ᠠᠯᠠᠱᠠ ᠬᠤᠰᠢᠭᠤ -  ᠠᠪᠤᠤ ᠨᠣᠶᠠᠨ ᠤ ᠦᠶ᠎ᠡ
ᠨᠡᠶᠢᠲᠡᠯᠡᠭᠰᠡᠨ ᠴᠠᠭ᠄
2019/7/30
ᠳᠥᠴᠢᠨ ᠵᠢᠷᠭᠤᠳᠤᠭᠠᠷ ᠣᠨ ︵1707 ᠣᠨ︶᠎ ᠳᠤ᠂ ᠬᠤᠷᠣᠯᠠᠢ ᠨᠠᠰᠤ ᠪᠠᠷᠠᠭᠰᠠᠨ ᠤ ᠳᠠᠷᠠᠭ᠎ᠠ᠂ ᠳᠥᠴᠢᠨ ᠨᠠᠶᠢᠮᠠᠳᠣᠭᠠᠷ ᠣᠨ ︵1709 ᠣᠨ︶᠎ ᠳᠤ᠂ ᠠᠪᠤᠤ ᠡᠴᠢᠭᠡ ᠶᠢᠨ ᠢᠶᠠᠨ ᠰᠠᠭᠤᠷᠢ ᠶᠢ ᠵᠠᠯᠭᠠᠮᠵᠢᠯᠠᠵᠤ᠂ ᠪᠠᠭ᠎ᠠ ᠶᠢᠨ ᠨᠠᠰᠣᠨ ᠳᠠᠭᠠᠨ ᠪᠡᠭᠡᠵᠢᠩ ᠳᠤ ᠰᠠᠭᠤᠵᠤ ᠰᠢᠲᠠᠷ ᠬᠢᠶ᠎ᠠ ᠪᠣᠯᠣᠭᠰᠠᠨ ᠪᠥᠭᠡᠳ ᠡᠴᠢᠭᠡ ᠶᠢᠨ ᠢᠶᠠᠨ ᠠᠮᠢᠳᠤ ᠰᠡᠷᠡᠭᠦᠨ ᠪᠠᠶᠢᠬᠤ ᠦᠶ᠎ᠡ ᠳᠤ ᠡᠵᠡᠨ ᠬᠠᠭᠠᠨ ᠤ ᠬᠤᠱᠣᠢ ᠭᠦᠩᠵᠤ ᠯᠦᠭᠡ ᠤᠷᠤᠭ ᠬᠤᠯᠪᠣᠨ ᠬᠤᠱᠣᠢ ᠲᠠᠪᠤᠨᠠᠩ ᠪᠣᠯᠵᠠᠢ᠃ ᠡᠩᠬᠡ ᠠᠮᠤᠭᠤᠯᠠᠩ ᠤᠨ ᠲᠠᠪᠢᠨ ᠬᠤᠶᠠᠳᠤᠭᠠᠷ ᠣᠨ ︵1713 ᠣᠨ︶᠎ ᠳᠤ᠂ ᠮᠠᠨᠵᠤ ᠶᠢᠨ ᠵᠠᠷᠯᠢᠭ ᠢᠶᠠᠷ ᠲᠦᠮᠡᠨ ᠴᠡᠷᠢᠭ ᠳᠠᠶᠢᠴᠢᠯᠠᠨ ᠵᠡᠭᠦᠨᠭᠠᠷ ᠤᠨ ᠦᠢᠮᠡᠭᠡᠨ ᠢ ᠲᠦᠪᠰᠢᠳᠬᠡᠬᠦ ᠪᠠᠷ ᠰᠢᠨᠵᠢᠶᠠᠩ ᠳᠤ ᠡᠴᠢᠭᠦᠯᠵᠤ᠂ ᠲᠡᠨᠳᠡ 6 ᠵᠢᠯ ᠰᠠᠭᠤᠭᠰᠠᠨ ᠤ ᠳᠠᠷᠠᠭ᠎ᠠ᠂ ᠳᠠᠯᠠᠢ ᠯᠠᠮᠠ ᠶᠢ ᠲᠥᠪᠡᠳ ᠲᠤ ᠬᠦᠷᠭᠡᠵᠦ ᠲᠡᠨᠳᠡ 4 ᠵᠢᠯ ᠰᠠᠭᠤᠵᠠᠢ᠃ ᠨᠠᠶᠢᠷᠠᠯᠲᠤ ᠲᠦᠪ ᠤᠨ ᠲᠡᠷᠢᠭᠦᠨ ᠣᠨ ︵1723 ᠣᠨ︶᠎ ᠳᠤ ᠭᠦᠦᠰᠢ ᠬᠠᠨ ᠤ ᠠᠴᠢ ᠯᠤᠪᠰᠠᠩᠳᠠᠨᠵᠢᠨ ᠬᠥᠬᠡᠨᠠᠭᠤᠷ ᠲᠤ ᠪᠣᠰᠣᠯᠭ᠎ᠠ ᠭᠠᠷᠭᠠᠭᠰᠠᠨ ᠪᠣᠯᠬᠤᠷ᠂ ᠮᠦᠨ ᠵᠠᠷᠯᠢᠭ ᠳᠠᠭᠠᠵᠤ ᠬᠥᠬᠡᠨᠠᠭᠤᠷ ᠲᠤ ᠢᠷᠡᠭᠡᠳ ᠦᠢᠮᠡᠭᠡᠨ ᠢ ᠲᠦᠪᠰᠢᠳᠬᠡᠬᠦ ᠳᠤ ᠭᠠᠪᠢᠶ᠎ᠠ ᠪᠠᠶᠢᠭᠤᠯᠤᠭᠰᠠᠨ᠎ᠠ᠂ ᠲᠦᠷᠤ ᠶᠢᠨ ᠵᠢᠶᠦ᠋ᠨ ᠸᠠᠩ ᠡᠷᠭᠦᠮᠵᠢᠯᠡᠵᠡᠢ᠃ ᠨᠠᠶᠢᠷᠠᠯᠲᠤ ᠲᠦᠪ ᠤᠨ ᠳᠣᠯᠣᠳᠤᠭᠠᠷ ᠣᠨ ︵1729 ᠣᠨ︶᠎ ᠳᠤ᠂ ᠪᠣᠷᠣ ᠴᠦᠩᠬᠡᠭ ᠲᠤ ᠨᠤᠲᠤᠭᠯᠠᠭᠤᠯᠬᠤ ᠭᠡᠰᠠᠨ ᠮᠠᠨᠵᠤ ᠶᠢᠨ ᠰᠠᠨᠠᠭ᠎ᠠ ᠠᠴᠠ ᠵᠥᠷᠢᠴᠡᠨ ᠠᠯᠠᠱᠠ ᠳᠤ ᠰᠢᠭᠤᠳ ᠢᠷᠡᠭᠰᠡᠨ ᠤᠴᠢᠷ ᠲᠤ ᠬᠡᠷᠬᠡᠮ ᠢ ᠨᠢ ᠪᠠᠭᠤᠷᠠᠭᠤᠯᠵᠤ ᠪᠠᠶᠢᠯᠠ ᠪᠣᠯᠭᠠᠭᠰᠠᠨ ᠪᠣᠯᠪᠠᠴᠤ ᠪᠤᠷᠤᠭᠤᠲᠠᠭᠰᠠᠨ ᠢᠶᠠᠨ ᠮᠡᠳᠡᠷᠡᠵᠦ ᠣᠰᠣᠯ ᠢᠶᠠᠨ ᠦᠨᠡᠨ ᠢᠶᠠᠷ ᠬᠦᠯᠢᠶᠡᠭᠰᠡᠨ ᠲᠤᠯᠠ᠂ ᠶᠢᠰᠦᠳᠦᠭᠡᠷ ᠣᠨ ︵1731 ᠣᠨ︶᠎ ᠳᠤ᠂ ᠤᠭ ᠬᠡᠷᠬᠡᠮ ᠢ ᠨᠢ ᠳᠠᠬᠢᠨ ᠰᠡᠷᠭᠦᠭᠡᠵᠦ᠂ ᠳ᠋ᠢᠩ ᠶᠣᠸᠠᠨ ᠶᠢᠩ ᠢ ᠸᠠᠩ ᠤᠨ ᠣᠷᠳᠣᠨ ᠪᠣᠯᠭᠠᠨ ᠱᠠᠩᠨᠠᠨ ᠦᠭᠴᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号