ ᠬᠠᠯᠠᠬᠤ ᠶᠢ ᠨᠢ ᠬᠢᠴᠢᠶᠡᠭᠰᠡᠨ | ᠲᠠᠪᠳᠠᠵᠤ ᠪᠠᠶᠢᠭᠠᠳ ᠤᠨᠳᠠᠭᠤᠯᠤᠭᠰᠠᠨ | ᠲᠠᠩᠴᠢ ᠬᠠᠶᠢᠷᠠᠯᠠᠨ ᠥᠰᠬᠡᠭᠰᠡᠨ | ᠠᠷᠭᠠᠯ ᠲᠥᠯᠡᠰᠢᠨ ᠳᠤ ᠶᠠᠪᠤᠪᠠᠴᠤ | ᠠᠷᠤᠨᠰᠢ ᠪᠠᠨ ᠰᠠᠨᠠᠭᠠᠰᠢᠷᠠᠨ ᠪᠤᠳᠤᠳᠠᠭ | ᠤᠰᠤ ᠴᠠᠰᠤᠨ ᠳᠤ ᠶᠠᠪᠤᠪᠠᠴᠤ | ᠤᠬᠤᠷᠢᠵᠤ ᠬᠡᠳᠡᠷᠬᠡᠨ ᠰᠠᠨᠠᠳᠠᠭ | ᠡᠩᠬᠡᠷ ᠲᠡᠬᠡᠷ᠎ᠡ ᠪᠠᠨ ᠰᠠᠭᠤᠯᠭᠠᠭᠠᠳ | ᠡᠯᠢᠬᠡᠨ ᠲᠡᠬᠡᠷ᠎ᠡ ᠪᠠᠨ ᠲᠡᠪᠡᠷᠢᠭᠰᠡᠨ | ᠡᠨᠡᠷᠢᠯ ᠵᠤᠵᠠᠭᠠᠨ ᠡᠵᠢ ᠶᠢᠨ ᠢᠶᠠᠨ | ᠡᠷᠬᠢᠮ ᠠᠴᠢᠯᠠᠯ ᠢ ᠬᠠᠷᠢᠭᠤᠯᠤᠮᠤ︕ | ᠭᠤᠷᠪᠠᠨ ᠨᠠᠰᠤ ᠶᠢ ᠬᠥᠷᠬᠦ ᠳᠤᠨᠢ | ᠭᠤᠯᠭᠤᠵᠤ ᠮᠥᠯᠬᠦᠵᠥ ᠨᠠᠭᠠᠳᠬᠤ ᠳᠤᠨᠢ | ᠭᠤᠯᠤᠩᠨᠠᠨ ᠱᠤᠯᠤᠩᠨᠠᠨ ᠶᠠᠷᠢᠬᠤ ᠳᠤᠨᠢ | ᠭᠤᠶᠢᠪᠤᠩ ᠲᠤᠶᠢᠪᠠᠩ ᠠᠯᠬᠤᠬᠤ ᠳᠤᠨᠢ | ᠭᠤᠯᠤᠰᠴᠤ ᠲᠤᠯᠠᠰᠴᠤ ᠶᠠᠪᠤᠬᠤ ᠳᠤᠨᠢ | ᠭᠤᠩᠭᠠᠯᠠᠵᠤ ᠭᠠᠩᠭᠠᠯᠠᠵᠤ ᠵᠠᠰᠠᠭᠠᠳ | ᠭᠤᠳᠤᠯ ᠪᠤᠶᠢᠪᠠᠭ ᠡᠮᠥᠰᠬᠡᠨ | ᠭᠤᠶᠢᠳᠠ ᠬᠠᠶᠢᠷᠠᠯᠠᠨ ᠰᠠᠨᠠᠭᠰᠠᠨ | ᠤᠬᠢᠯᠠᠵᠤ ᠨᠢᠬᠡ ᠠᠶᠤᠯᠭᠠᠪᠠᠯ | ᠪᠥᠪᠡᠶᠢᠯᠡᠵᠥ ᠨᠢᠬᠡ ᠠᠷᠭᠠᠳᠠᠭᠰᠠᠨ | ᠤᠶᠢᠳᠬᠠᠷ ᠰᠡᠷᠬᠦᠬᠡᠬᠦ ᠨᠠᠭᠠᠳᠤᠮ ᠢ | ᠤᠷᠠᠨ ᠠᠪᠤ ᠪᠠᠷ ᠨᠢ ᠬᠢᠯᠬᠡᠭᠰᠡᠨ | ᠡᠪᠥᠯ ᠤᠨ ᠰᠥᠨᠢ ᠶᠢᠨ ᠥᠨᠳᠥᠷ ᠳᠤᠨᠢ | ᠥᠨᠳᠡᠶᠢᠨ ᠥᠨᠳᠡᠶᠢᠨ ᠬᠥᠬᠦᠬᠦᠯᠥᠭᠰᠡᠨ | ᠥᠨᠡᠨ ᠬᠠᠶᠢᠷᠠᠳᠠᠢ ᠡᠵᠢ ᠶᠢᠨ ᠬᠢᠨᠢ | ᠡᠷᠬᠢᠮ ᠠᠴᠢᠯᠠᠯ ᠢ ᠬᠠᠷᠢᠭᠤᠯᠮᠤ᠃ | ᠲᠥᠷᠪᠡ ᠨᠠᠰᠤ ᠶᠢ ᠬᠥᠷᠬᠦ ᠳᠤᠨᠢ | ᠲᠥᠢᠪᠡᠬᠡᠵᠥ ᠲᠡᠷᠪᠡᠬᠡᠳ ᠬᠥᠶᠥᠬᠦ ᠳᠤᠨᠢ | ᠲᠥᠷᠥᠯ ᠰᠠᠳᠤᠨ ᠨᠢ ᠥᠬᠦᠬᠡᠷᠳᠡᠨ | ᠲᠥᠯᠬᠢᠵᠥ ᠲᠠᠳᠠᠭᠠᠳ ᠬᠥᠳᠡᠯᠥᠭᠰᠡᠨ | ᠤᠯᠠᠭᠠᠨ ᠭᠠᠯ ᠲᠡᠬᠡᠷ᠎ᠡ ᠤᠨᠠᠬᠤ ᠪᠤᠢ | ᠬᠢᠳᠤᠭ᠎ᠠ ᠰᠢᠪᠥᠬᠡᠨ ᠳᠤ ᠠᠳᠡᠬᠦ ᠪᠤᠢ | ᠤᠯᠤᠰ ᠤᠨ ᠬᠡᠤᠬᠡᠳ ᠲᠤ ᠬᠤᠤᠷᠯᠠᠭᠳᠠᠬᠤ ᠪᠤᠢ | ᠤᠶᠠᠭ᠎ᠠ ᠮᠤᠷᠢᠨ ᠲᠤᠤᠷ᠎ᠠ ᠤᠷᠤᠬᠤ ᠪᠤᠢ | ᠠᠭᠤᠷ ᠨᠤᠬᠠᠢ ᠳᠤ ᠬᠠᠵᠠᠭᠳᠠᠴᠢᠬᠠᠬᠤ ᠪᠤᠢ | ᠤᠰᠤ ᠰᠢᠪᠠᠷ ᠳᠤ ᠵᠢᠪᠪᠥᠬᠦ ᠪᠤᠢ | ᠤᠨᠳᠠᠵᠤ ᠪᠠᠶᠢᠭᠠᠳ ᠰᠤᠴᠢᠬᠤ ᠪᠤᠢ | ᠤᠬᠢᠯᠠᠵᠤ ᠪᠠᠶᠢᠭᠠᠳ ᠬᠥᠰᠢᠬᠦ ᠪᠤᠢ ᠬᠡᠵᠤ | ᠤᠯᠠᠮ ᠶᠡᠭᠡ ᠪᠠᠷ ᠬᠢᠴᠢᠶᠡᠵᠥ | ᠤᠶᠠᠷᠠᠨ ᠵᠤᠪᠠᠵᠤ ᠥᠰᠬᠡᠭᠰᠡᠨ | ᠤᠬᠠᠭᠠᠨᠳᠤ ᠪᠤᠭᠤᠷᠤᠯ ᠡᠵᠢ ᠶᠢᠨ ᠬᠢᠨᠢ | ᠠᠭᠤᠳᠠᠮ ᠠᠴᠢᠯᠠᠯ ᠢ ᠨᠢ ᠬᠠᠷᠢᠭᠤᠯᠤᠮᠤ᠃ | ᠲᠠᠪᠤᠨ ᠨᠠᠰᠤ ᠶᠢ ᠬᠥᠷᠬᠦ ᠳᠤᠨᠢ | ᠲᠠᠯ᠎ᠠ ᠶᠢ ᠲᠤᠭᠤᠷᠢᠨ ᠬᠥᠶᠥᠬᠦ ᠳᠤᠨᠢ | ᠲᠠᠳᠠᠵᠤ ᠨᠠᠰᠢ ᠨᠢ ᠠᠪᠴᠢᠷᠠᠭᠠᠳ | ᠲᠠᠷᠯᠠᠨ ᠲᠤᠭᠤᠯ ᠢ ᠴᠢᠩᠭᠠᠯᠭᠠᠵᠤ | ᠲᠠᠨ ᠤ ᠮᠠᠨᠠᠶᠢᠬᠢ ᠶᠢ ᠲᠠᠨᠢᠭᠤᠯᠵᠤ | ᠲᠠᠪᠯᠠᠭᠤᠨ ᠰᠠᠶᠢᠬᠠᠨ ᠬᠤᠪᠴᠠᠯᠠᠵᠤ | ᠲᠠᠨ᠎ᠠ ᠰᠤᠪᠤᠳ ᠢᠶᠠᠷ ᠴᠢᠮᠡᠭᠯᠡᠵᠥ | ᠲᠠᠷᠠᠭ ᠠᠶᠢᠷᠠᠭ ᠢᠶᠠᠷ ᠲᠡᠵᠢᠬᠡᠵᠥ | ᠬᠠᠬᠢᠷ ᠬᠥᠢᠳᠡᠨ ᠳᠤ ᠲᠠᠭᠠᠷᠠᠬᠤ ᠪᠤᠢ | ᠬᠠᠯᠠᠭᠤᠨ ᠨᠠᠷᠠᠨ ᠳᠤ ᠰᠢᠷᠠᠭᠳᠠᠬᠤ ᠪᠤᠢ | ᠬᠠᠷᠠᠩᠭᠤᠢ ᠰᠥᠨᠢ ᠠᠶᠤᠬᠤ ᠪᠤᠢ | ᠬᠠᠨᠢᠶᠠᠳᠤ ᠲᠠᠭᠰᠢᠭᠤᠷ ᠬᠥᠷᠬᠦ ᠪᠤᠢ | ᠬᠠᠶᠢᠴᠢ ᠰᠢᠪᠥᠬᠡᠨ ᠳᠤ ᠠᠳᠡᠬᠦ ᠪᠤᠢ | ᠬᠠᠳᠠ ᠮᠤᠳᠤᠨ ᠳᠤ ᠴᠤ ᠪᠥᠳᠥᠷᠢᠬᠦ ᠪᠤᠢ | ᠬᠠᠯᠭᠠᠷᠠᠵᠤ ᠭᠤᠯᠭᠤᠷᠢᠭᠠᠳ ᠤᠶᠢᠴᠠᠴᠢᠬᠠᠬᠤ ᠪᠤᠢ | ᠬᠠᠴᠠᠷ ᠨᠢᠭᠤᠷ ᠢᠶᠠᠨ ᠰᠢᠯᠪᠤᠯᠠᠴᠢᠬᠠᠬᠤ ᠪᠤᠢ ᠬᠡᠵᠤ | ᠡᠩᠬᠦᠷᠡᠢ ᠬᠤᠩᠭᠤᠷ ᠥᠷ᠎ᠡ ᠶᠢ ᠪᠠᠨ | ᠡᠷᠳᠡᠨᠢ ᠮᠡᠳᠥ ᠬᠠᠶᠢᠷᠠᠯᠠᠭᠰᠠᠨ | ᠡᠨᠡᠷᠢᠯ ᠶᠡᠬᠡᠳᠥ ᠡᠵᠢ ᠶᠢᠨ ᠬᠢᠨᠢ | ᠡᠷᠬᠢᠮ ᠠᠴᠢᠯᠠᠯ ᠢ ᠬᠠᠷᠢᠭᠤᠯᠤᠮᠤ᠃ | ᠵᠢᠷᠭᠤᠭᠠᠨ ᠨᠠᠰᠤ ᠶᠢ ᠬᠥᠷᠬᠦ ᠳᠤᠨᠢ | ᠵᠤᠯᠵᠠᠭ᠎ᠠ ᠬᠡᠮᠡᠨ ᠪᠤᠶᠢᠵᠠᠭᠤᠯᠤᠭᠰᠠᠨ | ᠵᠢᠷᠤᠭ ᠬᠤᠸᠠᠷ ᠢ ᠥᠵᠡᠬᠦᠯᠥᠨ | ᠵᠢᠷᠥᠮ ᠶᠤᠰᠤ ᠶᠢ ᠲᠠᠨᠢᠭᠤᠯᠤᠨ | ᠪᠤᠭᠤᠷᠤᠯ ᠨᠠᠰᠤᠳᠠᠨ ᠢᠶᠠᠨ ᠬᠥᠨᠳᠥᠯᠡᠬᠦ ᠶᠢ | ᠪᠤᠰᠤᠨ ᠪᠤᠰᠤᠨ ᠵᠢᠭᠠᠭᠰᠠᠨ | ᠪᠤᠯᠪᠠᠷᠠᠢ ᠲᠡᠬᠦᠥ ᠪᠠᠨ ᠬᠠᠶᠢᠷᠠᠯᠠᠬᠤ ᠶᠢ | ᠪᠤᠳᠤᠨ ᠪᠤᠳᠤᠨ ᠵᠢᠭᠠᠭᠰᠠᠨ | ᠲᠥᠷᠥᠭᠰᠡᠨ ᠥᠰᠥ ᠶᠢ ᠠᠪᠤᠭᠠᠳ | ᠲᠥᠬᠦᠷᠢᠭ ᠬᠡᠵᠢᠬᠡ ᠲᠠᠯᠪᠢᠭᠰᠠᠨ | ᠴᠢᠬᠢ ᠶᠢ ᠨᠢ ᠵᠢᠷᠭᠤᠭ᠎ᠠ ᠴᠤᠭᠤᠯᠠᠵᠤ | ᠴᠢᠮᠡᠭ ᠵᠡᠬᠦᠯᠬᠡᠬᠦ ᠪᠠᠷ ᠪᠡᠯᠡᠳᠬᠡᠭᠰᠡᠨ | ᠵᠡᠬᠦᠨ ᠪᠠᠷᠠᠭᠤᠨ ᠢ ᠮᠡᠳᠡᠬᠦᠯᠵᠥ | ᠵᠥᠭ ᠴᠢᠭ ᠢ ᠲᠠᠨᠢᠭᠤᠯᠤᠭᠰᠠᠨ | ᠲᠤᠭ᠎ᠠ ᠬᠡᠮᠵᠢᠶ᠎ᠡ ᠶᠢ ᠤᠶᠢᠯᠭᠠᠭᠤᠯᠵᠤ | ᠲᠤᠮᠵᠢᠶ᠎ᠠ ᠲᠥᠯᠥᠪ ᠢ ᠤᠯᠭᠤᠭᠰᠠᠨ | ᠵᠢᠩ ᠯᠠᠩ ᠴᠡᠬᠡᠵᠢᠯᠡᠬᠦᠯᠵᠥ | ᠵᠢᠯ ᠰᠠᠷ᠎ᠠ ᠶᠢ ᠮᠡᠳᠡᠬᠦᠯᠥᠭᠰᠡᠨ | ᠵᠢᠩᠬᠢᠨᠢ ᠬᠠᠶᠢᠷᠠᠳᠠᠢ ᠡᠵᠢ ᠶᠢᠨ ᠬᠢᠨᠢ | ᠠᠴᠢᠯᠠᠯ ᠢ ᠬᠥᠨᠳᠥᠳᠬᠡᠨ ᠬᠠᠷᠢᠭᠤᠯᠮᠤ᠃ | ᠲᠤᠯᠤᠭᠠᠨ ᠨᠠᠰᠤ ᠶᠢ ᠬᠥᠷᠬᠦ ᠳᠤᠨᠢ | ᠲᠤᠤᠷᠠᠬᠢ ᠲᠡᠬᠡᠷᠡᠬᠢ ᠶᠢ ᠢᠯᠭᠠᠬᠤ ᠳᠤᠨᠢ | ᠲᠤᠪᠴᠢ ᠰᠢᠯᠪᠢ ᠶᠢ ᠡᠮᠵᠢᠬᠦᠯᠥᠨ | ᠲᠤᠭᠳᠠᠭᠤᠨ ᠨᠤᠮᠤᠬᠠᠨ ᠰᠤᠷᠭᠠᠭᠰᠠᠨ | ᠲᠤᠮᠤᠭᠤ ᠥᠬᠡᠢ ᠪᠢᠳᠡᠬᠡᠢ ᠵᠠᠩᠨᠠᠭᠠᠷᠠᠢ | ᠲᠤᠭᠤᠮᠵᠢ ᠥᠬᠡᠢ ᠪᠢᠳᠡᠬᠡᠢ ᠠᠭᠠᠰᠢᠯᠠᠭᠠᠷᠠᠢ ᠬᠡᠵᠤ | ᠲᠤᠭᠰᠢᠨ ᠲᠤᠷᠢᠭᠤᠨ ᠬᠡᠯᠡᠪᠡᠴᠤ | ᠲᠤᠳᠤᠷ᠎ᠠ ᠪᠠᠨ ᠶᠡᠬᠡᠯ᠎ᠡ ᠬᠠᠶᠢᠷᠠᠯᠠᠵᠤ | ᠤᠳᠠᠰᠤᠨ ᠰᠥᠪᠡᠭᠴᠢ ᠭᠠᠷᠭᠠᠬᠤ ᠳᠤ | ᠤᠷᠠᠨ ᠰᠡᠨᠵᠢ ᠶᠢ ᠤᠯᠬᠤ ᠳᠤ | ᠡᠪ ᠲᠡᠮᠳᠡᠢ ᠪᠠᠶᠢᠬᠤ ᠶᠢ | ᠡᠬᠢᠯᠡᠨ ᠴᠢᠩᠭ᠎ᠠ ᠰᠤᠷᠭᠠᠭᠰᠠᠨ | ᠭᠠᠩ ᠬᠠᠶᠢᠴᠢᠨ ᠤ ᠪᠠᠷᠢᠭᠤᠯ ᠢ | ᠭᠠᠷ ᠳᠤᠨᠢ ᠡᠪ ᠲᠠᠢ ᠠᠳᠬᠤᠭᠤᠯᠤᠭᠰᠠᠨ | ᠭᠠᠶᠢᠬᠠᠮ᠎ᠠ ᠤᠷᠠᠨ ᠪᠤᠯᠬᠤ ᠶᠢᠨ | ᠭᠠᠷ ᠤᠬᠠᠭᠠᠨ ᠢ ᠲᠠᠰᠬᠠᠭᠰᠠᠨ | ᠵᠥᠢᠳᠡᠰᠥ ᠥᠬᠡᠳᠡᠰᠥ ᠨᠡᠶᠢᠯᠡᠬᠦᠯᠬᠦ ᠶᠢᠨ | ᠵᠥᠢ ᠶᠢ ᠨᠢ ᠰᠠᠶᠢᠬᠠᠨ ᠮᠡᠳᠡᠬᠦᠯᠥᠭᠰᠡᠨ | ᠵᠡᠬᠦᠥ ᠤᠳᠠᠰᠤᠨ ᠤ ᠵᠥᠢᠯ ᠤᠨ | ᠵᠥᠭ ᠳᠤᠨᠢ ᠠᠶᠠᠳᠠᠢ ᠤᠷᠤᠭᠤᠯᠤᠭᠰᠠᠨ | ᠠᠮᠠᠷᠠᠭ ᠬᠤᠩᠭᠤᠷ ᠥᠷ᠎ᠡ ᠶᠢ ᠪᠠᠨ | ᠠᠯᠭᠠᠰᠠᠯ ᠥᠬᠡᠢ ᠰᠠᠨᠠᠨ ᠰᠤᠷᠭᠠᠭᠰᠠᠨ | ᠠᠵᠢᠯ ᠵᠢᠷᠤᠮᠳᠥ ᠡᠵᠢ ᠶᠢᠨ ᠬᠢᠨᠢ | ᠠᠴᠢᠯᠠᠯ ᠢ ᠬᠥᠨᠳᠥᠳᠬᠡᠨ ᠬᠠᠷᠢᠭᠤᠯᠮᠤ᠃ | ᠨᠠᠢᠮᠠᠨ ᠨᠠᠰᠤ ᠶᠢ ᠬᠥᠷᠬᠦ ᠳᠤᠨᠢ | ᠨᠠᠷᠢᠨ ᠵᠡᠬᠦᠥ ᠶᠢ ᠪᠠᠷᠢᠬᠤ ᠳᠤᠨᠢ | ᠨᠠᠪᠴᠢ ᠴᠡᠴᠡᠭ ᠤᠷᠠᠯᠠᠭᠤᠯᠤᠨ | ᠨᠠᠭᠠᠮᠠᠯ ᠤᠭᠠᠯᠵᠨ ᠬᠠᠳᠬᠠᠭᠤᠯᠤᠨ | ᠨᠠᠷᠠᠨ ᠰᠠᠷᠠᠨ ᠢ ᠰᠡᠶᠢᠯᠡᠬᠦᠯᠥᠨ | ᠨᠠᠴᠢᠨ ᠭᠠᠷᠤᠳᠢ ᠶᠢ ᠵᠢᠷᠤᠭᠤᠯᠤᠨ | ᠨᠠᠭᠠᠳᠴᠤ ᠬᠥᠶᠥᠬᠦ ᠶᠢ ᠨᠢ ᠪᠠᠭᠠᠰᠭᠠᠭᠰᠠᠨ | ᠨᠠᠮᠤᠭᠤᠨ ᠲᠤᠭᠳᠠᠭᠤᠨ ᠢ ᠰᠤᠷᠭᠠᠭᠰᠠᠨ | ᠨᠢᠯᠬ᠎ᠠ ᠪᠠᠭ᠎ᠠ ᠪᠠᠨ ᠬᠠᠶᠢᠷᠠᠯᠠᠬᠤ ᠶᠢ | ᠨᠠᠰᠤᠳᠠᠨ ᠶᠡᠬᠡᠰ ᠢᠶᠠᠨ ᠬᠥᠨᠳᠥᠯᠡᠬᠦ ᠶᠢ | ᠨᠢᠮᠪᠠᠢ ᠬᠡᠴᠢᠶᠡᠩᠬᠦᠢ ᠪᠠᠶᠢᠬᠤ ᠶᠢ | ᠨᠢᠭᠳᠠ ᠰᠤᠷᠭᠠᠨ ᠵᠠᠬᠢᠭᠰᠠᠨ | ᠡᠩᠬᠦᠷᠡᠢ ᠬᠤᠩᠭᠤᠷ ᠥᠷ᠎ᠡ ᠶᠢ ᠢᠶᠠᠨ | ᠡᠯᠢᠬᠡ ᠮᠡᠳᠡᠷᠢᠮᠡ ᠰᠠᠨᠠᠭᠰᠠᠨ | ᠡᠨᠡᠷᠢᠯ ᠶᠡᠬᠡᠳᠥ ᠡᠵᠢ ᠶᠢᠨ ᠬᠢᠨᠢ | ᠡᠷᠬᠢᠮ ᠠᠴᠢᠯᠠᠯ ᠢ ᠬᠠᠷᠢᠭᠤᠯᠮᠤ᠃ | ᠶᠢᠰᠥᠨ ᠨᠠᠰᠤ ᠶᠢ ᠬᠥᠷᠬᠦ ᠳᠤᠨᠢ | ᠶᠡᠷᠥᠳᠡ ᠶᠢᠨ ᠶᠤᠰᠤ ᠶᠢ ᠰᠤᠷᠬᠤ ᠳᠤᠨᠢ | ᠤᠷᠤᠭᠤ ᠲᠤᠷᠤᠭᠤ ᠤᠶᠤᠭᠤᠯᠵᠤ | ᠤᠷᠠᠨ ᠥᠢᠯᠨ ᠶᠢ ᠪᠥᠷᠢᠳᠡᠬᠦᠯᠥᠭᠰᠡᠨ | ᠤᠤᠭᠤᠵᠤ ᠢᠳᠡᠬᠦ ᠪᠠᠨ ᠮᠠᠷᠳᠠᠨ | ᠤᠨᠳᠠᠬᠤ ᠨᠤᠶᠢᠷ ᠢᠶᠠᠨ ᠬᠠᠶᠠᠨ | ᠠᠭᠤᠰᠬᠢ ᠵᠢᠷᠥᠬᠡ ᠪᠠᠨ ᠠᠭᠤᠳᠠᠯᠤᠨ | ᠤᠶᠢᠳᠠᠯ ᠥᠬᠡᠢ ᠬᠥᠮᠥᠵᠢᠬᠦᠯᠥᠭᠰᠡᠨ | ᠡᠨᠡᠷᠢᠯ ᠵᠤᠵᠠᠭᠠᠨ ᠡᠵᠢ ᠶᠢᠨ ᠬᠢᠨᠢ | ᠡᠷᠬᠢᠮ ᠠᠴᠢᠯᠠᠯ ᠢ ᠬᠠᠷᠢᠭᠤᠯᠮᠤ᠃ | ᠠᠷᠪᠠᠨ ᠨᠠᠰᠤ ᠶᠢ ᠬᠥᠷᠬᠦ ᠳᠤᠨᠢ | ᠠᠯᠢᠶᠠᠷᠬᠠᠵᠤ ᠨᠠᠭᠠᠳᠬᠤ ᠶᠢ ᠴᠥᠬᠡᠴᠢᠯᠡᠵᠥ | ᠠᠭᠠᠰᠢ ᠵᠠᠩ ᠢ ᠨᠢ ᠵᠠᠰᠠᠨ | ᠠᠵᠢᠯ ᠤᠨ ᠶᠡᠭᠡ ᠶᠢ ᠰᠤᠷᠭᠠᠭᠰᠠᠨ | ᠠᠷᠠᠳ ᠤᠨ ᠰᠤᠷᠭᠠᠭᠤᠯᠢ ᠳᠤ ᠤᠷᠤᠭᠤᠯᠵᠤ | ᠠᠴᠢᠳᠤ ᠪᠠᠭᠰᠢ ᠳᠤ ᠲᠡᠪᠰᠢᠬᠦᠯᠥᠨ | ᠠ ᠡ ᠶᠢ ᠲᠠᠨᠢᠭᠤᠯᠤᠨ | ᠠᠯᠳᠠᠨ ᠥᠰᠥᠭ ᠢ ᠰᠤᠷᠭᠠᠭᠰᠠᠨ | ᠡᠷᠳᠡᠮ ᠪᠤᠯᠪᠠᠰᠤᠷᠠᠯ ᠳᠤ ᠬᠡᠴᠢᠶᠡᠯᠬᠡᠭᠰᠡᠨ | ᠡᠷᠬᠢᠮ ᠥᠢᠯᠡᠰ ᠲᠤ ᠮᠡᠷᠡᠶᠢᠯᠬᠡᠭᠰᠡᠨ | ᠡᠨᠡᠷᠢᠯ ᠵᠤᠵᠠᠭᠠᠨ ᠡᠵᠢ ᠶᠢᠨ ᠬᠢᠨᠢ | ᠡᠷᠬᠢᠮ ᠠᠴᠢᠯᠠᠯ ᠢ ᠬᠠᠷᠢᠭᠤᠯᠮᠤ᠃ | ᠠᠷᠪᠠ ᠬᠡᠳᠥ ᠶᠢ ᠨᠢ ᠥᠩᠬᠡᠷᠡᠬᠡᠳ | ᠬᠤᠷᠢᠨ ᠨᠠᠰᠤ ᠶᠢ ᠠᠶᠠᠳᠠᠬᠤ ᠳᠤ | ᠠᠯᠢ ᠰᠠᠶᠢᠬᠠᠨ ᠢ ᠡᠮᠥᠰᠥᠬᠦᠯᠥᠨ | ᠠᠯᠳᠠ ᠮᠥᠩᠬᠦ ᠶᠢ ᠡᠳ᠋ᠯᠡᠬᠦᠯᠥᠨ | ᠵᠠᠩ ᠰᠠᠶᠢᠳᠠᠢ ᠶᠠᠪᠤᠭ ᠡ ᠬᠡᠵᠤ | ᠵᠠᠬᠢᠵᠤ ᠤᠯᠠᠨ ᠰᠤᠷᠭᠠᠭᠰᠠᠨ | ᠠᠵᠢᠯ ᠰᠠᠶᠢᠳᠠᠢ ᠪᠤᠯᠤᠭ ᠬᠡᠵᠤ | ᠠᠩᠬᠠᠷᠴᠤ ᠶᠡᠬᠡᠯ᠎ᠡ ᠬᠥᠮᠥᠵᠢᠬᠦᠯᠥᠭᠰᠡᠨ | ᠬᠡᠤᠬᠡᠨ ᠥᠷ᠎ᠡ ᠪᠠᠨ ᠲᠡᠵᠢᠬᠡᠬᠡᠬᠡᠳ | ᠬᠥᠮᠥᠨ ᠤ ᠵᠡᠷᠬᠡ ᠳᠤ ᠬᠥᠷᠬᠡᠬᠡᠳ | ᠬᠥᠨᠳᠥᠳᠥ ᠶᠤᠰᠤᠨ ᠢ ᠲᠠᠭᠠᠭᠤᠯᠤᠨ | ᠬᠥᠷᠬᠡᠨ ᠤ ᠭᠠᠵᠠᠷ ᠮᠤᠷᠳᠠᠭᠤᠯᠬᠤ ᠳᠤ | ᠥᠯᠥᠬᠡᠢ ᠲᠠᠢ ᠠᠴᠠ ᠡᠬᠢᠯᠡᠬᠡᠳ | ᠥᠪᠡᠷ ᠤᠨ ᠬᠡᠮᠡᠨ ᠰᠠᠨᠠᠭᠰᠠᠨ | ᠥᠯᠵᠡᠢ ᠲᠠᠢ ᠴᠠᠭ ᠨᠢ ᠤᠶᠢᠷᠠᠳᠤᠵᠤ | ᠥᠰᠥ ᠶᠢ ᠨᠢ ᠵᠠᠳᠠᠯᠠᠬᠤ ᠪᠤᠯᠤᠭᠰᠠᠨ ᠳᠤ | ᠲᠡᠭᠰᠢ ᠬᠤᠶᠠᠷ ᠴᠢᠬᠢᠨ ᠳᠤᠨᠢ | ᠰᠤᠨᠤᠰᠬᠠᠯ ᠥᠬᠡᠢ ᠨᠢᠭᠤᠨ ᠪᠠᠶᠢᠵᠤ | ᠲᠡᠯᠬᠡᠷᠡᠩᠬᠦᠢ ᠬᠤᠶᠠᠷ ᠨᠢᠳᠤᠨ ᠳᠤᠨᠢ | ᠥᠵᠡᠬᠦᠯᠥᠯ ᠥᠬᠡᠢ ᠲᠠᠯᠳᠠᠯᠤᠨ ᠪᠠᠶᠢᠵᠤ | ᠲᠠᠷᠬᠠᠨ ᠤ ᠰᠠᠶᠢᠨ ᠢ ᠵᠠᠯᠠᠵᠤ | ᠲᠠᠪᠳᠠᠮᠠᠯ ᠮᠥᠩᠬᠦ ᠶᠢ ᠲᠠᠪᠳᠠᠭᠤᠯᠤᠨ | ᠤᠷᠠᠨ ᠤ ᠰᠠᠶᠢᠨ ᠢ ᠵᠠᠯᠠᠵᠤ | ᠤᠭᠠᠯᠵᠠᠨ ᠬᠤᠪᠴᠠᠰᠤ ᠤᠶᠤᠭᠤᠯᠤᠨ | ᠡᠭᠰᠢᠭᠳᠦ ᠲᠠᠭᠤᠤ ᠪᠠᠨ ᠡᠷᠬᠦᠯᠴᠡᠨ | ᠡᠵᠢ ᠠᠪᠤ ᠨᠢ ᠤᠶᠠᠷᠠᠯᠴᠠᠨ | ᠡᠯᠢᠬᠡᠨ ᠰᠠᠳᠤᠨ ᠢ ᠨᠢ ᠴᠤᠭᠯᠠᠭᠤᠯᠤᠨ | ᠡᠩ ᠥᠬᠡᠢ ᠨᠠᠶᠢᠷ ᠢ ᠪᠡᠯᠡᠳᠬᠡᠬᠦ ᠳᠤ | ᠬᠠᠮᠢᠶᠠᠳᠤᠨ ᠰᠠᠳᠤᠨ ᠢ ᠠᠪᠴᠢᠷᠠᠭᠠᠳ | ᠬᠠᠵᠠᠭᠤ ᠲᠠᠯ᠎ᠠ ᠠᠴᠠ ᠨᠢ ᠲᠥᠰᠢᠬᠦᠯᠥᠨ | ᠥᠶ᠎ᠡ ᠶᠢᠨ ᠨᠥᠬᠦᠳ ᠢ ᠨᠢ ᠠᠪᠴᠢᠷᠠᠨ | ᠡᠮᠥᠨ᠎ᠡ ᠬᠤᠶᠢᠨ᠎ᠠ ᠠᠴᠠ ᠨᠢ ᠲᠠᠯᠳᠠᠯᠠᠭᠤᠯᠤᠯᠠᠨ | ᠬᠠᠮᠪᠤ ᠲᠤᠷᠭ᠎ᠠ ᠶᠢ ᠡᠮᠥᠰᠬᠡᠵᠥ | ᠬᠠᠮ ᠲᠡᠷᠬᠡᠨ ᠳᠤ ᠰᠠᠭᠤᠯᠭᠠᠵᠤ | ᠬᠠᠮᠤᠭ ᠰᠠᠳᠤᠨ ᠢᠶᠠᠷ ᠨᠢ ᠬᠥᠷᠢᠶᠡᠯᠡᠬᠦᠯᠵᠥ | ᠬᠠᠷᠢᠯᠠᠭᠰᠠᠨ ᠭᠠᠵᠠᠷ ᠨᠢ ᠬᠥᠷᠬᠡᠭᠰᠡᠨ ᠳᠤ | ᠡᠷᠡᠯᠬᠡᠭ ᠮᠤᠩᠭᠤᠯ ᠤᠨ ᠵᠠᠩᠰᠢᠯ ᠢᠶᠠᠷ | ᠡᠷᠳᠡᠨ ᠤ ᠰᠠᠶᠢᠬᠠᠨ ᠲᠠᠳᠬᠠᠯ ᠢᠶᠠᠷ | ᠡᠴᠢᠬᠡ ᠲᠡᠬᠡᠳᠥᠰ ᠤᠨ ᠥᠶ᠎ᠡ ᠶᠢᠨ | ᠡᠷᠬᠢᠮ ᠠᠷᠢᠭᠤᠨ ᠤᠳᠤᠮᠰᠢᠯ ᠢᠶᠠᠷ | ᠡᠯᠢᠬᠡᠨ ᠬᠠᠶᠢᠷᠠᠳᠤ ᠥᠷ᠎ᠡ ᠶᠢ ᠢᠶᠠᠨ | ᠡᠩᠬᠦᠷᠡᠶᠢᠯᠡᠨ ᠪᠥᠪᠡᠶᠢᠯᠡᠵᠥ ᠥᠰᠬᠡᠭᠰᠡᠨ | ᠡᠨᠡᠷᠢᠯ ᠶᠡᠬᠡᠳᠥ ᠡᠵᠢ ᠲᠠᠨ ᠤ | ᠡᠬᠡ ᠶᠢᠨ ᠴᠠᠭᠠᠨ ᠰᠥ ᠶᠢ ᠬᠠᠷᠢᠭᠤᠯᠬᠤ ᠨᠢ᠄ | ᠠᠯᠳᠠᠨ ᠠᠶᠠᠭᠠᠨ ᠳᠤ ᠮᠡᠯᠮᠡᠯᠵᠡᠬᠦᠯᠥᠭᠰᠡᠨ | ᠠᠩᠬᠢᠷ ᠴᠠᠭᠠᠨ ᠰᠥ | ᠠᠷᠳᠠᠢ ᠲᠤᠷᠭᠠᠨ ᠲᠡᠬᠡᠷ᠎ᠡ | ᠠᠯᠠᠭᠯᠠᠭᠤᠯᠵᠤ ᠨᠡᠬᠡᠬᠡᠭᠰᠡᠨ ᠬᠢᠪᠢᠰ ᠲᠡᠷᠢᠬᠦᠳᠡᠨ ᠢ | ᠤᠶᠠᠬᠠᠨ ᠬᠤᠩᠭᠤᠷ ᠥᠷ᠎ᠡ ᠪᠠᠨ | ᠤᠭᠳᠤᠨ ᠪᠠᠭᠤᠯᠭᠠᠬᠤ ᠶᠢᠨ ᠤᠴᠢᠷ ᠲᠤ | ᠤᠷᠤᠭ ᠬᠤᠳᠠ ᠶᠢᠨ ᠴᠢᠨᠢ ᠭᠠᠵᠠᠷ ᠠᠴᠠ | ᠬᠠᠷᠠᠮᠵᠢ ᠪᠤᠯᠭᠠᠨ ᠲᠡᠪᠰᠢᠬᠦᠯᠵᠥ ᠪᠠᠶᠢᠨ᠎ᠠ᠃ | ᠪᠤᠯᠪᠷᠠᠢ ᠬᠠᠶᠢᠷᠠᠳᠤ ᠥᠷ᠎ᠡ ᠶᠢ ᠪᠠᠨ | ᠪᠤᠭᠴᠢᠯᠠᠨ ᠪᠠᠭᠤᠯᠭᠬᠤ ᠶᠢᠨ ᠤᠴᠢᠷ ᠲᠤ | ᠪᠤᠶᠠᠨ ᠢᠪᠡᠬᠡᠯ ᠲᠡᠬᠦᠰ | ᠪᠤᠭᠤᠷᠤᠯ ᠡᠵᠢ ᠲᠠᠨ ᠳᠤ | ᠬᠠᠷᠢ ᠤᠷᠤᠭ ᠤᠨ ᠴᠢᠨᠢ ᠭᠠᠵᠠᠷ ᠠᠴᠠ | ᠬᠠᠷᠠᠮᠵᠢ ᠪᠤᠯᠭᠠᠨ ᠲᠡᠪᠰᠢᠬᠦᠯᠵᠥ ᠪᠠᠶᠢᠨ᠎ᠠ | ᠬᠠᠮᠤᠭ ᠰᠠᠶᠢᠨ ᠤᠴᠠᠷᠠᠯ ᠪᠥᠷᠢᠯᠳᠥᠨ | ᠬᠠᠮᠳᠤ ᠲᠡᠭᠰᠢᠳᠡ ᠪᠠᠨ ᠵᠢᠷᠭᠠᠬᠤ ᠪᠤᠯᠳᠤᠭᠠᠢ︕ |