ᠠᠯᠠᠱᠠ ᠬᠤᠰᠢᠭᠤ -  ᠯᠤᠪᠰᠠᠩᠳᠣᠷᠵᠢ ᠨᠣᠶᠠᠨ ᠤ ᠦᠶ᠎ᠡ
ᠨᠡᠶᠢᠲᠡᠯᠡᠭᠰᠡᠨ ᠴᠠᠭ᠄
2019/7/30
ᠲᠡᠭᠷᠢ ᠲᠡᠳᠬᠦᠭᠴᠢ ᠶᠢᠨ ᠳᠥᠷᠪᠡᠳᠦᠭᠡᠷ ᠣᠨ ︵1739 ᠣᠨ︶᠎ ᠳᠤ᠂ ᠠᠪᠤᠤ ᠨᠠᠰᠤ ᠪᠠᠷᠠᠵᠤ ᠯᠤᠪᠰᠠᠩᠳᠣᠷᠵᠢ ᠡᠴᠢᠭᠡ ᠶᠢᠨ ᠰᠠᠭᠤᠷᠢᠨ ᠢ ᠵᠠᠯᠭᠠᠮᠵᠢᠯᠠᠨ ᠵᠠᠰᠠᠭ ᠲᠦᠷᠤ ᠶᠢᠨ ᠪᠠᠶᠢᠯᠠ ᠪᠣᠯᠵᠤ᠂ ᠠᠷᠪᠠᠨ ᠬᠤᠶᠠᠳᠤᠭᠠᠷ ᠣᠨ ︵1747 ᠣᠨ︶᠎ ᠳᠤ᠂ ᠲᠦᠷᠤ ᠶᠢᠨ ᠭᠦᠩᠵᠤ ᠯᠦᠭᠡ ᠭᠡᠷᠯᠡᠵᠦ ᠲᠠᠪᠤᠨᠠᠩ ᠪᠣᠯᠣᠭᠠᠳ ᠵᠠᠷᠯᠢᠭ ᠢᠶᠠᠷ ᠵᠡᠭᠦᠨᠭᠠᠷ ᠤᠨ ᠠᠮᠤᠷᠰᠠᠨᠠᠭ᠎ᠠ ᠶᠢᠨ ᠪᠣᠰᠣᠯᠭ᠎ᠠ ᠶᠢ ᠲᠦᠪᠰᠢᠳᠬᠡᠬᠦ ᠶᠢᠨ ᠤᠴᠢᠷ ᠲᠤ ᠰᠢᠨᠵᠢᠶᠠᠩ ᠳᠤ ᠡᠴᠢᠭᠦᠯᠦᠨ ᠠᠮᠤᠷᠰᠠᠨᠠᠭ᠎ᠠ ᠶᠢ ᠨᠡᠬᠡᠮᠵᠢᠯᠡᠭᠦᠯᠦᠨ ᠣᠷᠣᠰ ᠲᠤ ᠣᠷᠣᠭᠤᠯᠵᠤ᠂ ᠲᠠᠸᠠᠴᠢ ᠬᠠᠨ ᠪᠣᠯᠣᠨ ᠪᠠᠶᠠᠷ ᠬᠠᠨ ᠵᠢᠴᠢ ᠬᠡᠰᠡᠭ ᠲᠣᠭᠠᠨ ᠤ ᠺᠠᠽᠠᠭᠴᠤᠳ ᠢ ᠪᠠᠭᠤᠯᠭᠠᠨ ᠠᠪᠤᠭᠰᠠᠨ ᠢᠶᠠᠷ᠂ ᠬᠤᠷᠢᠨ ᠬᠤᠶᠠᠳᠤᠭᠠᠷ ᠣᠨ ︵1757 ᠣᠨ︶᠎ ᠳᠤ᠂ ᠲᠦᠷᠤ ᠶᠢᠨ ᠵᠢᠶᠦ᠋ᠨ ᠸᠠᠩ ᠢᠶᠠᠷ ᠡᠷᠭᠦᠮᠵᠢᠯᠡᠭᠳᠡᠵᠦ᠂ ᠰᠢᠲᠠᠷ ᠲᠤ ᠶᠠᠪᠤᠭᠠᠳ ᠴᠡᠷᠢᠭ ᠤᠨ ᠬᠤᠤᠪᠢ ᠶᠢᠨ ᠰᠠᠶᠢᠳ ᠪᠣᠯᠵᠠᠢ᠃ ᠭᠤᠴᠢᠳᠤᠭᠠᠷ ᠣᠨ ︵1765 ᠣᠨ︶᠎ ᠳᠤ᠂ ᠵᠡᠭᠦᠨᠭᠠᠷ ᠤᠨ ᠦᠢᠮᠡᠭᠡᠨ ᠢ ᠲᠦᠪᠰᠢᠳᠬᠡᠭᠰᠡᠨ ᠪᠠ ᠲᠡᠭᠦᠨ ᠤ ᠳᠠᠷᠠᠭ᠎ᠠ ᠭᠠᠷᠤᠭᠰᠠᠨ ᠭᠠᠨᠰᠤ ᠶᠢᠨ ᠰᠠᠯᠠᠷ ᠤᠨ ᠰᠠᠮᠠᠭᠤᠨ ᠢ ᠳᠠᠷᠤᠭᠰᠠᠨ ᠵᠡᠷᠭᠡ ᠳᠤ ᠭᠠᠪᠢᠶ᠎ᠠ ᠲᠡᠮᠳᠡᠭᠯᠡᠵᠦ᠂ ᠬᠤᠱᠣᠢ ᠴᠢᠨ ᠸᠠᠩ ᠡᠷᠭᠦᠮᠵᠢᠯᠡᠵᠤ᠂ ᠪᠡᠭᠡᠵᠢᠩ ᠳᠤ ︽ᠯᠦᠸᠧ ᠸᠠᠩ ᠤᠨ ᠣᠷᠳᠣᠨ︾᠎ ᠢ ᠪᠠᠶᠢᠭᠤᠯᠤᠨ ᠦᠭᠴᠡᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号