ᠠᠯᠠᠱᠠ ᠬᠤᠰᠢᠭᠤ - ᠭᠦᠦᠰᠢ ᠬᠠᠨ ᠤ ᠦᠶ᠎ᠡ
ᠨᠡᠶᠢᠲᠡᠯᠡᠭᠰᠡᠨ ᠴᠠᠭ᠄
2019/7/10
ᠠᠯᠠᠱᠠ ᠬᠤᠰᠢᠭᠤᠨ ᠤ ᠰᠢᠰᠲ᠋ᠧᠮ ᠨᠢ ᠬᠤᠱᠣᠳ ᠲᠤ ᠬᠠᠷᠢᠶᠠᠯᠠᠭᠳᠠᠵᠤ᠂ ᠬᠠᠪᠤᠲᠤ ᠬᠠᠰᠠᠷ ᠤᠨ ᠬᠤᠶᠢᠴᠢ ᠦᠶ᠎ᠡ ᠪᠣᠯᠬᠤ ᠲᠦᠷᠣᠪᠠᠶᠢᠬᠤ — ᠭᠦᠦᠰᠢ ᠬᠠᠨ ᠠᠴᠠ ᠤᠭᠰᠠᠭ᠎ᠠ ᠵᠠᠯᠭᠠᠮᠵᠢᠯᠠᠵᠤ᠂ ᠰᠢᠨᠵᠢᠶᠠᠩ ᠤᠨ ᠦᠷᠦᠮᠴᠢ ᠬᠠᠪᠢ ᠪᠠᠷ ᠮᠠᠯ ᠮᠠᠯᠵᠢᠨ ᠠᠵᠤ ᠲᠥᠷᠥᠵᠦ ᠪᠠᠶᠢᠵᠠᠢ᠃ ᠮᠢᠩ ᠣᠯᠣᠰ ᠤᠨ ᠴᠦᠩ ᠵᠧᠨ ᠤ ᠳᠣᠯᠣᠳᠤᠭᠠᠷ ᠣᠨ ︵1634 ᠣᠨ︶᠎ ᠳᠤ᠂ ᠬᠤᠱᠣᠳ ᠠᠶᠢᠮᠠᠭ ᠤᠨ ᠲᠦᠷᠦᠭᠦᠦ ᠭᠦᠣᠰᠢ ᠬᠠᠨ ᠤ ᠠᠬ᠎ᠠ ᠪᠠᠶᠢᠪᠠᠭᠠᠰ ᠬᠡᠰᠡᠭ ᠣᠯᠠᠨ ᠢ ᠲᠠᠭᠠᠭᠤᠯᠤᠨ ᠨᠡᠭᠦᠳᠡᠯᠯᠡᠭᠰᠡᠭᠡᠷ ᠠᠯᠠᠱᠠ ᠭᠠᠵᠠᠷ ᠢᠷᠠᠵᠤ ᠮᠠᠯᠵᠢᠭᠠᠳ ᠠᠩᠬᠠᠨ ᠤ ᠵᠠᠮ ᠢ ᠨᠡᠭᠡᠭᠡᠭᠰᠡᠨ ᠪᠠᠶᠢᠨ᠎ᠠ᠃ ᠭᠦᠦᠰᠢ ᠮᠢᠩ ᠣᠯᠣᠰ ᠤᠨ ᠴᠦᠩ ᠵᠧᠨ ᠤ ᠠᠷᠪᠠᠨ ᠲᠠᠪᠤᠳᠤᠭᠠᠷ ᠣᠨ ︵1642 ᠣᠨ︶᠎ ᠳᠤ ᠴᠡᠷᠢᠭ ᠲᠠᠶᠢᠴᠢᠯᠠᠨ ᠲᠥᠪᠡᠳ ᠲᠤᠷ ᠣᠷᠣᠵᠤ᠂ ᠽᠠᠩᠪᠠ ᠬᠠᠨ ᠢ ᠤᠰᠠᠳᠬᠠᠵᠤ ᠲᠦᠷᠤ ᠶᠢᠨ ᠡᠷᠬᠡ ᠶᠢ ᠪᠦᠯᠢᠶᠡᠨ ᠠᠪᠴᠤ ᠰᠢᠷ᠎ᠠ ᠶᠢᠨ ᠱᠠᠰᠢᠨ ᠢ ᠲᠡᠳᠭᠦᠭᠰᠨ ᠤ ᠳᠠᠷᠠᠭ᠎ᠠ᠂ ᠳᠠᠯᠠᠢ ᠯᠠᠮᠠ ᠯᠤᠭ᠎ᠠ ᠬᠠᠮᠲᠤ ᠪᠠᠷ ᠴᠢᠩ ᠤᠯᠤᠰ ᠢ ᠳᠠᠭᠠᠭᠰᠠᠨ ᠠᠴᠠ ᠡᠶᠡᠪᠡᠷ ᠵᠠᠰᠠᠭᠴᠢ ᠶᠢᠨ ᠠᠷᠪᠠᠳᠤᠭᠠᠷ ᠣᠨ ︵1653 ᠣᠨ︶᠎ ᠳᠤ᠂ ᠬᠠᠭᠠᠨ ᠡᠵᠡᠨ ᠠᠴᠠ ᠲᠡᠭᠦᠨ ᠳᠤ ︽ᠨᠣᠮ ᠤᠨ ᠴᠢᠨᠠᠷ ᠢ ᠬᠦᠲᠦᠯᠦᠭᠴᠢ ᠰᠡᠴᠡᠨ ᠭᠦᠦᠰᠢ ᠬᠠᠨ︾ ᠭᠡᠰᠡᠨ ᠴᠣᠯᠠ ᠰᠣᠶᠣᠷᠬᠠᠨ ᠬᠠᠱᠤᠭ ᠲᠠᠮᠠᠭ᠎ᠠ ᠣᠯᠭᠤᠵᠠᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号