ᠲᠡᠮᠡᠭᠡᠨ ᠤ ᠬᠦᠳᠡᠯᠦᠯ ᠤᠶᠢᠯᠡ ᠶᠢᠨ ᠨᠡᠷᠡᠰᠢᠯ ᠲᠠᠭᠤᠳᠠᠯᠭ᠎ᠠ
ᠨᠡᠶᠢᠲᠡᠯᠡᠭᠰᠡᠨ ᠴᠠᠭ᠄
2019/5/20
 ᠲᠡᠮᠡᠭᠡᠨ ᠤ ᠬᠦᠳᠡᠯᠦᠯ ᠤᠶᠢᠯᠡ ᠶᠢᠨ ᠤᠯᠠᠨ ᠬᠡᠯᠪᠡᠷᠢᠳᠦ ᠦᠵᠡᠭᠳᠡᠯ ᠳᠤᠨᠢ ᠲᠤᠬᠢᠷᠠᠭᠤᠯᠵᠦ᠂ ᠮᠠᠯᠴᠢᠳ ᠤᠷᠳᠤ ᠤᠳᠠᠭᠠᠨ ᠬᠤᠭᠤᠴᠠᠭᠠᠨ ᠤ ᠮᠠᠯᠵᠢᠯ ᠤᠶᠢᠯᠡᠳᠪᠦᠷᠢᠯᠡᠯ ᠤᠨ ᠲᠤᠮᠳᠠ ᠪᠠᠨ ᠲᠤᠰ ᠲᠤᠰ ᠲᠤᠨᠢ ᠨᠡᠷᠡᠰᠢᠬᠦᠯᠦᠨ ᠲᠠᠭᠤᠳᠠᠳᠠᠭ ᠪᠢᠯᠡ᠃ ᠲᠡᠮᠡᠭᠡᠨ ᠤ ᠬᠦᠳᠡᠯᠦᠯ ᠤᠶᠢᠯᠡ ᠶᠢ ᠶᠡᠬᠡᠩᠬᠢ ᠳᠤ ᠴᠡᠭᠯᠡᠭᠡᠳᠡᠬᠦ᠂ ᠭᠡᠪᠳᠡᠬᠦ᠂ ᠦᠨᠳᠡᠶᠢᠬᠦ᠂ ᠦᠨᠳᠡᠯᠵᠡᠬᠦ᠂ ᠪᠤᠰᠬᠤ᠂ ᠶᠠᠪᠤᠬᠤ᠂ ᠰᠦᠭᠦᠳᠬᠦ᠂ ᠬᠦᠯᠪᠡᠷᠢᠬᠦ᠂ ᠲᠠᠷᠠᠶᠢᠬᠤ᠂ ᠲᠡᠶᠢᠷᠬᠦ᠂ ᠴᠠᠪᠴᠢᠬᠤ᠂ ᠬᠠᠶᠢᠷᠬᠤ᠂ ᠴᠠᠮᠤᠷᠠᠬᠤ᠂ ᠰᠡᠭᠰᠦᠷᠬᠦ᠂ ᠲᠠᠮᠠᠷᠤᠳᠠᠬᠤ᠂ ᠴᠤᠩᠨᠦ᠋ᠢᠬᠤ᠂ ᠰᠢᠯᠭᠡᠭᠡᠬᠦ᠂ ᠦᠷᠬᠦᠬᠦ᠂ ᠤᠷᠭᠤᠮᠳᠠᠬᠤ᠂ ᠲᠦᠢᠯᠬᠤ᠂ ᠪᠤᠶᠢᠯᠠᠬᠤ᠂ ᠭᠤᠩᠬᠢᠨᠠᠬᠤ᠂ ᠪᠠᠷᠬᠢᠷᠠᠬᠤ᠂ ᠰᠡᠪᠡᠰᠦᠯᠡᠬᠦ ᠬᠡᠬᠦ ᠮᠡᠳᠦ ᠪᠠᠷ ᠢᠯᠭᠠᠪᠤᠷᠢᠯᠠᠨ ᠶᠠᠷᠢᠳᠠᠭ᠃ ᠴᠡᠭᠯᠡᠭᠡᠳᠡᠬᠦ — ᠪᠤᠳᠤᠭᠤ ᠶᠡᠷᠦ ᠨᠢ ᠡᠬᠡ ᠠᠴᠠ ᠪᠠᠨ ᠭᠠᠷᠤᠮᠠᠭᠴᠠ ᠨᠠᠯᠠᠵᠦ ᠤᠨᠠᠳᠠᠭ᠃ ᠰᠠᠶ᠋ᠢ ᠭᠠᠷᠤᠭᠰᠠᠨ ᠪᠤᠳᠤᠭᠤ ᠲᠦᠷᠪᠡᠨ ᠮᠦᠴᠢ ᠪᠠᠨ ᠡᠪᠯᠡᠨ ᠨᠡᠯᠢᠶᠡᠳ ᠵᠦᠳᠡᠵᠦ ᠪᠠᠶᠢᠮᠠᠨ ᠪᠡᠶ᠎ᠡ ᠶᠢᠨ ᠢᠶᠠᠨ ᠲᠡᠩᠴᠡᠬᠦᠷᠢ ᠶᠢ ᠤᠯᠵᠦ ᠬᠦᠯ ᠢᠶᠠᠨ ᠨᠤᠭᠤᠯᠤᠨ ᠬᠡᠪᠳᠡᠳᠡᠭ᠃ ᠡᠬᠦᠨ ᠢ ᠴᠡᠭᠯᠡᠭᠡᠳᠡᠬᠦ ᠬᠡᠨ᠎ᠡ᠃ ᠪᠠᠰᠠ ᠲᠠᠷᠭᠤ ᠬᠦᠴᠦ ᠪᠠᠷ ᠠᠨᠠᠢ ᠪᠤᠶᠤ ᠪᠤᠰᠤᠳ ᠰᠢᠯᠳᠠᠭᠠᠨ ᠠᠴᠠ ᠪᠤᠯᠵᠦ ᠪᠡᠶ᠎ᠡ ᠪᠠᠨ ᠲᠦᠩᠭᠡᠵᠢ ᠲᠠᠭᠠᠭᠠᠨ ᠲᠦᠷᠪᠡᠨ ᠮᠦᠴᠢ ᠪᠠᠨ ᠨᠤᠭᠤᠯᠤᠨ ᠬᠡᠪᠳᠡᠬᠦ ᠶᠢ ᠴᠤ ᠴᠡᠭᠯᠡᠭᠡᠳᠡᠬᠦ ᠬᠡᠳᠡᠭ᠃ ᠬᠡᠪᠳᠡᠬᠦ — ᠲᠡᠮᠡᠭᠡᠨ ᠤ ᠲᠦᠷᠪᠡᠨ ᠮᠦᠴᠢ ᠪᠠᠨ ᠨᠤᠭᠤᠯᠤᠨ ᠲᠤᠤᠷ᠎ᠠ ᠪᠠᠨ ᠬᠤᠮᠢᠵᠦ ᠪᠡᠶ᠎ᠡ ᠪᠠᠨ ᠲᠡᠩᠴᠡᠬᠦᠯᠦᠨ ᠬᠡᠪᠳᠡᠬᠦ ᠶᠢ ᠬᠡᠯᠡᠳᠡᠭ᠃ ᠬᠡᠪᠳᠡᠬᠦ ᠳᠤ ᠪᠠᠰᠠ ᠬᠠᠪᠢᠷᠭᠠᠯᠠᠨ ᠬᠡᠪᠳᠡᠬᠦ᠂ ᠴᠤᠮᠴᠦ᠋ᠢᠵᠦ ᠬᠡᠪᠳᠡᠬᠦ ᠬᠡᠵᠦ ᠪᠠᠶᠢᠳᠠᠭ᠃ ᠦᠨᠳᠡᠶᠢᠬᠦ — ᠲᠡᠮᠡᠭᠡ ᠬᠡᠪᠳᠡᠷᠢ ᠠᠴᠠ ᠪᠠᠨ ᠪᠤᠰᠬᠤ ᠦᠶ᠎ᠡ ᠳᠤ ᠵᠠᠪᠠᠯ ᠬᠤᠶᠢᠳᠦ ᠬᠤᠶᠠᠷ ᠬᠦᠯ ᠢᠶᠠᠨ ᠤᠷᠢᠳᠴᠢᠯᠠᠨ ᠲᠡᠨ᠋ᠶᠢᠯᠬᠡᠵᠦ ᠲᠤᠯᠤᠭᠠᠳ᠂ ᠲᠠᠬᠢᠨ ᠡᠮᠦᠨ᠎ᠡ ᠬᠤᠶᠠᠷ ᠬᠦᠯ ᠢᠶᠠᠨ ᠲᠡᠨ᠋ᠶᠢᠯᠬᠡᠨ ᠲᠤᠯᠵᠦ ᠪᠤᠰᠳᠠᠭ᠃ ᠶᠠᠭ ᠬᠤᠶᠢᠳᠦ ᠬᠤᠶᠠᠷ ᠬᠦᠯ ᠢᠶᠠᠨ ᠲᠡᠨ᠋ᠶᠢᠯᠬᠡᠨ ᠲᠤᠯᠵᠦ᠂ ᠡᠮᠦᠨ᠎ᠡ ᠬᠤᠶᠠᠷ ᠬᠦᠯ ᠢᠶᠠᠨ ᠲᠡᠨ᠋ᠶᠢᠯᠬᠡᠵᠦ ᠠᠮᠵᠢᠭᠠᠳᠤᠢ ᠦᠶ᠎ᠡ ᠶᠢ ᠦᠨᠳᠡᠶᠢᠨ᠎ᠡ ᠬᠡᠳᠡᠭ᠃ ᠦᠨᠳᠡᠯᠵᠡᠬᠦ — ᠬᠡᠪᠳᠡᠭᠡ ᠲᠡᠮᠡᠭᠡ ᠲᠦᠷᠪᠡᠨ ᠮᠦᠴᠢ ᠪᠠᠨ ᠨᠤᠭᠤᠯᠤᠭ᠎ᠠ ᠲᠠᠢ ᠶᠤᠰᠤᠭᠠᠷ ᠢᠶᠠᠨ ᠪᠡᠶ᠎ᠡ ᠪᠠᠨ ᠲᠤᠯᠤᠨ ᠭᠠᠵᠠᠷ ᠠᠴᠠ ᠪᠠᠶᠢᠨ ᠲᠠᠬᠢᠨ ᠬᠡᠶᠢᠷᠡᠬᠦᠯᠬᠦ ᠶᠢ ᠦᠨᠳᠡᠯᠵᠡᠬᠦ ᠬᠡᠨ᠎ᠡ᠃ ᠪᠤᠰᠬᠤ — ᠬᠡᠪᠳᠡᠭᠡ ᠲᠡᠮᠡᠭᠡ ᠦᠨᠳᠡᠶᠢᠨ ᠵᠢᠳᠬᠦᠵᠦ᠂ ᠲᠦᠷᠪᠡᠨ ᠮᠦᠴᠢ ᠪᠠᠨ ᠪᠦᠷᠢᠨ ᠲᠡᠨ᠋ᠶᠢᠯᠬᠡᠵᠦ᠂ ᠪᠡᠶ᠎ᠡ ᠪᠠᠨ ᠲᠡᠩᠴᠡᠬᠦᠷᠡᠬᠦᠯᠦᠨ ᠵᠤᠭᠰᠤᠬᠤ ᠬᠦᠷᠳᠡᠯᠡᠬᠢ ᠶᠠᠪᠤᠴᠠ ᠶᠢ ᠬᠡᠯᠡᠨ᠎ᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号