ᠦᠭᠡᠲᠠᠢ ᠬᠠᠭᠠᠨ ︵1186—1241︶ | | ᠶᠡᠭᠡ ᠮᠤᠩᠭᠤᠯ ᠤᠯᠤᠰ ᠤᠨ ᠬᠤᠶᠠᠳᠤᠭᠠᠷ ᠶᠡᠭᠡ ᠬᠠᠭᠠᠨ᠂ ᠮᠤᠩᠭᠤᠯ ᠦᠨᠳᠦᠰᠦᠲᠡᠨ᠂ ᠳᠡᠯᠡᠭᠡᠢ ᠳᠤ ᠠᠯᠳᠠᠷ ᠲᠠᠢ | ᠴᠡᠷᠢᠭ ᠳᠠᠶᠢᠨᠴᠢ᠃ ᠬᠢᠶᠠᠨ ᠶᠠᠰᠤᠲᠤ ᠮᠤᠩᠭᠤᠯ ᠠᠶᠢᠮᠠᠭ ᠤᠨ ᠪᠤᠷᠵᠢᠬᠢᠨ ᠤᠪᠤᠭᠲᠡᠨ᠃ 1186 ᠤᠨ ᠳᠤ | ᠴᠢᠩᠬᠢᠰ ᠬᠠᠭᠠᠨ ᠪᠤᠯᠤᠨ ᠬᠤᠩᠬᠢᠷᠠᠳ ᠤᠪᠤᠭᠲᠤ ᠮᠡᠷᠭᠡᠳ ᠭᠡᠶᠢᠭᠦᠯᠦᠭᠴᠢ ᠡᠰᠢ ᠬᠠᠲᠤᠨ ᠪᠦᠷᠲᠡ ᠦᠵᠢᠨ ᠤ | ᠭᠤᠷᠪᠠᠳᠤᠭᠠᠷ ᠬᠦᠪᠡᠭᠦᠨ ᠪᠤᠯᠵᠤ ᠵᠠᠶᠠᠭᠠᠵᠠᠢ᠂ ᠴᠡᠭᠡᠷᠯᠡᠭᠦᠢ ᠨᠡᠷ᠎ᠡ ᠨᠢ ᠦᠭᠡᠲᠡᠢ᠂ ᠡᠷᠭᠦᠮᠵᠢ ᠠᠯᠳᠠᠷ ᠨᠢ ᠦᠭᠡᠲᠡᠢ | ᠬᠠᠭᠠᠨ᠂ ᠨᠡᠭᠡᠮᠵᠢ ᠠᠯᠳᠠᠷ ᠨᠢ ᠠᠷᠤᠤᠬᠠᠨ ᠵᠠᠰᠠᠭᠲᠤ ᠬᠠᠭᠠᠨ᠂ ᠰᠦᠮ᠎ᠡ ᠶᠢᠨ ᠠᠯᠳᠠᠷ ᠨᠢ ᠲᠤᠯᠭᠤᠷ ᠬᠠᠭᠠᠨ᠃ | ᠴᠢᠩᠬᠢᠰ ᠬᠠᠭᠠᠨ ᠠᠯᠲᠡᠨ ᠤᠯᠤᠰ ᠢ ᠳᠠᠶᠢᠯᠠᠵᠤ ᠰᠠᠷᠲᠠᠭᠤᠯ ᠢ ᠲᠤᠭᠲᠠᠭᠠᠬᠤ ᠳᠤ ᠦᠭᠡᠳᠠᠢ ᠬᠤᠲᠠ ᠳᠠᠭᠠᠷᠢᠵᠤ | ᠭᠠᠵᠠᠷ ᠡᠵᠡᠯᠡᠬᠦ ᠭᠠᠪᠢᠶ᠎ᠡ ᠶᠢ ᠦᠯᠡᠮᠵᠢ ᠪᠠᠶᠢᠭᠤᠯᠵᠠᠢ᠃ ᠴᠢᠩᠬᠢᠰ ᠬᠠᠭᠠᠨ ᠦᠷᠦᠨᠡᠰᠢ ᠳᠠᠶᠢᠯᠠᠬᠤ ᠠᠴᠠ ᠡᠮᠦᠨ᠎ᠠ | ᠦᠭᠡᠳᠠᠢ ᠶᠢ ᠬᠠᠭᠠᠨ ᠤᠷᠤ ᠵᠠᠯᠭᠠᠮᠵᠢᠯᠠᠭᠴᠢ ᠪᠠᠷ ᠲᠤᠭᠲᠠᠭᠠᠵᠠᠢ᠃ ᠦᠭᠡᠲᠠᠢ 1225 ᠤᠨ ᠳᠤ ᠴᠢᠩᠬᠢᠰ ᠬᠠᠭᠠᠨ | ᠤ ᠡᠷᠭᠦᠮᠵᠢᠯᠡᠯ ᠢᠶᠠᠷ ᠡᠷᠴᠢᠰ ᠭᠤᠤᠯ ᠤᠨ ᠳᠡᠭᠡᠲᠤ ᠤᠷᠤᠰᠬᠠᠯ ᠪᠠ ᠪᠠᠯᠬᠠᠱ ᠨᠠᠭᠤᠷ ᠤᠨ ᠵᠡᠭᠦᠨᠳᠡᠬᠢ ᠭᠠᠵᠠᠷ ᠢ | ᠬᠤᠪᠢᠶᠠᠨ ᠤᠯᠵᠤ ᠡᠮᠢᠯ ᠬᠤᠲᠠ ︵ᠤᠳᠤ ᠶᠢᠨ ᠰᠢᠨᠵᠢᠶᠠᠩ ᠤᠨ ᠡᠮᠢᠯ ᠰᠢᠶᠠᠨ︶ ᠳᠤ ᠤᠷᠳᠤᠨ ᠪᠠᠶᠢᠭᠤᠯᠵᠠᠢ᠃ | 1229 ᠤᠨ ᠤ ᠬᠡᠷᠦᠯᠡᠨ ᠤ ᠶᠡᠭᠡ ᠤᠷᠳᠤᠨ ᠳᠠᠬᠢ ᠬᠤᠷᠠᠯᠳᠠᠢ ᠪᠠᠷ ᠳᠠᠮᠵᠢᠨ ᠦᠭᠡᠳᠠᠢ ᠬᠠᠭᠠᠨ ᠰᠠᠭᠤᠷᠢᠨ ᠳᠤ | ᠰᠠᠭᠠᠲᠠᠪᠠ᠃ ᠬᠤᠷᠠᠯᠳᠠᠢ ᠳᠡᠭᠡᠷ᠎ᠡ ᠢᠵᠠᠭᠤᠷᠲᠡᠳ ᠨᠤᠶᠠᠳ᠄ ︽ᠶᠡᠭᠡ ᠬᠠᠭᠠᠨ ᠤ ᠤᠷᠤ ᠶᠢ ᠦᠨᠢᠳᠡ ᠲᠡᠭᠦᠨ ᠤ | ᠦᠷ᠎ᠡ ᠠᠴᠢ ᠨᠠᠷ ᠲᠤ ᠵᠠᠯᠭᠠᠮᠵᠢᠯᠠᠭᠤᠯᠤᠨᠠ᠂ ᠪᠤᠰᠤᠳ ᠤᠳᠤᠮ ᠤᠨ ᠲᠦᠷᠦᠯ ᠤᠨ ᠨᠤᠶᠠᠳ ᠢ ᠡᠷᠭᠦᠮᠵᠢᠯᠡᠬᠦ ᠦᠭᠡᠢ | ︾ ᠬᠡᠮᠡᠨ ᠠᠨᠳᠠᠭᠠᠶᠢᠯᠠᠪᠠ᠃ ᠦᠭᠡᠳᠡᠢ ᠬᠠᠭᠠᠨ 1233 ᠤᠨ ᠳᠤ ᠶᠠᠨᠵᠢᠩ ︵ᠤᠳᠤ ᠶᠢᠨ ᠪᠡᠭᠡᠵᠢᠩ︶ ᠳᠤ ᠤᠯᠤᠰ | ᠤᠨ ᠬᠦᠪᠡᠭᠦᠳ ᠢ ᠬᠦᠮᠦᠵᠢᠭᠦᠯᠬᠦ ᠰᠤᠷᠭᠠᠭᠤᠯᠢ ᠪᠠᠶᠢᠭᠤᠯᠵᠠᠢ᠃ 1235 ᠤᠨ ᠳᠤ ᠬᠠᠷᠠᠬᠤᠷᠤᠮ ᠬᠤᠲᠠ ᠶᠢ | ᠴᠤᠭᠴᠠᠯᠠᠭᠤᠯᠵᠤ ᠤᠯᠤᠰ ᠤᠨ ᠨᠡᠶᠢᠰᠯᠠᠯ ᠪᠤᠯᠭᠠᠨ ᠲᠦᠮᠡᠨ ᠠᠮᠤᠭᠤᠯᠠᠩᠲᠤ ᠤᠷᠳᠤᠨ ᠵᠡᠷᠭᠡ ᠶᠢ ᠪᠠᠶᠢᠭᠤᠯᠵᠠᠢ᠃ | 1234 ᠤᠨ ᠳᠤ ᠠᠯᠲᠡᠨ ᠤᠯᠤᠰ ᠢ ᠮᠦᠬᠦᠭᠡᠵᠤ᠂ 1235 ᠤᠨ ᠳᠤ ︽ᠠᠬᠠᠮᠡᠳ ᠬᠦᠪᠡᠭᠦᠳ ᠤᠨ ᠪᠠᠷᠠᠭᠤᠨᠰᠢ | ᠠᠶᠠᠯᠠᠭᠰᠡᠨ ᠳᠠᠶᠢᠨ︾ ᠢ ᠵᠣᠬᠢᠶᠠᠨ ᠪᠠᠶᠢᠭᠤᠯᠵᠤ ᠤᠷᠤᠰ ᠪᠤᠯᠤᠨ ᠵᠡᠭᠦᠨ ᠡᠸᠦ᠋ᠷᠦᠫᠠ ᠤᠷᠤᠭᠤ ᠳᠠᠶᠢᠯᠠᠭᠤᠯᠵᠤ᠂ | 1236 — 1242 ᠤᠨ ᠤ ᠬᠤᠭᠤᠷᠤᠨᠳᠤ ᠬᠢᠪᠴᠠᠭᠴᠤᠳ ᠢ ᠲᠦᠪᠰᠢᠳᠭᠡᠨ ︵ᠬᠤᠵᠢᠮ ᠤᠨ ᠬᠢᠪᠴᠠᠭ | ᠬᠠᠭᠠᠨᠲᠤ ᠤᠯᠤᠰ ᠤᠨ ᠡᠭᠦᠰᠦᠯ ᠳᠤ ᠰᠠᠭᠤᠷᠢ ᠲᠠᠯᠪᠢᠵᠠᠢ︶᠂ ᠪᠠᠰᠡ ᠤᠷᠤᠰ᠂ ᠮᠠᠵᠠᠷ ︵ᠬᠠᠩᠭᠠᠷᠢ︶᠂ ᠫᠤᠯᠱᠠ ᠶᠢ | ᠡᠵᠡᠯᠡᠵᠡᠢ᠃ ᠦᠭᠡᠳᠠᠢ ᠪᠠᠰᠡ ᠴᠡᠷᠢᠭ ᠲᠤᠮᠢᠯᠠᠨ ᠡᠮᠦᠨᠠᠰᠢ ᠰᠦᠩ ᠤᠯᠤᠰ ᠢ᠂ ᠳᠤᠷᠤᠨᠠᠰᠢ ᠰᠤᠯᠤᠩᠭᠤᠰ ᠤᠯᠤᠰ ᠢ | ᠳᠠᠶᠢᠯᠠᠭᠤᠯᠵᠠᠢ᠃ ᠦᠭᠡᠳᠠᠢ ᠬᠠᠭᠠᠨ ᠤ ᠬᠤᠭᠤᠴᠠᠭᠠᠨ ᠳᠤ ᠮᠤᠩᠭᠤᠯ ᠬᠠᠭᠠᠨᠲᠤ ᠤᠯᠤᠰ ᠤᠨ ᠨᠤᠲᠤᠭ ᠳᠡᠪᠢᠰᠭᠡᠷ | ᠳᠤᠮᠳᠠᠲᠤ ᠤᠯᠤᠰ ᠤᠨ ᠤᠮᠠᠷᠠᠲᠤ ᠤᠷᠤᠨ᠂ ᠳᠤᠮᠳᠠᠲᠤ ᠠᠽᠢᠶ᠎ᠡ᠂ ᠵᠡᠭᠦᠨ ᠡᠸᠦ᠋ᠷᠦᠫᠠ ᠶᠢ ᠪᠠᠭᠲᠠᠭᠠᠵᠤ ᠤᠯᠠᠮ | ᠦᠷᠭᠡᠵᠢᠵᠠᠢ᠃ ᠦᠭᠡᠲᠡᠢ ᠬᠠᠭᠠᠨ 1241 ᠤᠨ ᠤ ᠰᠡᠭᠦᠯᠴᠢ ᠪᠠᠷ ᠠᠷᠢᠬᠢᠨ ᠳᠤ ᠴᠢᠯᠡᠭᠡᠷᠭᠡᠵᠤ ᠲᠩᠷᠢ ᠪᠤᠯᠪᠠ᠃ | ᠬᠠᠰ ᠢᠵᠠᠭᠤᠷ ᠢ ᠨᠢ ᠬᠦᠷᠦᠯᠬᠦ ᠬᠡᠮᠡᠬᠦ ᠭᠠᠵᠠᠷ ᠤᠷᠤᠰᠢᠭᠤᠯᠵᠠᠢ᠃ ᠦᠭᠡᠲᠠᠢ ᠬᠠᠭᠠᠨ ᠤ ᠳᠠᠷᠠᠭ᠎ᠠ ᠵᠢᠷᠭᠤᠳᠤᠭᠠᠷ | ᠡᠰᠢ ᠬᠠᠲᠤᠨ ᠨᠢ ᠨᠠᠢᠮᠠᠵᠢᠨ ᠤᠪᠤᠭᠲᠤ ᠲᠦᠷᠭᠡᠨ᠎ᠡ ᠬᠠᠲᠤᠨ ᠵᠠᠰᠠᠭ ᠪᠠᠷᠢᠪᠠ᠃ ︽ᠶᠤᠸᠠᠨ ᠤᠯᠤᠰ ᠤᠨ ᠲᠡᠦᠭᠡ︾ | ᠳᠤ ᠦᠭᠡᠲᠠᠢ ᠬᠠᠭᠠᠨ ᠤ ᠲᠤᠬᠠᠢ ︽ᠬᠠᠭᠠᠨ ᠢᠶᠠᠷ ᠠᠭᠤᠤᠴᠢ ᠲᠡᠨᠢᠭᠦᠨ ᠪᠠᠭᠲᠠᠭᠠᠮᠵᠢ ᠶᠡᠭᠡ᠂ ᠰᠢᠳᠤᠷᠭᠤ | ᠦᠷᠦᠰᠢᠶᠠᠩᠭᠦᠢ᠂ ᠴᠠᠭ ᠢ ᠰᠢᠨᠵᠢᠨ ᠬᠦᠴᠦᠨ ᠢᠶᠠᠨ ᠲᠦᠰᠦᠪᠯᠡᠨ᠂ ᠦᠢᠯᠡ ᠪᠦᠬᠦᠨ ᠠᠯᠳᠠᠰᠢ ᠦᠭᠡᠢ ᠠᠵᠤᠭᠤ᠂ | ᠳᠤᠮᠳᠠᠲᠤ ᠤᠷᠤᠨ ᠪᠠᠶᠠᠨ ᠲᠠᠩᠰᠤᠭ᠂ ᠬᠤᠨᠢ ᠠᠳᠤᠭᠤ ᠰᠦᠷᠦᠭᠯᠡᠨ ᠪᠡᠯᠴᠢᠵᠤ᠂ ᠠᠶᠠᠨ ᠵᠠᠮ ᠳᠤ ᠴᠤ ᠬᠦᠨᠡᠰᠦ | ᠦᠯᠦ ᠪᠡᠯᠡᠳᠭᠡᠬᠦ ᠪᠦᠯᠦᠭᠡ᠂ ᠴᠠᠭ ᠲᠦᠷᠦ ᠶᠢ ᠢᠨᠦ ᠡᠩᠭᠡ ᠲᠦᠪᠰᠢᠨ ᠬᠡᠮᠡᠳᠡᠭ︾ ᠭᠡᠵᠤ ᠲᠡᠮᠲᠡᠭᠯᠡᠵᠡᠢ᠃ | ᠦᠭᠡᠲᠡᠢ ᠬᠠᠭᠠᠨ ᠤ ᠭᠠᠪᠢᠶ᠎ᠡ ᠵᠢᠳᠭᠦᠯ᠄ | ⒈ ᠴᠢᠩᠬᠢᠰ ᠬᠠᠭᠠᠨ ᠤ ᠵᠤᠷᠢᠭ ᠰᠠᠨᠠᠭ᠎ᠠ ᠶᠢ ᠵᠠᠯᠭᠠᠮᠵᠢᠯᠠᠵᠤ ᠦᠷᠭᠦᠯᠵᠢᠯᠠᠨ ᠭᠠᠳᠠᠭᠰᠢ ᠳᠠᠶᠢᠯᠠᠵᠤ᠂ ᠳᠤᠷᠤᠨᠠᠰᠢ | ᠡᠮᠦᠨᠠᠰᠢ ᠦᠷᠦᠨᠠᠰᠢ ᠴᠡᠷᠢᠭ ᠲᠤᠪᠲᠤᠯᠭᠠᠨ ᠨᠤᠲᠤᠭ ᠳᠡᠪᠢᠰᠭᠡᠷ ᠢᠶᠠᠨ ᠤᠯᠠᠮ ᠶᠡᠭᠡ ᠦᠷᠭᠡᠳᠭᠡᠵᠡᠢ᠃ | ⒉ ᠨᠡᠶᠢᠰᠯᠠᠯ ᠬᠤᠲᠠ ᠬᠠᠷᠠᠬᠤᠷᠤᠮ ᠢ ᠴᠤᠭᠴᠠᠯᠠᠨ ᠪᠠᠶᠢᠭᠤᠯᠵᠤ ᠭᠤᠪᠢ ᠶᠢᠨ ᠠᠷᠤ ᠶᠢᠨ ᠲᠡᠦᠭᠡᠨ ᠳᠡᠭᠡᠷᠡᠬᠢ | ᠠᠩᠬᠠᠨ ᠤ ᠭᠠᠶᠢᠬᠠᠮᠰᠢᠭᠲᠤ ᠲᠤᠮᠤ ᠬᠤᠲᠠ ᠶᠢᠨ ᠪᠠᠷᠢᠯᠭ᠎ᠠ ᠶᠢ ᠪᠡᠶᠡᠯᠡᠭᠦᠯᠵᠠᠢ᠃ | ⒊ ᠦᠷᠲᠡᠭᠡ ᠵᠠᠮ ᠤᠨ ᠳᠦᠷᠢᠮ ᠢ ᠠᠩᠬᠠᠯᠠᠨ ᠲᠤᠭᠲᠠᠭᠠᠵᠤ᠂ ᠤᠯᠠᠨ ᠭᠠᠵᠠᠷ ᠲᠤ ᠮᠡᠳᠡᠭᠡᠯᠡᠭᠴᠢ ᠵᠠᠬᠢᠷᠤᠭᠴᠢ | ᠲᠤᠮᠢᠯᠠᠨ ᠬᠠᠮᠢᠶᠠᠷᠤᠭᠤᠯᠵᠤ᠂ ᠤᠯᠤᠰ ᠤᠨ ᠬᠤᠭᠤᠷᠤᠨᠳᠤᠬᠢ ᠡᠯᠴᠢ ᠶᠢᠨ ᠶᠠᠪᠤᠯᠴᠠᠭ᠎ᠠ ᠶᠢ ᠪᠠᠶᠢᠭᠤᠯᠤᠨ ᠤᠯᠤᠰ | ᠲᠦᠷᠦ ᠶᠢᠨ ᠡᠵᠡᠮᠰᠢᠯ ᠢᠶᠠᠨ ᠴᠢᠩᠭᠠᠳᠬᠠᠪᠠ᠃ | ⒋ ᠬᠤᠳᠳᠤᠭ ᠮᠠᠯᠲᠠᠭᠤᠯᠤᠨ ᠮᠠᠯ ᠠᠵᠤ ᠠᠬᠤᠢ ᠶᠢ ᠳᠡᠳᠭᠦᠵᠤ᠂ ᠭᠠᠶᠢᠯᠢ ᠭᠤᠪᠴᠢᠭᠤᠷ ᠢ ᠳᠦᠷᠢᠮᠵᠢᠭᠦᠯᠵᠤ᠂ | ᠪᠦᠬᠦ ᠤᠯᠤᠰ ᠤᠨ ᠬᠡᠪᠴᠢᠶᠠᠨ ᠳᠤ ᠰᠠᠩ ᠬᠦᠮᠦᠷᠭᠡ ᠪᠠᠶᠢᠭᠤᠯᠵᠤ ᠤᠯᠤᠰ ᠤᠨ ᠠᠵᠤ ᠠᠬᠤᠢ ᠶᠢᠨ ᠬᠦᠴᠦᠨ ᠢᠶᠠᠨ | ᠴᠢᠩᠭᠠᠳᠬᠠᠵᠠᠢ᠃ | ⒌ ᠠᠯᠲᠡᠨ ᠤᠯᠤᠰ ᠢ ᠮᠦᠬᠦᠭᠡᠵᠠᠢ᠃ | ⒍ ᠪᠢᠴᠢᠭ ᠰᠤᠶᠤᠯ ᠢ ᠬᠦᠨᠳᠦᠳᠭᠡᠵᠤ ᠤᠯᠤᠰ ᠤᠨ ᠬᠦᠪᠡᠭᠦᠳ ᠢ ᠬᠦᠮᠦᠵᠢᠭᠦᠯᠬᠦ ᠰᠤᠷᠭᠠᠭᠤᠯᠢ ᠶᠢ | ᠪᠠᠶᠢᠭᠤᠯᠤᠭᠰᠡᠨ ᠪᠦᠭᠡᠳ ᠬᠢᠲᠡᠨ ᠬᠦᠮᠦᠨ ᠶᠧᠯᠢᠤᠢ ᠴᠦᠼᠠᠢ ᠶᠢ ᠳᠣᠮᠳᠠᠲᠤ ᠪᠢᠴᠢᠭ ᠤᠨ ᠮᠤᠵᠢ ᠶᠢᠨ ᠲᠡᠷᠢᠭᠦᠯᠡᠭᠴᠢ | ᠲᠦᠰᠢᠮᠡᠯ ᠢᠶᠠᠷ ᠲᠤᠮᠢᠯᠠᠨ ᠬᠢᠲᠡᠳ ᠳᠦᠷᠢᠮ ᠢ ᠬᠡᠷᠡᠭᠵᠢᠭᠦᠯᠵᠤ ᠳᠤᠮᠳᠠᠲᠤ ᠤᠷᠤᠨ ᠤ ᠪᠢᠴᠢᠭ ᠤᠨ ᠬᠦᠮᠦᠰ ᠢ | ᠬᠦᠨᠳᠦᠳᠭᠡᠨ ᠶᠡᠭᠡ ᠬᠡᠮᠵᠢᠶ᠎ᠡ ᠪᠠᠷ ᠰᠢᠯᠭᠠᠨ ᠡᠯᠰᠡᠵᠤ ᠵᠠᠰᠠᠭ ᠲᠦᠷᠦ ᠳᠤ ᠦᠢᠯᠡᠴᠢᠯᠡᠭᠦᠯᠦᠨ ᠶᠤᠸᠠᠨ ᠤᠯᠤᠰ ᠤᠨ | ᠪᠠᠶᠢᠭᠤᠯᠤᠭᠳᠠᠬᠤ ᠳᠤ ᠵᠣᠬᠢᠬᠤ ᠰᠠᠭᠤᠷᠢ ᠲᠠᠯᠪᠢᠵᠠᠢ᠃ | ᠦᠭᠡᠲᠡᠢ ᠬᠠᠭᠠᠨ ᠤ ᠪᠢᠯᠢᠭ ᠰᠤᠷᠭᠠᠯ᠄ | ᠡᠷᠳᠡᠮ ᠢ ᠡᠰᠡ ᠰᠤᠷᠪᠠᠰᠤ ᠬᠡᠷᠡᠭᠯᠡᠬᠦ ᠴᠠᠭ ᠲᠤᠷ ᠭᠡᠮᠰᠢᠶᠤ | ᠡᠷᠡᠭᠦᠯ ᠪᠡᠶ᠎ᠡ ᠪᠠᠨ ᠡᠰᠡ ᠠᠰᠠᠷᠠᠪᠠᠰᠤ ᠡᠪᠡᠳᠦᠭᠰᠡᠨ ᠤ ᠬᠤᠶᠢᠨ᠎ᠠ ᠭᠡᠮᠰᠢᠶᠤ᠃ | ᠨᠤᠶᠠᠨ ᠪᠦᠭᠡᠳ ᠠᠷᠢᠭᠤᠨ ᠡᠰᠡ ᠶᠠᠪᠤᠪᠠᠰᠤ ᠪᠠᠭᠤᠷᠠᠭᠰᠡᠨ ᠤ ᠬᠤᠶᠢᠨ᠎ᠠ ᠭᠡᠮᠰᠢᠶᠤ | ᠪᠠᠶᠠᠨ ᠪᠦᠭᠡᠳ ᠡᠳ᠋ᠯᠡᠨ ᠡᠰᠡ ᠴᠢᠳᠠᠪᠠᠰᠤ ᠦᠭᠡᠶᠢᠭᠦᠷᠡᠭᠰᠡᠨ ᠤ ᠬᠤᠶᠢᠨ᠎ᠠ ᠭᠡᠮᠰᠢᠶᠤ᠃ | ᠠᠷᠢᠬᠢ ᠤᠤᠭᠤᠵᠤ ᠮᠠᠭᠤ ᠠᠪᠤᠷᠢᠯᠠᠪᠠᠰᠤ ᠰᠡᠷᠡᠭᠰᠡᠨ ᠤ ᠬᠤᠶᠢᠨ᠎ᠠ ᠬᠡᠮᠰᠢᠶᠤ | ᠦᠢᠯᠡ ᠦᠭᠡ ᠬᠤᠶᠠᠷ ᠤᠨ ᠤᠴᠢᠷ ᠲᠤᠷ ᠦᠬᠦᠬᠦ ᠶᠢᠨ ᠦᠶ᠎ᠡ ᠭᠡᠮᠰᠢᠶᠤ᠃ |