| | 1. ᠠᠶᠢᠰᠠᠢ — ︽ᠨᠢᠭᠤᠴᠠ ᠲᠤᠪᠴᠢᠶᠠᠨ︾ ᠳᠤ ᠡᠭᠡᠭᠡ ᠲᠤᠬᠢᠶᠠᠯᠳᠤᠬᠤ ᠪᠠᠷ ᠥᠯᠥ ᠪᠠᠷᠠᠮ ᠪᠤᠰᠤᠳ | ᠡᠷᠳᠡᠨ ᠤ ᠮᠤᠩᠭᠤᠯ ᠵᠤᠬᠢᠶᠠᠯ ᠪᠢᠴᠢᠭ ᠲᠤ ᠴᠤ ᠥᠵᠡᠭᠳᠡᠳᠡᠭ ᠠᠯᠠᠱᠠᠴᠤᠳ ᠨᠠᠰᠢ ᠶᠠᠪᠤᠵᠤ ᠪᠠᠶᠢᠬᠤ ᠶᠢ ᠠᠶᠢᠰᠤᠢ | ᠭᠡᠬᠦ ᠤᠳᠬ᠎ᠠ ᠪᠠᠷ ᠤᠯᠠᠨ ᠭᠡᠷᠡᠭᠯᠡᠨ᠎ᠠ᠃ ᠭᠡᠬᠦ ᠳᠡᠭᠡᠨ ᠨᠥᠬᠦᠴᠡᠯ ᠤᠢᠢᠯᠡ ᠶᠢᠨ ᠲᠠᠭᠠᠪᠤᠷᠢ ᠲᠠᠢ ᠶᠠᠷᠢᠬᠤ ᠨᠢ ᠠᠷᠪᠢᠨ᠃ | ᠵᠢᠱᠢᠶᠡᠯᠡᠪᠡᠯ᠄ ᠲᠡᠷᠡ ᠠᠶᠢᠰᠢᠵᠤ ᠪᠠᠶᠢᠨ᠎ᠠ᠃ ᠲᠡᠷᠡ ᠠᠰᠢᠨ᠎ᠠ᠃ | 2. ᠥᠯᠳᠤ — ︽ᠨᠢᠭᠤᠴᠠ ᠲᠤᠪᠴᠢᠶᠠᠨ︾ ᠳᠤ ᠢᠯᠳᠤ ᠶᠢ ᠭᠡᠯᠡᠨ᠎ᠠ᠃ ᠠᠯᠠᠱᠠ ᠠᠮᠠᠨ ᠠᠶᠠᠯᠠᠭᠤᠨ ᠳᠤ | ᠢᠯᠳᠤ ᠶᠢ ᠡᠳᠤᠭᠡ ᠪᠤᠯᠳᠠᠯ᠎ᠠ ︽ᠥᠯᠳᠤ︾ ᠭᠡᠵᠤ ᠭᠡᠯᠡᠳᠡᠭ ᠪᠠᠶᠢᠨ᠎ᠠ᠃ | 3. ᠮᠠᠩᠭᠤᠳ — ᠮᠤᠩᠭᠤᠯ ᠤᠨ ᠡᠷᠳᠡᠨ ᠤ ᠪᠢᠴᠢᠭ ᠵᠤᠬᠢᠶᠠᠯ ᠳᠤ ᠬᠠᠷᠠᠬᠳᠠᠳᠠᠬ ᠨᠢᠭᠡᠨ ᠠᠶᠢᠮᠠᠬ ᠤᠬᠰᠠᠭ᠎ᠠ ᠶᠢᠨ | ᠨᠡᠷ᠎ᠠ ᠪᠤᠯᠠᠢ᠃ ᠮᠠᠩᠭᠤᠳ ᠭᠡᠬᠦ ᠨᠢ ᠤᠳᠤ ᠪᠤᠯᠳᠠᠯ᠎ᠠ ᠠᠯᠠᠱᠠ ᠶᠢᠨ ᠨᠢᠭᠡ ᠪᠥᠯᠥᠭ ᠬᠥᠮᠤᠰ ᠤᠨ ᠤᠪᠤᠬ | ᠪᠤᠯᠤᠬᠰᠠᠭᠠᠷ᠃ | 4. ᠲᠠᠯᠳᠠᠢ — ︽ᠵᠢᠩᠭᠠᠷ︾ ᠲᠤ ᠡᠮᠡᠭᠡᠯ ᠤᠨ ᠬᠠᠮᠤᠬ ᠤᠨ ᠲᠤᠤᠷ᠎ᠠ ᠨᠢ ᠲᠡᠪᠢᠰᠳᠡᠭ ᠶᠠᠭᠤᠮ᠎ᠠ ᠶᠢ ᠵᠢᠭᠠᠬᠤ ᠳᠤ | ᠯᠠᠱᠠᠴᠤᠳ ᠡᠮᠡᠭᠡᠯ ᠲᠤᠬᠤᠮ ᠤᠨ ᠲᠤᠤᠷᠠᠬᠢ ᠢᠰᠢᠭᠡᠢ ᠶᠢ ᠲᠠᠯᠳᠢ ᠭᠡᠵᠤ ᠨᠡᠶᠢᠳᠡᠮ ᠭᠡᠯᠡᠨ᠎ᠠ᠃ | 5. ᠠᠰᠬᠠᠨ — ︽ᠮᠤᠩᠭᠤᠯ ᠤᠨ ᠤᠪᠠᠰᠢ ᠬᠤᠨᠭ᠌ ᠲᠠᠶᠢᠵᠢ ᠶᠢᠨ ᠲᠤᠭᠤᠵᠢ︾ ᠳᠤ ᠪᠥᠷᠤᠢ ᠶᠢ ᠭᠡᠯᠡᠳᠡᠭ ᠨᠢ | ᠡᠳᠤᠭᠡ ᠶᠢᠨ ᠠᠯᠠᠱᠠ ᠠᠮᠠᠨ ᠠᠶᠠᠯᠠᠭᠤᠨ ᠳᠠᠬᠢ ᠠᠩᠬᠠᠨ ᠭᠡᠬᠦ ᠶᠢᠨ ᠤᠳᠬ᠎ᠠ ᠯᠤᠭ᠎ᠠ ᠠᠳᠠᠯᠢ ᠪᠠᠶᠢᠳᠠᠬ᠃ | 6. ᠥᠷᠤᠨ — ︽ᠮᠤᠩᠭᠤᠯ ᠤᠨ ᠤᠪᠠᠰᠢ ᠬᠤᠨᠭ᠌ ᠲᠠᠶᠢᠵᠢ ᠶᠢᠨ ᠲᠤᠭᠤᠵᠢ︾ ᠳᠤ ᠥᠷᠯᠤᠭᠡ ᠭᠡᠰᠡᠨ | ᠤᠳᠬ᠎ᠠ ᠲᠠᠢ ᠪᠥᠭᠡᠳ ᠠᠯᠠᠱᠠ ᠳᠤ ᠴᠤ ᠠᠳᠠᠯᠢ ᠤᠳᠬ᠎ᠠ ᠪᠠᠷ ᠭᠡᠷᠡᠭᠯᠡᠳᠡᠭ᠃ | 7. ᠬᠤᠰ — ︽ᠤᠪᠠᠰᠢ ᠬᠤᠨᠭ᠌ ᠲᠠᠶᠢᠵᠢ ᠶᠢᠨ ᠲᠤᠭᠤᠵᠢ︾ ᠳᠤ ᠪᠠᠶᠢᠳᠠᠬ᠃ ᠡᠬᠦᠨ ᠢ ᠬᠥᠮᠤᠰ ᠢᠯᠡᠬᠦᠤ | ᠭᠡᠬᠦ ᠪᠠᠷ ᠲᠠᠶᠢᠯᠪᠤᠷᠢᠯᠠᠵᠤ ᠪᠤᠢ᠃ ᠠᠯᠠᠱᠠ ᠠᠮᠠᠨ ᠠᠶᠠᠯᠠᠭᠤᠨ ᠳᠤ ᠬᠠᠷᠢᠨ ᠬᠤᠰ ᠭᠡᠬᠦ ᠥᠭᠡ ᠪᠠᠶᠢᠬᠤ ᠪᠥᠭᠡᠳ | ᠲᠡᠬᠦᠨ ᠢ ᠪᠠᠨ ᠢᠯᠡᠬᠦᠤ ᠪᠤᠶᠤ ᠠᠴᠢᠶ᠎ᠠ ᠭᠡᠬᠦ ᠪᠠᠷ ᠲᠠᠶᠢᠯᠪᠦ᠋ᠷᠯᠠᠨᠠ᠃ ᠵᠢᠱᠢᠶᠡᠯᠡᠪᠡᠯ᠄ ᠬᠤᠰ ᠮᠤᠷᠢ ᠭᠡᠪᠡᠯ ᠢᠯᠡᠬᠦᠤ | ᠮᠤᠷᠢ ᠲᠠᠢ᠂ ᠬᠤᠰ ᠲᠠᠢ ᠲᠡᠮᠡᠭᠡ ᠭᠡᠬᠦ ᠵᠡᠷᠭᠡ᠃ ᠴᠢᠨᠠᠬᠰᠢᠯᠠᠨ ᠰᠤᠳᠤᠯᠵᠤ ᠥᠵᠡᠪᠡᠯ᠂ ᠬᠤᠱᠤᠳ ᠮᠤᠩᠭᠤᠯ ᠤᠨ | ᠬᠤᠱᠤᠳ ᠭᠡᠬᠦ ᠶᠢᠨ ᠢᠵᠠᠭᠤᠷ ᠢᠷᠡᠯ ᠨᠢ ᠪᠠᠰᠠ ᠬᠤᠰ ᠴᠤ ᠪᠠᠶᠢᠵᠤ ᠮᠡᠳᠡᠨ᠎ᠠ᠃ | 8. ᠰᠡᠷᠭᠡ ᠢᠷᠭᠡ — ᠡᠷᠳᠡᠨ ᠤ ᠮᠤᠩᠭᠤᠯ ᠵᠤᠬᠢᠶᠠᠨ ᠳᠤ ᠪᠠᠰᠠ ᠬᠠᠷᠠᠬᠳᠠᠨ᠎ᠠ᠃ ᠠᠯᠠᠱᠠᠴᠤᠳ ᠡᠷ᠎ᠠ ᠬᠤᠨᠢ ᠶᠢ | ᠢᠷᠭᠡ᠂ ᠡᠷ᠎ᠠ ᠢᠮᠠᠭ᠎ᠠ ᠶᠢ ᠰᠡᠷᠭᠡ ᠭᠡᠳᠡᠭ ᠴᠤ ᠡᠷᠳᠡᠨ ᠤ ᠮᠤᠩᠭᠤᠯ ᠵᠤᠬᠢᠶᠠᠯ ᠳᠠᠬᠢ ︽ᠤᠰᠤᠨ ᠳᠤ ᠤᠷᠤᠳᠠᠬ | ᠰᠡᠷᠭᠡ ᠶᠢᠨ ᠡᠪᠡᠷ ᠪᠤᠯᠤᠬᠰᠠᠨ ᠁︾ ᠭᠡᠬᠦ ᠶᠢᠨ ︽ᠰᠡᠷᠭᠡ︾ ᠲᠠᠢ ᠮᠠᠰᠢ ᠠᠳᠠᠯᠢᠪᠳᠤᠷ ᠪᠠᠶᠢᠮᠤᠢ᠃ | 9. ᠰᠢᠳᠠᠷᠬᠠᠨ — ︽ᠲᠡᠬᠦᠨ ᠳᠤ ᠶᠠᠭᠤᠮ᠎ᠠ ᠡᠰᠡ ᠤᠯᠳᠠᠮᠠᠬᠴᠠ ᠲᠡᠷᠡ ᠠᠭᠤᠯᠠᠨ ᠳᠤ ᠰᠢᠳᠠᠷᠬᠠᠨ ᠢᠷᠡᠵᠤ ᠁ | ︾ ︵ᠤᠪᠠᠰᠢ ᠬᠤᠨᠭ᠌ ᠲᠠᠶᠢᠵᠢ ᠶᠢᠨ ᠲᠤᠭᠤᠵᠢ︾︶ ᠭᠡᠮᠡᠬᠦ ᠥᠬᠦᠯᠪᠤᠷᠢ ᠳᠠᠬᠢ ︽ᠰᠢᠳᠠᠷᠬᠠᠨ︾ ᠢ ᠤᠢᠢᠷᠠᠬᠠᠨ | ᠭᠡᠵᠤ ᠲᠠᠶᠢᠯᠪᠤᠷᠢᠯᠠᠬᠰᠠᠨ ᠪᠤᠢ᠃ ᠡᠨᠡ ᠥᠭᠡ ᠶᠢ ᠠᠯᠱᠠᠴᠤᠳ ᠬᠠᠷᠢᠨ ︽ᠲᠠᠷᠦ᠋ᠢᠬᠠᠨ᠂ ᠰᠠᠶ᠋ᠢᠬᠠᠨ︾ ᠭᠡᠬᠦ ᠪᠠᠷ | ᠭᠡᠷᠡᠭᠯᠡᠳᠡᠭ ᠪᠢᠯᠡ᠃ | 10. ᠰᠤᠷᠠᠪᠠ — ᠡᠨᠡ ᠥᠭᠡ ᠡᠷᠳᠡᠨ ᠤ ᠮᠤᠩᠭᠤᠯ ᠵᠤᠬᠢᠶᠠᠯ ᠳᠤ ᠤᠯᠠᠨ ᠲᠤᠬᠢᠶᠠᠯᠳᠤᠨ᠎ᠠ᠃ ᠵᠠᠷᠢᠮ ᠨᠤᠮ ᠳᠤ | ᠠᠰᠠᠭᠤᠪᠠ ᠭᠡᠬᠦ ᠪᠠᠷ ᠲᠠᠶᠢᠯᠪᠤᠷᠢᠯᠠᠪᠠ᠃ ᠠᠯᠠᠱᠠ ᠠᠮᠠᠨ ᠠᠶᠠᠯᠠᠭᠤᠨ ᠳᠤ ᠮᠥᠨ ᠠᠰᠠᠭᠤᠬᠤ ᠤᠳᠬ᠎ᠠ ᠪᠠᠷ ᠭᠡᠷᠡᠭᠯᠡᠵᠤ | ᠪᠤᠢ ᠪᠥᠭᠡᠳ ᠶᠠᠷᠢᠶᠠᠨ ᠤ ᠭᠡᠯᠡᠯᠭᠡ ᠳᠡᠭᠡᠨ ︽ᠠᠰᠠᠭᠤᠪᠠ᠂ ᠠᠰᠠᠭᠤᠬᠤ᠂ ᠠᠰᠠᠭᠤᠯ᠎ᠠ︾ ᠭᠡᠬᠦ ᠵᠡᠷᠭᠡ ᠶᠢ ᠲᠡᠮᠡᠢ | ᠭᠡᠯᠡᠬᠦ ᠥᠭᠡᠢ ᠪᠠᠷ ᠬᠠᠷᠢᠨ ︽ᠰᠤᠷᠠᠪᠠ᠂ ᠰᠤᠷᠬᠤ᠂ ᠰᠤᠷᠠᠯ᠎ᠠ︾ ᠭᠡᠬᠦ ᠮᠡᠳᠤ ᠪᠠᠷ ᠠᠷᠪᠢᠨ ᠭᠡᠯᠡᠨ᠎ᠠ᠃ | 11. ᠢᠰᠡᠯᠡ — ︽ᠮᠤᠩᠭᠤᠯ ᠤᠨ ᠤᠪᠠᠰᠢ ᠬᠤᠨᠭ᠌ ᠲᠠᠶᠢᠵᠢ ᠶᠢᠨ ᠲᠤᠭᠤᠵᠢ︾ ᠶᠢᠨ 1979 ᠤᠨ ᠤ | ᠭᠡᠪᠯᠡᠯ ᠤᠨ ᠪᠥᠬᠦᠯᠢ ᠡᠳᠤᠷ ᠤᠨ ᠠᠷᠪᠠᠨ ᠵᠢᠯ ᠤᠨ ᠲᠥᠷᠢᠮᠳᠤ ᠰᠤᠷᠭᠠᠭᠤᠯᠢ ᠶᠢᠨ ᠲᠡᠭᠡᠳᠤ ᠵᠡᠷᠭᠡ ᠶᠢᠨ ᠲᠤᠮᠳᠠᠳᠤ | ᠰᠤᠷᠭᠠᠭᠤᠯᠢ ᠶᠢᠨ ᠭᠡᠯᠡ ᠪᠢᠴᠢᠭ ᠤᠨ ᠬᠤᠶᠠᠳᠤᠭᠠᠷ ᠲᠡᠪᠳᠡᠷ ᠲᠤ ᠡᠨᠡ ᠢᠰᠠᠯᠠ ᠶᠢ ᠵᠤᠬᠢᠶᠠᠯ ᠳᠤ ᠭᠠᠷᠳᠠᠬ ᠥᠭᠡᠯᠢᠳ | ᠬᠥᠪᠡᠬᠦᠨ ᠤ ᠨᠡᠷ᠎ᠠ ᠪᠤᠯᠤᠯᠳᠠᠢ ᠭᠡᠵᠤ ᠲᠠᠶᠢᠯᠪᠠ᠃ ᠪᠠᠰᠠ ᠵᠠᠷᠢᠮ ᠨᠤᠮ ᠪᠢᠴᠢᠭ ᠲᠤ ᠰᠠᠶᠢᠨ ᠭᠡᠰᠡᠨ ᠢᠶᠠᠷ ᠲᠠᠶᠢᠯᠵᠤ | ᠪᠤᠢ᠃ ᠴᠤᠬᠤᠮ ᠶᠠᠮᠠᠷ ᠤᠳᠬ᠎ᠠ ᠲᠠᠢ ᠶᠢ ᠮᠠᠭᠠᠳᠯᠠᠬᠤ᠋ ᠡᠶ᠎ᠡ ᠪᠡᠷᠭᠡ᠃ ᠭᠡᠪᠡᠴᠤ ᠡᠳᠤᠭᠡ ᠠᠯᠠᠱᠠ ᠨᠤᠳᠤᠬ ᠲᠤ | ᠢᠰᠠᠯᠠᠮ ᠤᠨ ᠱᠠᠰᠢᠨ ᠰᠢᠳᠤᠳᠡᠭ ᠨᠢᠭᠡ ᠪᠥᠯᠥᠭ ᠮᠤᠩᠭᠤᠯ ᠬᠥᠮᠤᠰ ᠪᠠᠶᠢᠨ᠎ᠠ᠃ ᠲᠡᠳᠡᠨᠤᠰ ᠴᠥᠮ ᠮᠤᠩᠭᠤᠯ ᠥᠭᠡ | ᠥᠰᠥᠭ ᠭᠡᠷᠡᠭᠯᠡᠬᠦ ᠪᠥᠭᠡᠳ ᠮᠠᠯ ᠮᠠᠯᠵᠢᠨ᠎ᠠ᠃ ᠲᠡᠳᠡᠨᠤᠰ ᠤᠨ ᠲᠡᠤᠭᠡᠨ ᠢᠷᠡᠯ ᠮᠥᠨ ᠬᠦ ᠠᠯᠳᠢ ᠠᠭᠤᠯᠠ ᠶᠢᠨ | ᠬᠠᠪᠢ ᠠᠴᠠ ᠢᠷᠡᠭᠰᠡᠨ ᠭᠡᠯᠴᠡᠳᠡᠭ᠃ ᠲᠡᠳᠡᠨᠤᠰ ᠤᠨ ᠶᠠᠷᠢᠶᠠᠨ ᠳᠠᠬᠢ ᠨᠡᠯᠢᠶᠡᠳ ᠨᠡᠷ᠎ᠠ ᠥᠭᠡ ᠶᠢᠨ ᠲᠡᠮᠳᠡᠭ ᠥᠭᠡ᠂ | ᠤᠢᠢᠯᠡ ᠥᠭᠡ ᠨᠢ ᠠᠯᠠᠱᠠ ᠠᠮᠠᠨ ᠠᠶᠠᠯᠠᠭᠤ ᠲᠠᠢ ᠠᠳᠠᠯᠢ ᠥᠭᠡᠢ ᠪᠠᠶᠢᠳᠠᠬ᠃ ᠲᠡᠳᠡᠭᠡᠷ ᠬᠥᠮᠤᠰ ᠬᠠᠷᠢᠯᠴᠠᠨ | ᠠᠭᠤᠯᠵᠠᠭᠠᠳ ᠪᠥᠷᠢ ᠮᠡᠨᠳᠤ ᠠᠰᠠᠭᠤᠬᠤ ᠳᠠᠭᠠᠨ ᠬᠠᠮᠤᠬ ᠲᠥᠷᠤᠬᠦᠨ ᠳᠤ ︽ᠢᠰᠠᠯᠠ︾ ᠭᠡᠵᠤ ᠭᠡᠯᠡᠳᠡᠭ᠃ | ᠡᠨᠡ ᠨᠢ ᠰᠠᠶᠢᠨ ᠭᠡᠰᠡᠨ ᠤᠳᠬ᠎ᠠ ᠲᠠᠢ ᠪᠢᠯᠡ᠃ ᠡᠶᠢᠮᠤ ᠠᠴᠠ ᠲᠡᠷᠡᠬᠦ ︽ᠢᠰᠠᠯᠠ︾ ᠨᠢ ᠰᠠᠶᠢᠨ ᠭᠡᠰᠡᠨ | ᠤᠳᠬ᠎ᠠ ᠲᠠᠢ ᠪᠠᠶᠢᠬᠤ ᠨᠢ ᠪᠠᠰᠠ ᠵᠦᠢᠳᠡᠢ ᠰᠢᠭ᠃ | 12. ᠲᠡᠪᠡᠯ ᠢ ᠵᠠᠬ᠎ᠠ ᠪᠠᠷ ᠨᠢ ᠡᠮᠤᠰᠳᠡᠭ — ︽ᠮᠤᠩᠭᠤᠯ ᠤᠨ ᠤᠪᠠᠰᠢ ᠬᠤᠨᠭ᠌ ᠲᠠᠶᠢᠵᠢ ᠶᠢᠨ ᠲᠤᠭᠤᠵᠢ︾ ᠳᠤ | ᠬᠠᠷᠠᠬᠳᠠᠨ᠎ᠠ᠃ ᠮᠤᠩᠭᠤᠯ ᠭᠡᠯᠡᠨ ᠳᠤ ᠬᠤᠪᠴᠠᠰᠤᠨ ᠤ ᠵᠠᠭᠠᠮ᠎ᠠ ᠪᠤᠶᠤ ᠬᠤᠭᠤᠯᠠᠪᠴᠢ ᠪᠠᠷ ᠡᠮᠤᠰᠤᠨ᠎ᠠ ᠭᠡᠵᠤ | ᠭᠡᠯᠡᠳᠡᠭ ᠨᠢ ᠨᠡᠶᠢᠳᠠᠮ ᠪᠠᠶᠢᠳᠠᠬ᠃ ᠬᠠᠷᠢᠨ ᠠᠯᠠᠱᠠ ᠠᠮᠠᠨ ᠠᠶᠠᠯᠠᠭᠤᠨ ᠳᠤ ᠬᠤᠪᠴᠠᠰᠤᠨ ᠤ ᠵᠠᠬ᠎ᠠ ᠭᠡᠵᠤ ᠨᠡᠶᠢᠳᠡᠮ | ᠭᠡᠯᠡᠳᠡᠭ᠃ | ᠲᠡᠭᠡᠷ᠎ᠠ ᠪᠢ ᠠᠯᠠᠱᠠ ᠠᠮᠠᠨ ᠠᠶᠠᠯᠠᠭᠤ ᠶᠢᠨ ᠲᠤᠳᠤᠷᠠᠬᠢ ᠮᠤᠩᠭᠤᠯ ᠤᠨ ᠡᠷᠳᠡᠨ ᠤ ᠵᠤᠬᠢᠶᠠᠯ ᠲᠠᠢ ᠬᠤᠯᠪᠤᠬᠳᠠᠬᠤ | ᠥᠭᠡᠰ ᠤᠨ ᠥᠨᠴᠥᠭ ᠰᠡᠵᠢᠬᠦᠷ ᠤᠨ ᠲᠡᠳᠤᠢ ᠭᠡᠳᠤᠭᠡᠨ ᠢ ᠵᠢᠱᠢᠶᠡᠯᠡᠪᠡ᠃ ᠡᠬᠦᠨ ᠠᠴᠠ ᠮᠡᠳᠡᠬᠦ ᠨᠢ᠂ ᠮᠤᠩᠭᠤᠯ ᠤᠨ | ᠡᠷᠳᠡᠨ ᠤ ᠵᠤᠬᠢᠶᠠᠯ ᠤᠨ ᠲᠤᠳᠤᠷᠠᠬᠢ ᠬᠥᠨᠳᠤ ᠥᠭᠡᠰ ᠤᠨ ᠤᠳᠬ᠎ᠠ ᠶᠢ ᠵᠥᠪ ᠤᠨᠤᠪᠴᠢᠳᠠᠢ ᠰᠢᠬ | ᠲᠠᠶᠢᠯᠪᠦ᠋ᠷᠯᠠᠬᠤ ᠳᠤ ᠨᠤᠳᠤᠬ ᠤᠨ ᠠᠮᠠᠨ ᠠᠶᠠᠯᠠᠭᠤᠨ ᠢᠶᠠᠷ ᠯᠠᠪᠯᠠᠯᠳᠠ ᠪᠤᠯᠭᠠᠪᠠᠯ ᠤᠨᠤᠪᠴᠢᠳᠤ ᠴᠢᠨᠠᠷ ᠢᠶᠠᠷ ᠤᠯᠠᠮ | ᠴᠢᠩᠭ᠎ᠠ ᠪᠤᠯᠤᠮᠠᠷ ᠰᠠᠨᠠᠬᠳᠠᠨ᠎ᠠ᠃ ᠭᠠᠭᠴᠠᠬᠦ ᠠᠯᠠᠱᠠ ᠠᠮᠠᠨ ᠠᠶᠠᠯᠠᠭᠤᠨ ᠳᠤ ᠯᠠ ᠪᠠᠶᠢᠬᠤ ᠪᠢᠰᠢ᠂ ᠤᠳᠤ ᠮᠠᠨ ᠳᠤ | ᠤᠯᠳᠠᠬᠳᠠᠵᠤ ᠪᠥᠬᠦᠢ ᠮᠤᠩᠭᠤᠯ ᠤᠨ ᠡᠷᠳᠡᠨ ᠤ ᠲᠤᠭ᠎ᠠ ᠲᠠᠢ ᠭᠡᠳᠤᠨ ᠵᠤᠬᠢᠶᠠᠯ ᠢᠶᠠᠨ ᠨᠡᠩ ᠨᠠᠷᠢᠨ ᠬᠢᠨᠠᠮᠠᠭᠠᠢ | ᠰᠤᠳᠤᠯᠠᠬᠤ ᠶᠢᠨ ᠡᠬᠦᠳᠡᠨ ᠠᠴᠠ ᠥᠵᠡᠪᠡᠯ ᠬᠤᠯᠪᠤᠬᠳᠠᠯ ᠪᠥᠬᠦᠢ ᠨᠤᠳᠤᠬ ᠤᠨ ᠠᠶᠠᠯᠠᠭᠤ ᠶᠢᠨ ᠲᠤᠬᠠᠢ | ᠨᠠᠰᠤᠳᠠᠶᠢᠴᠤᠳ ᠤᠨ ᠪᠠᠶᠢᠬᠤ ᠥᠶ᠎ᠠ ᠳᠤ ᠠᠰᠠᠭᠤᠨ ᠴᠤᠯᠠᠭᠤᠯᠬᠤ ᠨᠢ ᠲᠤᠯᠭᠠᠮ᠎ᠠ ᠪᠤᠯᠤᠭᠠᠳ ᠪᠠᠶᠢᠨ᠎ᠠ᠃ | |