ᠠᠯᠠᠱᠠ ᠶᠢᠨ ᠡᠷᠲᠡᠨ ᠤ ᠳᠡᠰ ᠢᠯᠭᠠᠯ᠄ ᠤᠭᠰᠠᠭᠠᠲᠤ ᠢᠵᠠᠭᠤᠷᠲᠠᠨ
ᠨᠡᠶᠢᠲᠡᠯᠡᠭᠰᠡᠨ ᠴᠠᠭ᠄
2019/7/30
ᠠᠯᠠᠱᠠ ᠶᠢᠨ ᠸᠠᠩ  ᠪᠣᠯ ᠯᠤᠪᠰᠠᠩᠳᠣᠷᠵᠢ ᠶᠢᠨ ᠦᠶ᠎ᠡ ᠠᠴᠠ ᠴᠢᠨ ᠸᠠᠩ ᠵᠠᠯᠭᠠᠮᠵᠢᠯᠠᠵᠤ ᠦᠶ᠎ᠡ ᠤᠯᠠᠷᠢᠵᠠᠢ᠃ ᠵᠡᠭᠦᠨ ᠬᠤᠶᠠᠷ ᠭᠦᠩ ᠪᠣᠯ ᠲᠦᠷᠤ ᠠᠴᠠ ᠡᠷᠬᠡᠰᠢᠶᠡᠭᠰᠡᠨ ᠬᠡᠷᠬᠡᠮ ᠪᠣᠯᠬᠤ  ᠲᠤᠯᠠ ᠮᠥᠨ ᠴᠤ ᠸᠠᠩ ᠯᠤᠭ᠎ᠠ ᠠᠳᠠᠯᠢ ᠪᠠᠷ ᠦᠶ᠎ᠡ ᠵᠠᠯᠭᠠᠮᠵᠢᠯᠠᠳᠠᠭ ᠢᠶᠠᠷ ᠪᠠᠷᠠᠬᠤ ᠦᠭᠡᠢ ᠢᠵᠠᠭᠤᠷᠲᠠᠨ ᠤ ᠳᠠᠪᠬᠤᠷᠭ᠎ᠠ ᠎ ᠳᠤ ᠪᠠᠭᠲᠠᠳᠠᠭ ᠶᠤᠮ᠃ ᠠᠯᠠᠱᠠ ᠳᠤ ᠲᠡᠷᠢᠭᠦᠨ ᠵᠡᠷᠭᠡ ᠶᠢᠨ ᠲᠠᠶᠢᠵᠢ ᠬᠤᠶᠠᠷ ᠡᠷᠦᠬᠡ᠂ ᠳᠡᠳ᠋ ᠵᠡᠷᠭᠡ ᠶᠢᠨ ᠲᠠᠶᠢᠵᠢ ᠬᠤᠶᠠᠷ ᠡᠷᠦᠬᠡ᠂ ᠭᠤᠳᠠᠭᠠᠷ ᠵᠡᠷᠭᠡ ᠶᠢᠨ ᠲᠠᠶᠢᠵᠢ ᠨᠢᠭᠡ ᠡᠷᠦᠬᠡ᠂ ᠳᠥᠲᠥᠭᠡᠷ ᠵᠡᠷᠭᠡ ᠶᠢᠨ ᠲᠠᠶᠢᠵᠢ ᠳᠥᠴᠢᠭᠡᠳ ᠡᠷᠦᠬᠡ ᠪᠠᠶᠢᠵᠤ᠂ ᠸᠠᠩ ᠤᠨ ᠠᠬᠠᠮᠠᠳ  ᠬᠥᠪᠡᠭᠦᠨ ᠨᠢ ᠲᠡᠷᠢᠭᠦᠨ ᠵᠡᠷᠭᠡ ᠶᠢᠨ ᠲᠠᠶᠢᠵᠢ᠂ ᠬᠤᠶᠠᠳᠤᠭᠠᠷ  ᠬᠥᠪᠡᠭᠦᠨ ᠨᠢ ᠳᠡᠳ᠋ ᠵᠡᠷᠭᠡ ᠶᠢᠨ ᠲᠠᠶᠢᠵᠢ᠂ ᠭᠤᠷᠪᠠᠳᠤᠭᠠᠷ  ᠬᠥᠪᠡᠭᠦᠨ  ᠎ ᠨᠢ ᠭᠤᠳᠠᠭᠠᠷ ᠵᠡᠷᠭᠡ ᠶᠢᠨ ᠲᠠᠶᠢᠵᠢ᠂ ᠳᠥᠷᠪᠡᠳᠦᠭᠡᠷ ᠬᠥᠪᠡᠭᠦᠨ ᠠᠴᠠ ᠳᠠᠷᠠᠭᠠᠬᠢ ᠨᠢ ᠴᠥᠮ ᠳᠦᠳᠦᠭᠡᠷ ᠵᠡᠷᠭᠡ ᠶᠢᠨ ᠲᠠᠶᠢᠵᠢ ᠪᠣᠯᠬᠤ ᠪᠦᠭᠡᠳ ᠭᠦᠩ ᠤᠨ ᠠᠬᠠᠮᠠᠳ ᠬᠥᠪᠡᠭᠦᠨ ᠨᠢ ᠳᠡᠳ᠋ ᠵᠡᠷᠭᠡ ᠶᠢᠨ ᠲᠠᠶᠢᠵᠢ ᠠᠴᠠ ᠳᠠᠰ ᠳᠠᠷᠠᠭᠠᠯᠠᠨ ᠳᠦᠳᠦᠭᠡᠷ ᠵᠡᠷᠭᠡ ᠶᠢᠨ ᠲᠠᠶᠢᠵᠢ ᠬᠦᠷᠲᠡᠯ᠎ᠡ ᠡᠷᠭᠦᠮᠵᠢᠯᠡᠭᠰᠡᠨ ᠬᠡᠷᠬᠡᠮ ᠢ ᠵᠠᠯᠭᠠᠵᠤ ᠦᠶ᠎ᠡ ᠤᠯᠠᠮᠵᠢᠯᠠᠳᠠᠭ᠃ ᠲᠠᠶᠢᠵᠢ ᠶᠢᠨ ᠵᠡᠷᠭᠡ ᠬᠡᠷᠬᠡᠮ ᠨᠢ ᠳᠡᠪᠰᠢᠭᠰᠡᠨ ᠴᠤ ᠳᠠᠰ ᠨᠢ ᠪᠠᠭᠤᠷᠠᠬᠤ ᠦᠭᠡᠢ ᠲᠤᠯᠠ ᠲᠤᠰᠠᠯᠠᠭᠴᠢ ᠶᠢᠨ ᠵᠡᠷᠭᠡ ᠶᠢ ᠣᠯᠵᠤ᠂ ᠤᠯᠠᠭᠠᠨ ᠵᠢᠩᠰᠠ ᠵᠡᠭᠦᠵᠦ ᠪᠣᠯᠣᠨ᠎ᠠ᠃ ᠲᠠᠶᠢᠵᠢ ᠬᠡᠷᠪᠡ ᠶᠠᠯ᠎ᠠ ᠬᠢᠭᠰᠡᠨ ᠠᠴᠠ ᠵᠡᠷᠭᠡ ᠪᠠᠨ ᠬᠠᠰᠤᠭᠤᠯᠵᠤ ᠡᠭᠡᠯ ︵ᠬᠠᠷᠠᠴᠤ︶ ᠠᠷᠠᠳ ᠪᠣᠯᠪᠠᠯ᠂ ᠲᠡᠭᠦᠨ ᠢ  ︽ᠴᠣᠷᠣᠰ︾  ᠣᠪᠣᠭᠲᠠᠨ ᠢᠶᠠᠷ ᠲᠡᠮᠳᠡᠭᠯᠡᠵᠦ᠂ ᠴᠡᠷᠢᠭ᠂ ᠵᠠᠰᠠᠭ ᠤᠨ ᠠᠯᠪᠠᠨ ᠳᠤ ᠭᠠᠪᠢᠶ᠎ᠠ ᠪᠠᠶᠢᠭᠤᠯᠪᠠᠯ ᠲᠠᠶᠢᠵᠢ ᠵᠡᠷᠭᠡ ᠶᠢ ᠨᠢ ᠳᠠᠬᠢᠨ ᠰᠡᠷᠭᠦᠭᠡᠵᠦ ᠪᠣᠯᠣᠨ᠎ᠠ᠃ ᠠᠯᠠᠱᠠ ᠶᠢᠨ ᠲᠠᠶᠢᠵᠢ ᠣᠪᠣᠭ ᠪᠣᠯ ᠯᠤᠪᠰᠠᠩᠳᠣᠷᠵᠢ ᠴᠢᠨ ᠸᠠᠩ ᠤᠨ ᠯᠤ ᠪᠠᠷ ︽ᠯᠦᠸᠧ︾  ᠣᠪᠣᠭᠲᠤ ᠭᠡᠵᠤ ᠵᠤᠷᠰᠢᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号