| | ᠨᠢᠭᠡ ᠮᠤᠤᠷ᠂ ᠨᠢᠭᠡ ᠨᠤᠬᠠᠢ ᠪᠠᠨ ᠠᠪ ᠠᠳᠠᠯᠢᠬᠠᠨ ᠬᠠᠶᠢᠷᠠᠯᠠᠵᠤ᠂ ᠠᠪ ᠠᠳᠠᠯᠢᠬᠠᠨ ᠬᠤᠭᠤᠯᠠ ᠦᠭᠳᠡᠭ | ᠪᠠᠶᠢᠭᠰᠠᠨ ᠡᠷ᠎ᠡ ᠡᠮ᠎ᠡ ᠬᠤᠶᠠᠭᠤᠯᠠ ᠪᠠᠶᠢᠭᠰᠠᠨ ᠭᠡᠨ᠎ᠡ᠃ ᠲᠡᠳᠡᠨ ᠤ ᠭᠡᠷ ᠳᠤᠲᠤᠷ᠎ᠠ ᠪᠠᠨ ᠨᠢᠭᠡ ᠠᠪᠳᠠᠷ᠎ᠠ ᠲᠠᠢ ᠭᠡᠨ᠎ᠡ | ᠃ ᠠᠪᠳᠠᠷ᠎ᠠ ᠳᠤᠲᠤᠷ᠎ᠠ ᠪᠠᠨ ᠪᠠᠰᠠ ᠨᠢᠭᠡ ᠠᠯᠲᠠᠨ ᠵᠤᠭᠤᠰ ᠲᠠᠢ ᠭᠡᠨ᠎ᠡ᠃ ᠨᠢᠭᠡ ᠰᠦᠨᠢ ᠭᠡᠷ ᠲᠤᠨᠢ ᠬᠤᠯᠠᠭᠠᠶᠢᠴᠢ | ᠤᠷᠤᠵᠤ᠂ ᠠᠯᠲᠠᠨ ᠵᠤᠭᠤᠰ ᠢ ᠨᠢ ᠬᠤᠯᠠᠭᠠᠶᠢᠯᠠᠭᠠᠳ ᠠᠪᠤᠭᠠᠳ ᠶᠠᠪᠤᠴᠢᠬᠠᠭᠰᠠᠨ ᠭᠡᠨ᠎ᠡ᠃ ᠭᠡᠷ ᠤᠨ ᠡᠵᠡᠨ ᠡᠷ᠎ᠡ | ᠡᠮ᠎ᠡ ᠬᠤᠶᠠᠭᠤᠯᠠ ᠠᠯᠲᠠᠨ ᠵᠤᠭᠤᠰ ᠢᠶᠠᠨ ᠭᠡᠭᠡᠭᠡᠳ ᠶᠡᠬᠡᠯ᠎ᠡ ᠰᠠᠨᠠᠭ᠎ᠠ ᠵᠤᠪᠠᠵᠤ᠂ ᠪᠤᠳᠤᠯᠭ᠎ᠠ ᠪᠤᠯᠵᠤ ᠵᠤᠪᠠᠨᠢᠵᠤ | ᠪᠠᠶᠢᠬᠤ ᠶᠢ ᠦᠵᠡᠭᠡᠳ ᠨᠤᠬᠠᠢ ᠨᠢ᠄ ᠮᠤᠤᠷ ᠳᠡᠭᠦᠦ ᠡ︕ ᠡᠵᠡᠨ ᠤ ᠭᠠᠴᠢᠭᠳᠠᠵᠤ ᠪᠠᠶᠢᠬᠤ ᠶᠢ ᠦᠵᠡᠭᠡᠳ ᠪᠢ | ᠲᠤᠰᠠᠯᠠᠶ᠎ᠠ ᠭᠡᠵᠦ ᠪᠤᠳᠤᠵᠤ ᠪᠠᠶᠢᠨ᠎ᠠ᠃ ᠬᠤᠶᠠᠭᠤᠯᠠ ᠭᠤᠤᠯ ᠤᠨ ᠴᠠᠭᠠᠲᠤ ᠠᠶᠢᠯ ᠤᠳ ᠢᠶᠠᠷ ᠡᠵᠡᠨ ᠤ ᠠᠯᠲᠠᠨ | ᠵᠤᠭᠤᠰ ᠢ ᠡᠷᠢᠬᠦ ᠪᠠᠷ ᠶᠠᠪᠤᠶ ᠠ︕ ᠭᠡᠵᠦ ᠵᠦᠪᠯᠡᠭᠰᠡᠨ ᠳᠤ ᠮᠤᠤᠷ᠄ ᠳᠡᠭᠦᠦ ᠪᠢ ᠭᠤᠤᠯ ᠢ ᠶᠠᠭᠠᠬᠢᠵᠤ ᠭᠠᠲᠤᠯᠬᠤ | ᠪᠤᠢ ᠭᠡᠵᠤ ᠠᠰᠠᠭᠤᠵᠠᠢ᠃ ᠠᠬ᠎ᠠ ᠨᠢ ᠪᠢ ᠤᠰᠤ ᠴᠢᠳᠠᠬᠤ ᠶᠤᠮ ᠴᠢᠨᠢ ᠴᠢᠮᠠᠶᠢ ᠨᠢᠷᠤᠭᠤᠨ ᠳᠡᠭᠡᠷ᠎ᠡ ᠪᠠᠨ ᠡᠭᠦᠷᠦᠭᠡᠳ | ᠭᠤᠤᠯ ᠢ ᠭᠠᠲᠤᠯᠴᠢᠬᠠᠶ ᠠ︕ ᠭᠡᠵᠡᠢ᠃ | ᠲᠡᠭᠡᠭᠡᠳ ᠬᠤᠶᠠᠭᠤᠯᠠ ᠭᠤᠤᠯ ᠭᠠᠲᠤᠯᠤᠨ ᠠᠶᠢᠯ ᠳᠤ ᠬᠦᠷᠴᠦ᠂ ᠦᠯᠦᠰᠪᠡᠯ ᠦᠨᠡᠰᠦ ᠬᠤᠭ ᠤᠨ | ᠤᠪᠤᠭᠠᠨ ᠠᠴᠠ ᠶᠠᠭᠤᠮ᠎ᠠ ᠡᠷᠢᠵᠦ ᠢᠳᠡᠬᠦ ᠪᠤᠶᠤ ᠪᠠᠭ᠎ᠠ ᠰᠠᠭ᠎ᠠ ᠪᠤᠯᠵᠤᠮᠤᠷ ᠰᠢᠪᠠᠭᠤ ᠪᠠᠷᠢᠵᠤ ᠭᠡᠳᠡᠰᠦ ᠪᠠᠨ ᠲᠡᠵᠢᠭᠡᠨ | ᠂ ᠭᠡᠷ ᠪᠤᠯᠭᠠᠨ ᠤ ᠭᠠᠳᠠᠨ᠎ᠠ ᠵᠤᠭᠤᠭ ᠴᠢᠩᠨᠠᠵᠤ ᠨᠡᠯᠢᠶᠡᠳ ᠡᠳᠦᠷ ᠪᠤᠯᠵᠤ ᠪᠠᠶᠢᠲᠠᠯ᠎ᠠ ᠨᠢᠭᠡ ᠰᠦᠨᠢ ᠨᠢᠭᠡ ᠭᠡᠷ ᠤᠨ | ᠡᠷ᠎ᠡ ᠡᠮ᠎ᠡ ᠬᠤᠶᠠᠭᠤᠯᠠ ᠬᠤᠭᠤᠷᠤᠨᠳᠤ ᠪᠠᠨ᠄ ︽ᠤᠳᠤ ᠴᠦ ᠪᠢᠳᠡ ᠡᠨᠡ ᠠᠯᠲᠠᠨ ᠵᠤᠭᠤᠰ ᠢᠶᠠᠷ ᠪᠠᠶᠠᠵᠢᠭᠰᠠᠨ︕︾ | ᠭᠡᠵᠦ ᠪᠠᠶᠠᠷᠯᠠᠵᠤ ᠪᠠᠶᠢᠬᠤ ᠶᠢ ᠴᠢᠩᠨᠠᠵᠤ ᠰᠤᠨᠤᠰᠤᠭᠰᠠᠨ ᠭᠡᠨ᠎ᠡ᠃ ᠲᠡᠭᠡᠭᠡᠳ ᠮᠤᠤᠷ ᠨᠤᠬᠠᠢ ᠬᠤᠶᠠᠭᠤᠯᠠ᠄ ︽ | ᠡᠵᠡᠨ ᠤ ᠮᠢᠨᠢ ᠠᠯᠲᠠᠨ ᠵᠤᠭᠤᠰ ᠡᠳᠡᠨᠡᠶᠢᠬᠢᠨ ᠳᠤ ᠪᠠᠶᠢᠨ᠎ᠠ᠃ ᠶᠠᠭᠠᠬᠢᠵᠤ ᠵᠤᠭᠤᠰ ᠢᠶᠠᠨ ᠠᠪᠴᠤ ᠭᠠᠷᠭᠠᠬᠤ ᠪᠤᠢ︖ | ︾ ᠭᠡᠳ ᠠᠷᠭ᠎ᠠ ᠦᠭᠡᠶᠢᠲᠡᠨ ᠰᠠᠭᠤᠵᠤ ᠪᠠᠶᠢᠲᠠᠯ᠎ᠠ ᠡᠨᠡ ᠭᠡᠷ ᠲᠤ ᠡᠭᠦᠷᠯᠡᠭᠰᠡᠨ ᠬᠤᠯᠤᠭᠠᠨ᠎ᠠ ᠨᠢ ᠪᠤᠯᠳᠡᠶᠢᠰᠬᠢᠨ ᠬᠢᠨ | ᠡᠭᠦᠷ ᠠᠴᠠ ᠪᠠᠨ ᠭᠠᠷᠤᠭᠠᠳ ᠢᠷᠡᠬᠦ ᠬᠠᠷᠠᠭᠳᠠᠭᠰᠠᠨ ᠭᠡᠨ᠎ᠡ᠃ ᠡᠭᠦᠨ ᠢ ᠦᠵᠡᠭᠡᠳ ᠮᠤᠤᠷ ᠱᠠᠯᠠᠪᠳᠡᠨ ᠦᠰᠦᠷᠴᠦ | ᠤᠴᠢᠭᠠᠳ ᠪᠠᠷᠢᠭᠠᠳ ᠠᠪᠤᠭᠰᠠᠨ ᠭᠡᠨ᠎ᠡ᠃ ᠮᠤᠤᠷ ᠲᠡᠭᠡᠭᠡᠳ᠄ ᠬᠤᠯᠤᠭᠠᠨ᠎ᠠ ᠴᠢ ᠡᠨᠡ ᠭᠡᠷ ᠤᠨ ᠡᠵᠡᠨ ᠤ | ᠬᠤᠯᠠᠭᠠᠶᠢᠯᠠᠵᠤ ᠠᠪᠴᠢᠷᠠᠭᠰᠠᠨ ᠠᠯᠲᠠᠨ ᠵᠤᠭᠤᠰ ᠢ ᠠᠪᠴᠢᠷᠠᠵᠤ ᠲᠤᠰᠢᠶᠠᠪᠠᠯ ᠪᠢ ᠴᠢᠮᠠᠶᠢ ᠢᠳᠡᠬᠦ ᠦᠭᠡᠢ ᠲᠠᠯᠪᠢᠶ ᠠ | ᠭᠡᠰᠡᠨ ᠳᠤ ᠬᠤᠯᠤᠭᠠᠨ᠎ᠠ᠄ ᠠᠮᠢ ᠶᠢ ᠮᠢᠨᠢ ᠦᠷᠦᠰᠢᠶᠡᠪᠡᠯ ᠪᠢ ᠲᠠᠨ ᠳᠤ ᠠᠯᠲᠠᠨ ᠵᠤᠭᠤᠰ ᠢ ᠴᠢᠨᠢ ᠤᠯᠵᠤ ᠦᠭᠭᠦᠶ ᠡ | ᠭᠡᠵᠡᠢ᠃ | ᠬᠤᠯᠤᠭᠠᠨ᠎ᠠ ᠲᠡᠭᠡᠭᠡᠳ ᠭᠡᠷ ᠤᠨ ᠡᠵᠡᠨ ᠤ ᠪᠠᠨ ᠬᠤᠶᠠᠷ ᠳᠠᠪᠬᠤᠷ ᠠᠪᠳᠠᠷ᠎ᠠ ᠶᠢ ᠮᠡᠷᠡᠭᠰᠡᠭᠡᠷ ᠮᠡᠷᠡᠭᠰᠡᠭᠡᠷ | ᠴᠤᠭᠤᠯᠵᠤ᠂ ᠠᠯᠲᠠᠨ ᠵᠤᠭᠤᠰ ᠢ ᠨᠢ ᠠᠮᠠᠨ ᠳᠠᠭᠠᠨ ᠵᠠᠭᠤᠭᠰᠠᠭᠠᠷ ᠠᠪᠴᠢᠷᠠᠵᠤ ᠦᠭᠭᠦᠭᠰᠡᠨ ᠳᠤ ᠮᠤᠤᠷ ᠠᠮᠠᠨ ᠳᠠᠭᠠᠨ | ᠠᠪᠴᠤ ᠡᠮᠬᠦᠭᠡᠳ ᠨᠤᠬᠠᠢ ᠠᠬ᠎ᠠ ᠪᠠᠨ ᠤᠨᠤᠵᠤ᠂ ᠭᠤᠤᠯ ᠭᠠᠲᠤᠯᠪᠠ᠃ ᠨᠤᠬᠠᠢ ᠮᠤᠤᠷ ᠢᠶᠠᠨ ᠡᠭᠦᠷᠴᠦ ᠭᠡᠷ ᠲᠡᠭᠡᠨ | ᠱᠤᠩᠰᠢᠭᠰᠠᠭᠠᠷ ᠬᠠᠷᠢᠭᠰᠠᠨ ᠳᠤ ᠮᠤᠤᠷ ᠦᠰᠦᠷᠦᠨ ᠪᠠᠭᠤᠭᠠᠳ ᠴᠤᠩᠬᠤᠨ ᠤ ᠬᠠᠵᠠᠭᠤ ᠶᠢᠨ ᠨᠦᠬᠡ ᠪᠠᠷ ᠢᠶᠠᠨ | ᠤᠷᠤᠵᠤ᠂ ᠠᠮᠠᠨ ᠳᠠᠭᠠᠨ ᠵᠠᠭᠤᠵᠤ ᠪᠠᠶᠢᠭᠰᠠᠨ ᠠᠯᠲᠠᠨ ᠵᠤᠭᠤᠰ ᠢᠶᠠᠨ ᠡᠵᠡᠨ ᠳᠡᠭᠡᠨ ᠭᠠᠷᠭᠠᠨ ᠦᠭᠭᠦᠭᠰᠡᠨ ᠭᠡᠨ᠎ᠡ᠃ | ᠡᠵᠡᠨ ᠨᠢ ᠦᠵᠡᠭᠡᠳ ᠰᠦᠷᠬᠡᠢ ᠪᠠᠶᠠᠷᠯᠠᠵᠤ᠄ ᠥ᠂ ᠬᠦᠭᠡᠷᠦᠬᠦᠢ ᠮᠤᠤᠷ ᠮᠢᠨᠢ︕ ᠢᠩᠭᠢᠲᠡᠯ᠎ᠡ ᠡᠴᠡᠵᠦ ᠲᠤᠷᠠᠨ᠂ | ᠡᠴᠢᠨᠡᠨ ᠡᠳᠦᠷ ᠬᠠᠷᠠᠭᠳᠠᠬᠤ ᠦᠭᠡᠢ ᠪᠠᠶᠢᠭᠰᠠᠨ ᠴᠢᠨᠢ ᠠᠯᠲᠠᠨ ᠵᠤᠭᠤᠰ ᠢ ᠮᠢᠨᠢ ᠡᠷᠢᠬᠦ ᠪᠠᠷ ᠶᠠᠪᠤᠭᠰᠠᠨ ᠶᠤᠮ | ᠪᠠᠶᠢᠨ᠎ᠠ ᠰᠢᠤ︕ ᠭᠡᠵᠦ ᠦᠬᠦᠭᠡᠷᠳᠦᠨ ᠲᠡᠪᠡᠷᠢᠭᠡᠳ ᠠᠮᠲᠠᠲᠤ ᠬᠤᠭᠤᠯᠠ ᠬᠢᠵᠦ᠂ ᠬᠠᠮᠲᠤ ᠢᠳᠡᠵᠡᠭᠡᠭᠰᠡᠨ ᠭᠡᠨ᠎ᠡ᠃ | ᠬᠤᠭᠤᠯᠠ ᠪᠠᠨ ᠢᠳᠡᠵᠦ ᠪᠠᠷᠠᠭᠠᠳ ᠭᠠᠷᠴᠤ ᠢᠷᠡᠬᠦ ᠳᠤ ᠨᠤᠬᠠᠢ ᠨᠢ ᠴᠦ ᠶᠠᠰᠤᠨ ᠬᠡᠯᠬᠢᠶ᠎ᠡ ᠪᠤᠯᠴᠢᠬᠠᠭᠰᠠᠨ | ᠡᠭᠦᠳᠡᠨ ᠳᠤᠨᠢ ᠬᠡᠪᠲᠡᠵᠦ ᠪᠠᠶᠢᠭᠰᠠᠨ ᠳᠤ ᠡᠵᠡᠨ ᠨᠢ᠄ ᠡᠨᠡ ᠮᠠᠭᠤ ᠭᠤᠷᠠᠩᠬᠤᠲᠤᠡᠡᠰᠡᠨ ᠨᠤᠬᠠᠢ︕ ᠡᠴᠢᠨᠡᠨ ᠡᠳᠦᠷ | ᠬᠠᠮᠢᠭᠠᠭᠤᠷ ᠳᠡᠩᠰᠢᠵᠤ ᠲᠤᠭᠤᠷᠢᠪᠠ︖ ᠠᠯᠲᠠᠨ ᠵᠤᠭᠤᠰ ᠢ ᠮᠢᠨᠢ ᠤᠯᠵᠤ ᠢᠷᠡᠭᠰᠡᠨ ᠮᠤᠤᠷ ᠤᠨ ᠬᠠᠵᠠᠭᠤ ᠳᠤ | ᠬᠡᠷᠡᠭ ᠦᠭᠡᠢ ︽ᠢᠳᠡᠭᠦᠷ ᠤᠨ ᠰᠠᠪᠠ︾ ᠯᠠ ᠪᠠᠶᠢᠨ᠎ᠠ ᠭᠡᠵᠦ ᠬᠦᠴᠦᠲᠡᠢ ᠢᠰᠭᠦᠯᠦᠨ ᠠᠭᠠᠭ ᠬᠢᠵᠦ ᠢᠳᠡᠭᠦᠯᠦᠭᠰᠡᠨ | ᠭᠡᠨ᠎ᠡ᠃ | ᠡᠨᠡ ᠡᠳᠦᠷ ᠠᠴᠠ ᠰᠡᠭᠦᠯᠡᠷ ᠡᠵᠡᠨ ᠨᠢ ᠠᠯᠲᠠᠨ ᠵᠤᠭᠤᠰ ᠢ ᠪᠤᠴᠠᠭᠠᠨ ᠠᠪᠴᠢᠷᠠᠭᠰᠠᠨ ᠪᠦᠬᠦ ᠭᠠᠪᠢᠶ᠎ᠠ ᠶᠢ | ᠮᠤᠤᠷ ᠤᠨ ᠬᠢ ᠭᠡᠵᠦ ᠠᠳᠡᠭᠦᠷᠡᠭᠡᠳ ᠮᠤᠤᠷ ᠲᠤ ᠳᠠᠩᠳᠠ ᠰᠠᠶᠢᠨ ᠬᠤᠭᠤᠯᠠ ᠢᠳᠡᠭᠦᠯᠵᠦ᠂ ᠨᠤᠬᠠᠢ ᠳᠤ ᠳᠠᠩᠳᠠ | ᠦᠪᠡᠷᠰᠡᠳ ᠤᠨ ᠪᠠ ᠮᠤᠤᠷ ᠤᠨ ᠢᠳᠡᠬᠦ ᠦᠭᠡᠢ ᠬᠠᠶᠠᠳᠠᠭ ᠠᠭᠠᠭ ᠤᠭᠢᠶᠠᠳᠠᠰᠤ ᠦᠭᠴᠦ ᠬᠤᠭᠤᠯᠠᠯᠠᠳᠠᠭ | ᠪᠤᠯᠤᠭᠰᠠᠨ ᠭᠡᠨ᠎ᠡ᠃ ᠲᠡᠭᠡᠭᠡᠳ ᠨᠤᠬᠠᠢ ᠨᠢ ᠮᠤᠤᠷ ᠲᠠᠭᠠᠨ ︽ᠪᠦᠬᠦ ᠭᠠᠪᠢᠶ᠎ᠠ ᠶᠢ ᠦᠪᠡᠷ ᠤᠨ ᠬᠢ ᠪᠠᠨ ᠪᠤᠯᠭᠠᠴᠢᠬᠠᠯ | ᠠ︾ ᠭᠡᠵᠦ ᠮᠠᠭᠤ ᠰᠠᠨᠠᠵᠤ᠂ ᠮᠤᠤᠷ ᠴᠦ ᠠᠮᠠᠨ ᠠᠴᠠ ᠪᠠᠨ ᠠᠯᠲᠠᠨ ᠵᠤᠭᠤᠰ ᠢ ᠭᠠᠷᠭᠠᠨ ᠦᠭᠭᠦᠭᠰᠡᠨ ᠠᠴᠠ ᠦᠷ᠎ᠡ | ᠳ᠋ᠦᠩ ᠢ ᠯᠠ ᠦᠵᠡᠭᠡᠳ ᠶᠠᠪᠤᠴᠠ ᠶᠢ ᠠᠩᠬᠠᠷᠤᠭᠰᠠᠨ ᠦᠭᠡᠢ ᠡᠵᠡᠨ ᠤ ᠬᠢᠨᠢ ᠬᠠᠯᠠᠭᠤᠦ ᠶᠢᠨ ᠤᠷᠰᠢᠭ ᠢᠶᠠᠷ ᠮᠤᠤᠷ | ᠲᠤ ᠪᠦᠬᠦ ᠰᠠᠶᠢᠨ ᠢ ᠲᠡᠮᠳᠡᠭᠯᠡᠵᠦ ᠦᠭᠭᠦᠭᠰᠡᠨ ᠠᠴᠠ ᠮᠤᠤᠷ ᠪᠠ ᠨᠤᠬᠠᠢ ᠶᠢᠨ ᠢᠳᠡᠰᠢ ᠶᠢ ᠠᠳᠠᠯᠢ ᠦᠭᠡᠢ | ᠪᠤᠯᠭᠠᠭᠰᠠᠨ ᠭᠡᠨ᠎ᠡ᠃ ᠢᠩᠭᠢᠭᠡᠳ ᠡᠵᠡᠨ ᠤ ᠪᠠᠨ ᠠᠳᠡᠭᠦᠷᠡᠯ ᠢᠶᠠᠷ ᠨᠤᠬᠠᠢ ᠮᠤᠤᠷ ᠬᠤᠶᠠᠭᠤᠯᠠ ᠤᠤᠯ ᠤᠨ ᠢᠶᠠᠨ | ᠰᠢᠭ᠋ ᠲᠠᠭᠠᠷᠠᠬᠤ ᠪᠠᠨ ᠪᠤᠯᠢᠵᠦ᠂ ᠨᠢᠭᠡᠨ ᠨᠢᠭᠡᠨ ᠢᠶᠠᠨ ᠦᠵᠡᠨ ᠶᠠᠳᠠᠵᠤ ᠦᠰᠢᠶ᠎ᠠ ᠲᠠᠢ ᠪᠤᠯᠤᠭᠰᠠᠨ ᠭᠡᠨ᠎ᠡ᠃ | | |