ᠮᠤᠩᠭᠤᠯ ᠳᠤ ᠲᠠᠭᠠᠷ᠎ᠠ ᠤᠷᠤᠭᠰᠠᠨ ᠪᠤᠷᠢᠶᠠᠳ ᠤᠨ ᠲᠤᠪᠴᠢ ᠲᠡᠤᠭᠡᠳ᠋᠊ · ᠲ᠊
ᠨᠡᠶᠢᠲᠡᠯᠡᠭᠰᠡᠨ ᠴᠠᠭ᠄
2019/9/20
ᠨᠢᠭᠡ᠂ ᠬᠤᠷᠢ ᠪᠤᠷᠢᠶᠠᠳ ᠤᠨ ᠲᠤᠪᠴᠢ ᠲᠡᠤᠭᠡ ᠪᠤᠷᠢᠶᠠᠳ ᠤᠨ ᠡᠪᠦᠭᠡ ᠲᠡᠭᠡᠳᠤᠰ ᠪᠠᠶᠢᠭᠠᠯ ᠨᠠᠭᠤᠷ ᠤᠨ ᠤᠷᠴᠢᠮ ᠳᠤ ᠠᠮᠢᠳᠤᠷᠠᠳᠠᠭ ︽ᠤᠢ ᠶᠢᠨ ᠢᠷᠭᠡᠳ︾ ᠤᠨ ᠨᠢᠭᠡᠨ ᠭᠡᠰᠡᠭ ᠨᠢ ᠪᠠᠶᠢᠵᠠᠢ᠃ ︽ᠤᠢ ᠶᠢᠨ ᠢᠷᠭᠡᠳ︾ ᠭᠡᠳᠡᠭ ᠨᠢ ᠦᠷᠭᠡᠨ ᠦᠢᠯᠠᠭᠠᠯᠳᠠ ᠲᠠᠢ ᠪᠦᠭᠡᠳ ᠡᠨᠡ ᠨᠠᠷ᠎ᠠ ᠶᠢᠨ ᠲᠤᠤᠷ᠎ᠠ ᠤᠯᠠᠨ ᠶᠠᠰᠤᠳᠠᠨ ᠰᠠᠯᠪᠤᠷᠢᠯᠠᠨ ᠭᠠᠷᠴᠠᠢ᠃ ᠤᠷᠤᠰ ᠤᠨ ᠡᠷᠳᠡᠮᠳᠡᠨ ᠲᠤᠷᠵᠢ ᠪᠠᠨᠵᠠᠷᠤᠸ᠋ ︽ᠦᠢᠷᠠᠳ ᠭᠡᠮᠡᠬᠦ ᠦᠭᠡ ᠨᠢ ᠦᠢᠷ᠎ᠠ᠂ ᠬᠤᠯᠠ ᠭᠡᠰᠡᠨ ᠦᠭᠡᠨ ᠠᠴᠠ ᠪᠢᠰᠢ᠂ ᠤᠢ — ᠠᠷᠠᠳ ︵ᠤᠢ ᠶᠢᠨ ᠠᠷᠠᠳ︶ ᠭᠡᠳᠡᠭ ᠦᠭᠡᠨ ᠠᠴᠠ ᠭᠠᠷᠤᠭᠰᠠᠨ ᠪᠦᠭᠡᠳ ᠤᠢ ᠶᠢᠨ ᠢᠷᠭᠡᠳ ᠭᠡᠰᠡᠨ ᠲᠡᠷᠡ ᠨᠠᠷ᠎ᠠ ᠦᠭᠡ ᠮᠦᠨ ᠪᠦᠭᠡᠳ ᠷᠠᠰᠢᠳ᠋ — ᠠᠳ᠋ᠳ᠋ ᠤᠨ ᠤᠢ ᠶᠢᠨ ᠢᠷᠭᠡᠨ ᠭᠡᠰᠡᠨ ᠲᠡᠷᠡ ᠨᠠᠷ᠎ᠠ ᠮᠦᠨ︾ ᠭᠡᠵᠡᠢ᠃ ᠤᠢ ᠶᠢᠨ ᠢᠷᠭᠡᠳ ᠨᠢ ᠡᠷᠳᠡᠨ ᠠᠴᠠ ᠨᠠᠭᠠᠰᠢ ᠪᠠᠶᠢᠭᠠᠯ ᠨᠠᠭᠤᠷ᠂ ᠰᠡᠯᠡᠩᠭᠡ ᠶᠢᠨ ᠠᠳᠠᠭ ᠲᠠᠭᠨ᠎ᠠ᠂ ᠰᠤᠶᠤᠭᠠᠨ ᠤ ᠨᠠᠭᠤᠷ᠂ ᠶᠧᠨᠧᠰᠠᠢ᠂ ᠡᠷᠴᠢᠰ ᠮᠦᠷᠡᠨ ᠤ ᠡᠬᠢ᠂ ᠠᠯᠳᠠᠷ ᠠᠭᠤᠯᠠ ᠶᠢᠨ ᠤᠢ ᠲᠠᠶᠢᠭ᠎ᠠ ᠳᠤ ᠤᠷᠴᠢᠨ ᠰᠠᠭᠤᠵᠤ ᠠᠩ ᠬᠦᠷᠤᠭᠡᠰᠤ ᠪᠠᠷ ᠠᠮᠢᠳᠤᠷᠠᠵᠤ ᠢᠷᠡᠭᠰᠡᠨ ᠪᠦᠭᠡᠳ ᠪᠤᠷᠢᠶᠠᠳ᠂ ᠬᠤᠷᠢ — ᠲᠦᠮᠡᠳ᠂ ᠪᠤᠯᠠᠭᠠᠴᠢᠨ᠂ ᠭᠡᠷᠡᠮᠤᠴᠢᠨ ᠮᠡᠳᠤ ᠶᠢᠨ ᠤᠪᠤᠭ ᠤᠳ ᠤᠨ ᠡᠪᠦᠭᠡ ᠲᠡᠭᠡᠳᠤᠰ ᠮᠦᠨ ᠭᠡᠵᠤ ᠮᠤᠩᠭᠤᠯ ᠤᠨ ᠲᠡᠤᠭᠡᠴᠢᠳ᠂ ᠤᠭᠰᠠᠭᠠᠳᠠᠨ ᠵᠦᠢᠴᠢᠳ ᠦᠵᠡᠵᠤ ᠪᠠᠶᠢᠨ᠎ᠠ᠃ ᠡᠨᠡ ᠨᠤᠳᠤᠭ ᠤᠨ ᠬᠦᠮᠤᠰ 1207 ᠤᠨ ᠤ ᠦᠶ᠎ᠠ ᠳᠤ ᠴᠢᠩᠭᠢᠰ ᠬᠠᠭᠠᠨ ᠤ ᠬᠠᠷᠢᠶᠠᠯᠠᠯ ᠳᠤ ᠤᠷᠤᠭᠠᠳ 17 ᠳ᠋ᠤᠭᠠᠷ ᠵᠠᠭᠤᠨ ᠤ ᠰᠡᠬᠦᠯ ᠤᠨ ᠬᠠᠭᠠᠰ᠂ 18 ᠳ᠋ᠤᠭᠠᠷ ᠵᠠᠭᠤᠨ ᠤ ᠡᠬᠢᠨ ᠠᠴᠠ ᠪᠤᠷᠢᠶᠠᠳ ᠨᠤᠳᠤᠭ ᠲᠠᠬᠢ ᠮᠤᠩᠭᠤᠯ ᠤᠨ ᠬᠠᠭᠠᠨᠳᠤ ᠤᠯᠤᠰ ᠤᠨ ᠡᠵᠡᠩᠨᠡᠯ ᠲᠤᠳᠤᠭᠠᠳᠤ ᠶᠢᠨ ᠨᠦᠬᠦᠴᠡᠯ ᠪᠠᠶᠢᠳᠠᠯ ᠠᠴᠠ ᠪᠤᠯᠵᠤ ᠰᠤᠯᠠᠷᠠᠵᠤ ᠡᠬᠢᠯᠡᠭᠰᠡᠨ ᠪᠠᠶᠢᠨ᠎ᠠ᠃ ᠡᠨᠡ ᠴᠠᠭ ᠦᠶ᠎ᠠ ᠶᠢ ᠠᠰᠢᠭᠯᠠᠵᠤ ᠤᠷᠤᠰ ᠤᠨ ᠬᠠᠭᠠᠳ᠂ ᠰᠢᠪᠧᠷᠢᠶ᠎ᠠ ᠶᠢ ᠡᠵᠡᠮᠰᠢᠬᠦ ᠪᠤᠳᠤᠯᠭ᠎ᠠ ᠶᠢ ᠬᠦᠴᠤᠳᠡᠢ ᠪᠤᠯᠭᠠᠵᠤ ᠪᠤᠷᠢᠶᠠᠳ ᠢ ᠦᠪᠡᠷ ᠤᠨ ᠵᠦᠭ ᠲᠠᠳᠠᠵᠤ ᠡᠬᠢᠯᠡᠵᠡᠢ᠃ ᠡᠨᠡ ᠦᠶ᠎ᠠ ᠪᠤᠶᠤ 1583 ᠤᠨ ᠠᠴᠠ ᠪᠠᠶᠢᠭᠠᠯ ᠨᠠᠭᠤᠷ ᠠᠴᠠ ᠪᠠᠷᠠᠭᠤᠨ ᠲᠡᠰᠢ ᠡᠷᠭᠡᠤ ᠬᠤᠳᠠ ᠶᠢᠨ ᠤᠷᠴᠢᠮ ᠬᠠᠪᠢ ᠶᠢᠨ ᠬᠢᠨ ᠪᠤᠯᠤᠨ 1630 ᠤᠨ ᠠᠴᠠ ᠪᠠᠶᠢᠭᠠᠯ ᠨᠠᠭᠤᠷ ᠤᠨ ᠵᠡᠬᠦᠨ ᠲᠠᠯ᠎ᠠ ᠪᠠᠷ ᠤᠷᠤᠰᠢᠬᠤ ᠪᠤᠷᠢᠶᠠᠳ ᠤᠳ ᠤᠷᠤᠰ ᠤᠨ ᠬᠠᠷᠢᠶᠠᠳᠤ ᠪᠤᠯᠤᠭᠰᠠᠨ ᠪᠠᠶᠢᠨ᠎ᠠ᠃ ᠪᠤᠷᠢᠶᠠᠳ ᠤᠨ ᠡᠷᠳᠡ ᠲᠡᠭᠡᠳᠤ ᠦᠶ᠎ᠠ ᠶᠢᠨ ᠲᠡᠤᠭᠡ ᠶᠢ ᠪᠢᠴᠢᠭᠰᠡᠨ ᠵᠤᠬᠢᠶᠠᠯ ᠪᠦᠳᠤᠭᠡᠯ ᠳᠤ ᠪᠤᠷᠢᠶᠠᠳ ᠶᠠᠰᠤᠳᠠᠨ ᠤ ᠭᠠᠷᠤᠯ ᠡᠬᠦᠰᠤᠯ ᠢ ᠶᠡᠭᠡᠪᠴᠢᠯᠡᠨ ᠠᠷᠠᠳ ᠲᠦᠮᠡᠨ ᠤ ᠲᠤᠮᠳᠠ ᠦᠨᠢ ᠤᠳᠠᠭᠠᠨ ᠦᠯᠢᠭᠡᠷ ᠲᠤᠮᠤᠭ ᠤᠨ ᠪᠠᠶᠢᠳᠠᠯ ᠢᠶᠠᠷ ᠶᠠᠷᠢᠭᠳᠠᠵᠤ ᠢᠷᠡᠭᠰᠡᠨ ᠠᠷᠠᠳ ᠤᠨ ᠤᠯᠠᠮᠵᠢᠯᠠᠯᠳᠤ ᠠᠮᠠᠨ ᠵᠤᠬᠢᠶᠠᠯ ᠢᠶᠠᠷ ᠰᠡᠳᠤᠪᠯᠡᠨ ᠪᠢᠴᠢᠭᠰᠡᠨ ᠪᠠᠶᠢᠳᠠᠭ᠃ ᠪᠤᠷᠢᠶᠠᠳ ᠠᠷᠠᠳ ᠤᠨ ᠠᠮᠠᠨ ᠵᠤᠬᠢᠶᠠᠯ ᠳᠤ ᠪᠤᠷᠢᠶᠠᠳ ᠶᠠᠰᠤᠳᠠᠨ ᠤ ᠲᠡᠭᠡᠳᠤ ᠤᠭ ᠭᠠᠷᠤᠯ ᠢ ᠪᠦᠷᠳᠡ — ᠴᠢᠨ᠋ᠸ᠎ᠠ᠂ ᠭᠤᠸ᠎ᠠ — ᠮᠠᠷᠠᠯ ᠭᠡᠮᠡᠨ ᠲᠤᠮᠤᠭ ᠪᠤᠯᠭᠠᠨ ᠶᠠᠷᠢᠳᠠᠭ ᠠᠴᠠ ᠨᠢ ᠮᠤᠩᠭᠤᠯ ᠲᠤᠭᠤᠷᠭᠠᠳᠠᠨ ᠤ ᠨᠢᠭᠡ ᠭᠡᠰᠡᠭ ᠪᠤᠯᠬᠤ ᠨᠢ ᠬᠠᠷᠠᠭᠳᠠᠵᠤ ᠪᠠᠶᠢᠨ᠎ᠠ᠃ ᠪᠦᠷᠳᠡ — ᠴᠢᠨ᠋ᠸ᠎ᠠ᠂ ᠭᠤᠸ᠎ᠠ — ᠮᠠᠷᠠᠯ ᠬᠤᠶᠠᠷ ᠨᠢ ᠮᠢᠩᠭ᠎ᠠ ᠭᠤᠷᠪᠠᠨ ᠵᠠᠭᠤᠨ ᠠᠷᠪᠠᠭᠠᠳ ᠤᠨ ᠠᠴᠠ 400 ᠭᠠᠷᠤᠢ ᠵᠢᠯ ᠤᠨ ᠲᠡᠷᠳᠡᠭᠡ ᠦᠶ᠎ᠠ ᠳᠤ ᠠᠮᠢᠳᠤᠷᠠᠵᠤ ᠪᠠᠶᠢᠭᠰᠠᠨ ᠬᠦᠮᠤᠰ ᠪᠠᠶᠢᠵᠤ ᠪᠤᠯᠬᠤ ᠶᠤᠮ ᠭᠡᠵᠤ ᠵᠠᠷᠢᠮ ᠡᠷᠳᠡᠮᠳᠡᠨ ᠦᠵᠡᠳᠡᠭ ᠠᠵᠢ᠃ ᠪᠦᠷᠳᠡ — ᠴᠢᠨ᠋ᠸ᠎ᠠ ᠶᠢᠨ ᠲᠦᠰᠢᠮᠡᠯ ᠪᠠᠷᠭᠤᠪᠠᠭᠠᠳᠤᠷ ᠨᠢ ᠤᠯᠢᠶᠠᠳᠠᠢ᠂ ᠪᠤᠷᠢᠶᠠᠳ᠂ ᠬᠤᠷᠢᠶᠠᠳᠠᠢ ᠭᠡᠳᠡᠭ ᠭᠤᠷᠪᠠᠨ ᠬᠦᠤ ᠶᠢ ᠲᠦᠷᠤᠬᠦᠯᠤᠨ ᠦᠰᠭᠡᠵᠤ ᠡᠷ᠎ᠡ ᠶᠢᠨ ᠴᠡᠭᠡᠯ ᠳᠤ ᠬᠦᠷᠬᠦ ᠳᠤᠨᠢ ᠪᠠᠷᠭᠤᠪᠠᠭᠠᠳᠤᠷ ᠪᠤᠷᠢᠶᠠᠳ ᠬᠦᠤ ᠪᠠᠨ ᠲᠡᠷᠭᠡᠳᠡ ᠪᠠᠨ ᠠᠪᠴᠤ ᠦᠯᠡᠳᠡᠭᠡᠳ ᠤᠯᠢᠶᠠᠳᠠᠢ ᠶᠢ ᠪᠠᠷᠠᠭᠤᠨ ᠵᠦᠭ ᠶᠠᠪᠤᠭᠤᠯᠵᠤ ᠬᠤᠷᠢᠳᠠᠢ ᠶᠢ ᠠᠭᠤᠯᠠ ᠤᠢ ᠮᠤᠳᠤ ᠲᠠᠢ ᠭᠠᠵᠠᠷ ᠠᠩ ᠬᠢᠵᠤ ᠠᠮᠢᠳᠤᠷᠠ ᠭᠡᠵᠤ ᠶᠠᠪᠤᠭᠤᠯᠵᠠᠢ ᠁ ᠭᠡᠰᠡᠨ ᠲᠤᠮᠤᠭ ᠪᠠᠶᠢᠳᠠᠭ᠃ ᠡᠨᠡ ᠲᠤᠬᠠᠢ ᠪᠤᠷᠢᠶᠠᠳ ᠤᠨ ᠡᠷᠳᠡᠮᠳᠡᠨ ᠯ᠊ · ᠳ᠋᠊ · ᠱᠠᠭᠳᠠᠷᠤᠸ᠋ ᠤᠨ ᠲᠡᠮᠳᠡᠭᠯᠡᠯ ᠳᠤ ︽ᠡᠨᠡ ᠲᠤᠮᠤᠭ ᠦᠨᠡᠨ ᠪᠤᠳᠠᠳᠠᠢ ᠪᠠᠶᠢᠬᠤ ᠪᠦᠷᠢᠨ ᠦᠨᠳᠤᠰᠤᠯᠡᠯ ᠲᠠᠢ ᠶᠤᠮ︾ ᠭᠡᠵᠡᠢ᠃ ᠪᠤᠷᠢᠶᠠᠳ ᠤᠨ ᠡᠯᠳᠴᠡ ᠬᠤᠯᠤᠨᠴᠠ ᠶᠢᠨ ᠲᠡᠭᠡᠳᠤ ᠦᠶ᠎ᠠ ᠶᠢ ᠭᠤᠷᠪᠠᠨ ᠤᠭᠰᠠᠭᠠᠳᠠᠨ ᠪᠤᠯᠭᠠᠨ ᠲᠡᠤᠭᠡᠴᠢᠳ ᠲᠡᠮᠳᠡᠭᠯᠡᠳᠡᠭ᠃ ᠡᠬᠦᠨ ᠳᠤ᠄ ︵ᠨᠢᠭᠡ︶᠂ ᠬᠤᠷᠢ ᠲᠦᠮᠡᠳ ᠤᠨ ᠪᠤᠶᠤ ᠬᠤᠷᠢ ᠶᠢᠨ ᠠᠷᠪᠠᠨ ᠨᠢᠭᠡᠨ ᠡᠴᠢᠭᠡ ᠶᠢᠨ ᠡᠯᠤᠨᠴᠡ ᠦᠶ᠎ᠠ᠃ ︵ᠬᠤᠶᠠᠷ︶᠂ ᠪᠠᠷᠭᠤ ᠨᠤᠭᠤᠳ᠂ ᠬᠢᠩᠭᠠᠨ ᠨᠢᠷᠤᠭᠤ ᠶᠢᠨ ᠠᠷᠤ ᠪᠠᠯ ᠢᠶᠠᠷ ᠨᠤᠳᠤᠭᠯᠠᠵᠤ ᠪᠠᠶᠢᠭᠰᠠᠨ ᠪᠤᠷᠢᠶᠠᠳ ᠤᠳ ᠤᠨ ᠡᠯᠤᠨᠴᠠ ᠦᠶ᠎ᠠ᠂ ︵ᠭᠤᠷᠪᠠ︶᠂ ᠪᠤᠷᠢᠶᠠᠳ ᠤᠳ ᠪᠠ ᠬᠤᠷᠢ ᠲᠦᠮᠡᠳ ᠠᠴᠠ ᠲᠠᠰᠤᠷᠠᠵᠤ ᠦᠯᠡᠳᠡᠭᠰᠡᠨ ᠡᠯᠤᠨᠴᠠ ᠦᠶ᠎ᠠ ᠪᠤᠯᠤᠨ᠎ᠠ᠃ ᠲᠡᠤᠭᠡ ᠶᠢᠨ ᠤᠷᠳᠤ ᠤᠳᠠᠭᠠᠨ ᠬᠤᠭᠤᠴᠠᠭᠠᠨ ᠳᠤ ᠡᠳᠡᠭᠡᠷ ᠤᠪᠤᠭ ᠠᠶᠢᠮᠠᠭ ᠨᠢ ︽ᠪᠤᠷᠢᠶᠠᠳ︾ ᠭᠡᠳᠡᠭ ᠨᠢᠭᠡ ᠨᠠᠷ᠎ᠠ ᠶᠢᠨ ᠲᠤᠤᠷ᠎ᠠ ᠨᠡᠷᠡᠯᠡᠭᠳᠡᠬᠦ ᠪᠤᠯᠤᠭᠰᠠᠨ ᠪᠠᠶᠢᠨ᠎ᠠ᠃ ᠲᠡᠷᠡ ᠦᠶ᠎ᠠ ᠳᠤ ᠪᠠᠷᠭᠤᠪᠠᠭᠠᠳᠤᠷ ᠤᠨ ᠶᠡᠭᠡ ᠬᠠᠳᠤᠨ ᠪᠠᠷᠭᠤᠵᠢᠨ ᠭᠤᠸ᠎ᠠ ᠠᠴᠠ ᠨᠢ ᠭᠠᠭᠴᠠ ᠦᠬᠢᠨ ᠠᠯᠤᠩᠭᠤᠸ᠎ᠠ ᠲᠦᠷᠤᠵᠤ ᠲᠡᠷᠡ ᠨᠢ ᠲᠤᠪᠤ ᠮᠡᠷᠭᠡᠨ ᠤ ᠡᠭᠡᠨᠠᠷ ᠪᠤᠯᠵᠤ ᠂ ᠬᠤᠶᠠᠷ ᠬᠦᠤ ᠪᠦᠬᠦᠨᠤᠳᠡᠢ᠂ ᠪᠡᠯᠬᠦᠨᠤᠳᠠᠢ ᠶᠢ ᠲᠦᠷᠤᠬᠦᠯᠦᠭᠰᠡᠨ ᠪᠠᠶᠢᠨ᠎ᠠ᠃ ᠲᠤᠮᠳᠠ ᠬᠠᠳᠤᠨ ᠰᠢᠷᠠᠯᠳᠠᠢ ᠨᠢ ᠭᠠᠯᠵᠤᠳ᠂ ᠬᠤᠸᠠᠰᠠᠢ᠂ ᠬᠦᠪᠳᠡᠬᠦᠳ᠂ ᠬᠦᠰᠢᠳ᠂ ᠰᠢᠷᠠᠶᠢᠳ ᠭᠡᠰᠡᠨ ᠲᠠᠪᠤᠨ ᠬᠦᠪᠡᠬᠦᠳ᠂ ᠪᠠᠭ᠎ᠠ ᠬᠠᠳᠤᠨ ᠨᠠᠭᠠᠳᠠᠢ ᠨᠢ ᠬᠠᠷᠭᠠᠨ᠎ᠠ᠂ ᠪᠤᠳᠤᠩᠭᠤᠳ᠂ ᠬᠤᠳᠠᠢ᠂ ᠪᠠᠳᠤᠨᠠᠢ᠂ ᠴᠠᠭᠠᠩᠭᠤᠳ᠂ ᠬᠠᠯᠪᠢᠨ ᠭᠡᠰᠡᠨ ᠵᠢᠷᠭᠤᠭᠠᠨ ᠬᠦᠪᠡᠬᠦᠨ ᠲᠦᠷᠤᠬᠦᠯᠦᠭᠰᠡᠨ ᠪᠠᠶᠢᠨ᠎ᠠ᠃ ᠬᠤᠷᠢᠳᠠᠢ ᠮᠡᠷᠭᠡᠨ ᠤ ᠡᠨᠡ ᠠᠷᠪᠠᠨ ᠨᠢᠭᠡᠨ ᠬᠦᠪᠡᠬᠦᠳ ᠴᠠᠭᠠᠰᠢ ᠴᠠᠭᠠᠰᠢᠳᠠ ᠦᠷᠡᠵᠢᠵᠤ᠂ ︽ᠬᠤᠷᠢ ᠶᠢᠨ ᠠᠷᠪᠠᠨ ᠨᠢᠭᠡᠨ ᠡᠴᠢᠭᠡ︾ ᠭᠡᠵᠤ ᠲᠡᠤᠭᠡ ᠶᠢᠨ ᠲᠤᠮᠤᠭ ᠲᠤ ᠲᠡᠮᠳᠡᠭᠯᠡᠭᠳᠡᠨ ᠦᠯᠡᠳᠡᠭᠰᠡᠨ ᠪᠠᠶᠢᠨ᠎ᠠ᠃ ᠬᠤᠷᠢ ᠶᠢᠨ ᠠᠷᠪᠠᠨ ᠨᠢᠭᠡᠨ ᠡᠴᠢᠭᠡ ᠶᠢᠨ ᠪᠤᠷᠢᠶᠠᠳ ︽᠁ ᠤᠶᠢᠬᠤᠨ᠎ᠠ ᠠᠷᠠᠯ᠂ ᠲᠠᠯᠠᠢ ᠶᠢᠨ ᠬᠤᠶᠢᠭᠤᠷ᠂ ᠪᠠᠶᠢᠭᠠᠯ ᠤᠨ ᠤᠷᠢᠳᠤ ᠪᠠᠶ᠎ᠠ᠂ ᠰᠡᠯᠡᠩᠭᠡ ᠶᠢᠨ ᠠᠳᠠᠭ᠂ ᠬᠤᠳᠠᠷ ᠤᠨ ᠲᠠᠯ᠎ᠠ ᠳᠤ ᠲᠠᠳᠠᠨ ᠤ ᠨᠤᠳᠤᠭᠯᠠᠵᠤ ᠰᠠᠭᠤᠭᠰᠠᠨ ᠪᠠᠷᠭᠤᠪᠠᠭᠠᠳᠤᠷ ᠲᠠᠶᠢᠴᠢᠨ ᠨᠤᠶᠠᠨ ᠤ ᠲᠤᠮᠳᠠ ᠬᠦᠤ ᠪᠤᠷᠢᠶᠠᠳ ᠭᠡᠭᠴᠢ ᠠᠴᠠ ᠦᠨᠢᠷᠵᠢᠵᠤ ᠲᠠᠷᠬᠠᠭᠰᠠᠨ ᠪᠤᠷᠢᠶᠠᠳ ᠵᠤᠨ ᠲᠠᠢ ᠨᠡᠶᠢᠯᠡᠵᠤ ᠨᠤᠳᠤᠭᠯᠠᠭᠰᠠᠨ ᠰᠢᠯᠳᠠᠭᠠᠨ ᠠᠴᠠ ᠪᠤᠷᠢᠶᠠᠳ ᠨᠠᠷ᠎ᠠ ᠲᠠᠢ ᠪᠤᠯᠵᠤ ᠰᠠᠭᠤᠪᠠ ᠭᠡᠮᠡᠭᠰᠡᠨ ᠶᠠᠪᠤᠳᠠᠯ ᠴᠤᠬᠤᠮ ᠳᠠᠭᠠᠨ ᠤᠤᠭᠠᠯ ᠢᠷᠭᠡᠳ ᠤᠨ ᠨᠠᠷ᠎ᠠ ᠬᠤᠷᠢ ᠨᠠᠷ ᠲᠤ ᠰᠢᠯᠵᠢᠨ ᠨᠡᠶᠢᠯᠡᠵᠤ ᠬᠤᠷᠢ ᠪᠤᠷᠢᠶᠠᠳ ᠭᠡᠮᠡᠬᠦ ᠨᠡᠷ᠎ᠡ ᠲᠤᠮᠢᠶ᠎ᠠ ᠪᠤᠢ ᠪᠤᠯᠵᠠᠢ ︵ᠶᠤ · ᠸᠠᠩᠳᠠᠨ᠂ 1875 ᠤᠨ︶᠃ ᠪᠤᠷᠢᠶᠠᠳ ᠭᠡᠳᠡᠭ ᠨᠡᠷ᠎ᠡ ᠶᠢᠨ ᠲᠤᠬᠠᠢ ᠮᠠᠰᠢ ᠤᠯᠠᠨ ᠲᠠᠭᠠᠮᠠᠭᠯᠠᠯ ᠲᠡᠤᠭᠡᠨ ᠳᠤ ᠲᠡᠮᠳᠡᠭᠯᠡᠭᠳᠡᠨ ᠦᠯᠡᠳᠡᠵᠡᠢ᠃ ᠡᠬᠦᠨ ᠳᠤ᠄ ︽ᠪᠤᠷᠢᠳᠠᠢ︾᠂ ︽ᠪᠷᠠᠳ᠋ᠰᠺ︾᠂ ︽ᠪᠤᠷᠤᠳᠠᠢ︾᠂ ︽ᠪᠷᠠᠲ — ᠫᠶᠤᠷᠠᠲ︾᠂ ︽ᠪᠷᠠᠼᠺᠢᠸ᠋︾ ᠂ ︽ᠪᠦᠷᠠᠳᠢ︾ ᠭᠡᠬᠦ ᠮᠡᠳᠤ᠃ ᠬᠤᠷᠢᠳᠠᠢ ᠮᠡᠷᠭᠡᠨ ᠤ ᠠᠷᠪᠠᠨ ᠨᠢᠭᠡᠨ ᠬᠦᠪᠡᠬᠦᠳ ᠠᠴᠠ ᠬᠤᠶᠢᠰᠢ ᠤᠯᠠᠨ ᠦᠶ᠎ᠠ ᠶᠢᠨ ᠲᠠᠷᠠᠭ᠎ᠠ ᠬᠠᠯᠬ᠎ᠠ ᠮᠤᠩᠭᠤᠯ ᠤᠨ ᠲᠦᠮᠡᠳ ᠤᠨ ᠭᠡᠭᠡᠨ ᠭᠡᠵᠤ ᠠᠯᠳᠠᠷᠰᠢᠭᠰᠠᠨ ᠠᠯᠳᠠᠨ ᠰᠢᠷᠡᠭᠡᠳᠤ ᠬᠠᠭᠠᠨ ᠂ ᠴᠠᠰᠤᠳᠤ ᠡᠾᠢᠮᠠᠯᠢ ᠶᠢᠨ ᠲᠦᠪᠡᠳ ᠤᠷᠤᠨ ᠠᠴᠠ ᠤᠷᠤᠢ ᠶᠢᠨ ᠲᠡᠭᠡᠳᠤ ᠭᠤᠷᠪᠠᠳᠤᠭᠠᠷ ᠲᠠᠯᠠᠢ ᠯᠠᠮᠠ ᠰᠤᠳᠨᠠᠮᠵᠠᠮᠰᠤ ᠶᠢ 1577 ᠤᠨ ᠳᠤ ᠮᠤᠩᠭᠤᠯ ᠨᠤᠳᠤᠭ ᠲᠤ ᠵᠠᠯᠠᠭᠰᠠᠨ ᠪᠠᠶᠢᠨ᠎ᠠ᠃ ᠲ᠊ ‍ᠠᠯᠠᠢ ᠯᠠᠮᠠ ᠰᠤᠳᠨᠠᠮᠵᠠᠮᠰᠤ ᠷᠢᠳᠢ ᠰᠢᠳᠢ ᠶᠢᠨ ᠠᠷᠭ᠎ᠠ ᠪᠠᠷ ᠤᠯᠠᠭᠠᠨ ᠮᠦᠷᠡᠨ ᠢ ᠤᠷᠤᠰᠬᠠᠯ ᠰᠦᠷᠤᠨ ᠤᠷᠤᠰᠬᠠᠵᠤ ᠤᠨᠤᠭᠰᠠᠨ ᠮᠤᠷᠢᠨ ᠤ ᠬᠢᠨᠢ ᠬᠢᠰᠬᠢᠭᠰᠡᠨ ᠴᠢᠯᠠᠭᠤᠨ ᠲᠡᠭᠡᠷ᠎ᠠ ᠮᠠᠨᠢ ᠶᠢᠨ ᠵᠢᠷᠭᠤᠭᠠᠨ ᠦᠰᠦᠭ ︽ᠤᠮ ᠮᠠ ᠨᠢ ᠪᠠᠳ ᠮᠠ ᠬᠤᠮ︾ ᠭᠠᠷᠬᠤ ᠵᠡᠷᠭᠡ ᠪᠠᠷ ᠷᠢᠳᠢ ᠶᠢᠨ ᠬᠤᠪᠢᠯᠭᠠᠨ ᠤ ᠲᠦᠷᠢ ᠶᠢ ᠦᠵᠡᠬᠦᠯᠦᠭᠰᠡᠨ ᠪᠠᠶᠢᠨ᠎ᠠ᠃ ᠡᠶᠢᠮᠤ ᠠᠴᠠ ᠮᠤᠩᠭᠤᠯ ᠤᠨ ᠬᠠᠭᠠᠳ ᠨᠤᠶᠠᠳ᠂ ᠪᠦᠬᠦ ᠬᠦᠮᠤᠨ ᠢ ᠱᠠᠰᠢᠨ ᠰᠦᠰᠦᠭ ᠲᠠᠢ ᠪᠤᠯᠭᠠᠨ ᠪᠤᠳ᠋ᠳ᠋ᠾᠨ ᠶᠢᠨ ᠪᠤᠷᠬᠠᠨ ᠱᠠᠰᠢᠨ ᠢ ᠲᠡᠯᠭᠡᠷᠡᠬᠦᠯᠵᠤ ᠠᠷᠪᠢᠨ ᠪᠤᠶᠠᠨ ᠨᠤᠮ ᠤᠨ ᠬᠠᠤᠯᠢ ᠶᠢ ᠪᠠᠶᠢᠭᠤᠯᠤᠭᠰᠠᠨ ᠪᠠᠶᠢᠨ᠎ᠠ᠂ ᠡᠨᠡ ᠦᠶ᠎ᠠ ᠳᠤ ᠮᠤᠩᠭᠤᠯ ᠤᠨ ᠪᠦᠪᠠᠶᠢᠪᠠᠭᠠᠳᠤᠷ ᠪᠠᠶᠢᠯᠠ ᠬᠠᠭᠠᠨ ᠤ ᠬᠦᠤ ᠳ᠋ᠠᠢ ᠬᠤᠩ ᠲᠠᠶᠢᠵᠢ ᠳᠤ ᠪᠤᠷᠢᠶᠠᠳ ᠤᠨ ᠪᠠᠯᠵᠢᠨ ᠬᠠᠳᠤᠨ ᠢ ᠡᠭᠡᠨᠠᠷ ᠪᠤᠯᠭᠠᠨ ᠪᠠᠭᠤᠯᠭᠠᠬᠤ ᠳᠤᠨᠢ ᠬᠤᠷᠢ ᠶᠢᠨ ᠠᠷᠪᠠᠨ ᠨᠢᠭᠡᠨ ᠡᠴᠢᠭᠡ ᠤᠪᠤᠭ ᠤᠨ ᠬᠦᠮᠤᠰ ᠢ ᠪᠠᠯᠵᠢᠨ ᠬᠠᠳᠤᠨ ᠤ ᠢᠨᠵᠢ ︵ᠠᠮᠢᠨ ᠤ ᠠᠯᠪᠠᠳᠤ︶ ᠪᠤᠯᠭᠠᠨ 1500 ᠤᠨ ᠤ ᠦᠶ᠎ᠠ ᠳᠤ ᠦᠭᠴᠤ᠂ ᠡᠨᠡ ᠦᠶ᠎ᠠ ᠠᠴᠠ ᠡᠬᠢᠯᠡᠨ ᠬᠤᠷᠢ ᠶᠢᠨ ᠠᠷᠪᠠᠨ ᠨᠢᠭᠡᠨ ᠤᠪᠤᠭ ᠤᠨ ᠬᠦᠮᠤᠰ ᠨᠢ ᠳ᠋ᠠᠢ ᠬᠤᠩ ᠲᠠᠶᠢᠵᠢ ᠶᠢᠨ ᠠᠯᠪᠠᠳᠤ ᠪᠤᠯᠤᠭᠰᠠᠨ ᠪᠠᠶᠢᠨ᠎ᠠ᠃ ᠪᠦᠪᠠᠶᠢᠪᠠᠭᠠᠳᠤᠷ ᠬᠠᠭᠠᠨ ᠤ ᠬᠠᠳᠤᠨ ᠨᠠᠰᠤᠨ ᠡᠴᠤᠰᠯᠡᠵᠤ ᠬᠠᠭᠠᠨ ᠵᠠᠯᠠᠭᠤ ᠬᠠᠳᠤᠨ ᠠᠪᠤᠭᠰᠠᠨ ᠨᠢ ᠳ᠋ᠠᠢ ᠬᠤᠩ ᠲᠠᠶᠢᠵᠢ ᠶᠢᠨ ᠭᠡᠷᠭᠡᠢ ᠪᠠᠯᠵᠢᠨ ᠬᠠᠳᠤᠨ ᠲᠠᠢ ᠲᠠᠭᠠᠷᠠᠵᠤ ᠲᠤᠬᠢᠷᠠᠬᠤ ᠦᠭᠡᠢ ᠪᠤᠯᠤᠭᠰᠠᠨ ᠤᠴᠢᠷ᠂ ᠪᠠᠯᠵᠢᠨ ᠬᠠᠳᠤᠨ ᠦᠪᠡᠷ ᠤᠨ ᠨᠦᠬᠦᠷ ᠳ᠋ᠠᠢ ᠬᠤᠩ ᠲᠠᠶᠢᠵᠢ ᠪᠤᠯᠤᠨ ᠬᠤᠷᠢ ᠶᠢᠨ ᠠᠷᠪᠠᠨ ᠨᠢᠭᠡᠨ ᠡᠴᠢᠭᠡ ᠶᠢᠨ ᠬᠦᠮᠤᠰ ᠢᠶᠠᠨ ᠠᠪᠴᠤ 1594 ᠤᠨ ᠤ ᠦᠶ᠎ᠠ ᠳᠤ ᠡᠷᠬᠦᠨ᠎ᠠ᠂ ᠠᠷᠭᠤᠨ ᠭᠤᠤᠯ ᠢ ᠭᠠᠳᠤᠯᠤᠨ ᠦᠯᠡᠷᠢᠩᠭᠡ ᠭᠤᠤᠯ ᠬᠦᠷᠴᠤ ᠨᠤᠳᠤᠭᠰᠢᠨ ᠤᠷᠢᠳᠤ ᠦᠵᠡᠭᠳᠡᠭᠡ ᠦᠭᠡᠢ ᠲᠤᠭᠤᠰᠬᠠᠨ ᠭᠡᠷ ᠪᠠᠶᠢᠰᠢᠩ ᠪᠠᠷᠢᠵᠤ ᠰᠠᠭᠤᠭᠰᠠᠨ ᠭᠡᠳᠡᠭ᠃ ᠤᠳᠠᠯ ᠦᠭᠡᠢ ᠲᠠᠨᠳᠠ ᠤᠷᠤᠰ ᠬᠦᠮᠤᠰ ᠢᠷᠡᠵᠤ ᠭᠡᠷ ᠪᠠᠶᠢᠰᠢᠩ ᠢ ᠨᠢ ᠪᠤᠯᠢᠶᠠᠨ ᠠᠪᠴᠤ ᠰᠦᠮ᠎ᠠ ᠲᠤᠭᠠᠩ ᠪᠤᠯᠭᠠᠨ ᠦᠭᠡᠷᠡᠴᠢᠯᠡᠵᠡᠢ᠃ ᠡᠨᠡ ᠦᠶ᠎ᠠ ᠳᠤ ᠬᠤᠩ ᠲᠠᠶᠢᠵᠢ᠂ ᠪᠠᠯᠵᠢᠨ ᠬᠠᠳᠤᠨ ᠨᠠᠷ ᠡᠯᠴᠢ ᠠᠴᠠ ᠵᠢᠭᠤᠳᠠᠵᠤ ᠤᠨᠤᠨ ᠮᠦᠷᠡᠨ ᠤ ᠤᠷᠢᠳᠤ ᠬᠤᠶᠢᠳᠤ ᠪᠠᠶ᠎ᠠ ᠪᠠᠷ ᠬᠦᠬᠦᠯᠪᠢ ᠭᠡᠳᠡᠭ ᠠᠭᠤᠯᠠ ᠶᠢᠨ ᠠᠷᠤ ᠦᠪᠤᠷ ᠢᠶᠠᠷ ᠵᠢᠭᠤᠳᠠᠨ ᠠᠭ᠎ᠠ ᠶᠢᠨ ᠭᠤᠤᠯ ᠤᠨ ᠡᠬᠢᠨ ᠬᠠᠪᠢ ᠳᠤ ᠭᠤᠷᠪᠠᠨ ᠵᠢᠯ ᠤᠷᠴᠢᠮ ᠠᠮᠢᠳᠤᠷᠠᠵᠠᠢ᠃ ᠨᠡᠭᠡᠵᠤ ᠢᠷᠡᠭᠰᠡᠨ ᠡᠯᠴᠢ ᠨᠠᠷ ᠳ᠋ᠠᠢ ᠬᠤᠩ ᠲᠠᠶᠢᠵᠢ ᠶᠢᠨ ᠲᠠᠯ᠎ᠠ ᠪᠠᠷ ᠪᠦᠪᠠᠶᠢᠪᠠᠭᠠᠳᠤᠷ ᠪᠠᠶᠢᠯᠠ ᠬᠠᠭᠠᠨ᠂ ᠵᠠᠯᠠᠭᠤ ᠬᠠᠳᠤᠨ ᠨᠠᠷ ᠲᠤ ᠠᠶᠢᠯᠠᠳᠬᠠᠬᠤ ᠳᠤ ᠲᠠᠳᠠᠨ ᠤ ᠠᠷᠤ ᠠᠴᠠ ᠴᠡᠷᠢᠭ ᠮᠤᠷᠳᠠᠭᠤᠯᠵᠠᠢ᠃ ᠳ᠋ᠠᠢ ᠬᠤᠩ ᠲᠠᠶᠢᠵᠢ᠂ ᠪᠠᠯᠵᠢᠨ ᠬᠠᠳᠤᠨ ᠨᠠᠷ ᠢ ᠤᠯᠠᠨ ᠴᠡᠷᠢᠭ ᠤᠨ ᠬᠦᠴᠤ ᠪᠠᠷ ᠪᠠᠷᠢᠪᠴᠢᠯᠠᠵᠤ ᠪᠠᠯᠵᠢᠨ ᠬᠠᠳᠤᠨ ᠤ ᠠᠮᠢ ᠶᠢ ᠬᠤᠷᠤᠭᠠᠵᠤ ᠠᠭ᠎ᠠ ᠨᠤᠳᠤᠭ ᠲᠤ ᠪᠠᠶᠢᠭ᠎ᠠ ᠨᠢᠭᠡᠨ ᠨᠠᠭᠤᠷ ᠤᠨ ᠡᠮᠤᠨᠡᠬᠢ ᠵᠢᠵᠢᠭ ᠲᠤᠯᠤᠭᠠᠢ ᠶᠢᠨ ᠡᠩᠭᠡᠷ ᠲᠤ ᠱᠠᠷᠢᠯ ᠢ ᠤᠷᠬᠢᠭᠰᠠᠨ ᠢᠶᠠᠷ ᠲᠡᠷᠡ ᠨᠠᠭᠤᠷ ᠨᠢ ︽ᠪᠠᠯᠵᠢᠨ ᠴᠠᠭᠠᠨ ᠨᠠᠭᠤᠷ︾ ᠭᠡᠵᠤ ᠤᠳᠤ ᠬᠦᠷᠳᠡᠯ᠎ᠠ ᠨᠡᠷᠡᠯᠡᠭᠳᠡᠬᠦ ᠪᠤᠯᠵᠠᠢ᠃ ᠡᠨᠡ ᠶᠠᠪᠤᠳᠠᠯ ᠠᠴᠠ ᠪᠤᠯᠵᠤ ᠬᠤᠷᠢ ᠶᠢᠨ ᠠᠷᠪᠠᠨ ᠨᠢᠭᠡᠨ ᠡᠴᠢᠭᠡ ᠶᠢᠨ ᠬᠦᠮᠤᠰ ᠠᠴᠠ ᠨᠢᠭᠡ ᠭᠡᠰᠡᠭ ᠨᠢ ᠤᠢ ᠬᠦᠪᠴᠢ ᠪᠠᠷ ᠲᠠᠮᠵᠢᠵᠤ ᠵᠡᠬᠦᠨ ᠵᠦᠭ ᠵᠢᠭᠤᠳᠠᠭᠠᠪᠠ᠃ ᠶᠡᠭᠡᠩᠭᠢ ᠨᠢ ᠳ᠋ᠠᠢ ᠬᠤᠩ ᠲᠠᠶᠢᠵᠢ ᠲᠠᠢ ᠬᠠᠮᠳᠤ ᠬᠠᠯᠬ᠎ᠠ ᠮᠤᠩᠭᠤᠯ ᠳᠤ ᠬᠦᠷᠭᠡᠭᠳᠡᠵᠡᠢ᠃ ᠪᠠᠷᠢᠪᠴᠢᠯᠠᠭᠳᠠᠨ ᠬᠦᠷᠭᠡᠭᠳᠡᠭᠰᠡᠨ ᠳ᠋ᠠᠢ ᠬᠤᠩ ᠲᠠᠶᠢᠵᠢ ᠡᠴᠢᠭᠡ ᠳᠡᠭᠡᠨ ᠮᠠᠰᠢ ᠶᠡᠭᠡ ᠭᠤᠮᠤᠳᠠᠵᠤ ᠬᠠᠭᠠᠨ ᠡᠴᠢᠭᠡ ᠶᠢᠨ ᠢᠶᠠᠨ ᠦᠭᠡ ᠶᠢ ᠦᠯᠤ ᠵᠦᠪᠰᠢᠶᠡᠷᠡᠨ ᠬᠠᠯᠬ᠎ᠠ ᠮᠤᠩᠭᠤᠯ ᠤᠨ ᠪᠠᠷᠠᠭᠤᠨ ᠬᠢᠵᠠᠭᠠᠷ ᠤᠨ ᠡᠷᠳᠡᠨᠢ ᠵᠤᠤ ᠶᠢᠨ ᠬᠦᠷᠢᠶᠠᠨ ᠳᠤ ᠤᠴᠢᠵᠤ ᠤᠪᠠᠰᠢ ᠶᠢᠨ ᠰᠠᠨᠸᠠᠷ ᠬᠦᠷᠳᠡᠨ ᠪᠦᠬᠦ ᠨᠠᠰᠤ ᠪᠠᠷ ᠢᠶᠠᠨ ᠪᠠᠴᠠᠭ ᠪᠠᠷᠢᠨ ᠰᠠᠭᠤᠭᠰᠠᠨ ᠪᠠᠶᠢᠨ᠎ᠠ᠃ ᠡᠨᠡ ᠬᠦᠷᠭᠡᠭᠳᠡᠭᠰᠡᠨ ᠪᠤᠷᠢᠶᠠᠳ ᠤᠳ ᠡᠯᠳᠡᠪ ᠰᠢᠬᠠᠯᠳᠠ ᠬᠠᠪᠴᠢᠯᠭ᠎ᠠ ᠶᠢ ᠦᠯᠤ ᠲᠠᠪᠴᠢᠨ 1607 ᠤᠨ ᠤ ᠦᠶ᠎ᠠ ᠳᠤ᠂ ᠤᠷᠭᠤᠨ ᠵᠢᠭᠤᠳᠠᠵᠤ ᠤᠤᠭᠠᠯ ᠨᠤᠳᠤᠭ ᠬᠦᠬᠦᠯᠪᠢ ᠠᠭᠤᠯᠠ ᠶᠢᠨ ᠠᠷᠤ ᠦᠪᠤᠷ ᠢᠶᠠᠷ ᠨᠤᠳᠤᠭᠯᠠᠬᠤ ᠪᠤᠯᠵᠠᠢ᠃ ᠲᠡᠷᠡ ᠦᠶ᠎ᠠ ᠳᠤ ᠲᠠᠨᠳᠡ ᠠᠮᠢᠳᠤᠷᠠᠵᠤ ᠪᠠᠶᠢᠭᠰᠠᠨ ᠤᠯᠢᠶᠠᠳᠠᠢ ᠤᠪᠤᠭ ᠤᠨ ᠬᠠᠮᠨᠢᠭᠠᠳ ᠲᠠᠳᠠᠨ ᠢ ᠡᠯᠳᠡᠪ ᠢᠶᠠᠷ ᠬᠠᠪᠴᠢᠨ ᠲᠤᠷᠤᠮᠵᠢᠯᠠᠵᠤ ᠠᠮᠢ ᠨᠠᠰᠤ ᠶᠢ ᠨᠢ ᠬᠦᠨᠤᠬᠡᠬᠦ᠂ ᠡᠳ᠋ ᠬᠦᠷᠤᠩᠭᠡ ᠮᠠᠯ ᠰᠦᠷᠦᠭ ᠢ ᠨᠢ ᠲᠡᠭᠡᠷᠡᠮᠳᠡᠵᠤ᠂ ᠬᠤᠯᠠᠭᠠᠶᠢᠯᠠᠬᠤ ᠵᠡᠷᠭᠡ ᠠᠴᠠ ᠨᠢ ᠠᠶᠤᠨ ᠪᠠᠯᠠᠮᠠᠭᠳᠠᠵᠤ ᠪᠤᠷᠢᠶᠠᠳ ᠤᠳ ᠤᠨ ᠵᠠᠷᠢᠮ ᠭᠡᠰᠡᠭ ᠨᠢ ᠤᠨᠤᠨ ᠭᠤᠤᠯ ᠢ ᠭᠠᠳᠤᠯᠤᠨ ᠭᠧᠯᠭᠤ᠂ ᠦᠳᠡ ᠭᠤᠤᠯ ᠢᠶᠠᠷ ᠲᠠᠮᠵᠢᠨ ᠢᠷᠠᠭᠤᠨ᠎ᠠ ᠬᠦᠷᠳᠡᠯ᠎ᠠ ᠨᠡᠬᠦᠵᠡᠢ᠃ ᠨᠢᠭᠡ ᠭᠡᠰᠡᠭ ᠨᠢ ᠲᠤᠷᠤᠨ᠎ᠠ ᠵᠦᠭ ᠨᠡᠬᠦᠵᠤ ᠰᠢᠯᠢ ᠶᠢᠨ ᠬᠤᠶᠢᠳᠤ ᠪᠠᠶ᠎ᠠ ᠪᠠᠷ ᠨᠠᠷᠰᠢᠤ ᠭᠤᠤᠯ ᠤᠨ ᠪᠠᠷᠠᠭᠤᠨ ᠲᠠᠯ᠎ᠠ ᠪᠠᠷ ᠨᠡᠬᠦᠳᠡᠯᠯᠡᠵᠤ ᠠᠷᠢᠳᠠ ᠭᠤᠤᠯ ᠬᠦᠷᠦᠭᠰᠡᠨ ᠪᠠᠶᠢᠨ᠎ᠠ᠃ ᠲ᠊ ‍ᠡᠷᠡ ᠦᠶ᠎ᠠ ᠳᠤ ᠨᠡᠬᠦᠳᠡᠯ ᠬᠢᠯᠬᠦᠢ ᠦᠯᠡᠳᠡᠭᠰᠡᠨ ᠪᠤᠷᠢᠶᠠᠳ ᠤᠳ ᠨᠢ ᠮᠠᠯ ᠠᠵᠤ ᠠᠬᠤᠢ ᠡᠷᠬᠢᠯᠡᠬᠦ ᠠᠴᠠ ᠭᠠᠳᠠᠨ᠎ᠠ ᠠᠩ ᠬᠦᠷᠤᠭᠡ ᠪᠠᠷ ᠠᠮᠢᠳᠤᠷᠠᠯ ᠤᠨ ᠡᠬᠢ ᠰᠤᠷᠪᠤᠯᠵᠢ ᠶᠢ ᠵᠠᠯᠭᠠᠭᠤᠯᠵᠤ ᠪᠠᠶᠢᠵᠠᠢ᠃ ᠬᠤᠷᠢ ᠶᠢᠨ ᠪᠤᠷᠢᠶᠠᠳ ᠤᠳ ᠨᠤᠳᠤᠭ ᠤᠨ ᠵᠠᠬᠢᠷᠭ᠎ᠠ ᠶᠢ ᠪᠠᠶᠢᠭᠤᠯᠵᠤ᠂ 1711 ᠤᠨ ᠤ 4 ᠳ᠋ᠤᠭᠡᠷ ᠰᠠᠷ᠎ᠠ ᠶᠢᠨ 4 ᠤ ᠡᠳᠤᠷ ᠤᠨ ᠰᠢᠢᠳᠪᠤᠷᠢ ᠪᠠᠷ ᠭᠠᠯᠵᠤᠳ ᠤᠪᠤᠭ ᠤᠨ ᠪᠤᠯᠲ᠋ᠢᠷᠭ᠎ᠠ ᠶᠢᠨ ᠱᠤᠳᠢ ᠭᠡᠳᠡᠭ ᠬᠦᠮᠤᠨ ᠢ ᠨᠤᠳᠤᠭ ᠤᠨ ᠵᠠᠬᠢᠷᠭᠠᠨ ᠤ ᠲᠤᠯᠤᠭᠠᠶᠢᠯᠠᠭᠴᠢ ᠪᠠᠷ ᠰᠤᠩᠭᠤᠨ ︽ᠵᠠᠶᠢᠰᠠᠩ︾ ᠪᠤᠯᠭᠠᠵᠠᠢ᠃ ᠡᠨᠡ ᠦᠶ᠎ᠠ ᠪᠤᠯ ᠮᠠᠨᠵᠤ ᠶᠢᠨ ᠨᠠᠶᠢᠷᠠᠯᠳᠤ ᠲᠦᠪ ᠬᠠᠭᠠᠨ ᠤ ᠦᠶ᠎ᠠ ᠪᠦᠭᠡᠳ ᠮᠠᠡᠵᠤ ᠶᠢᠨ ᠬᠠᠭᠠᠨ᠂ ᠤᠷᠤᠰ ᠤᠨ ᠬᠠᠭᠠᠨ ᠬᠤᠶᠠᠷ᠂ ᠬᠤᠶᠠᠷ ᠤᠯᠤᠰ ᠤᠨ ᠢᠶᠠᠨ ᠬᠢᠯᠢ ᠶᠢ ᠲᠤᠭᠳᠠᠭᠠᠵᠤ ᠬᠢᠯᠢ ᠶᠢᠨ ᠤᠪᠤᠭ᠎ᠠ ᠲᠠᠯᠪᠢᠬᠤ ᠳᠤ ᠬᠤᠷᠢ ᠶᠢᠨ ᠪᠤᠷᠢᠶᠠᠳ ᠤᠨ ᠠᠬᠠᠯᠠᠭᠴᠢ ᠱᠤᠳᠢ ᠤᠷᠤᠯᠴᠠᠵᠤ᠂ ᠬᠢᠶᠠᠭᠳᠤ ᠠᠴᠠ ᠡᠬᠢᠯᠡᠨ ᠵᠡᠬᠦᠨ ᠵᠦᠭ ᠲᠡᠰᠢ ᠡᠷᠬᠦᠨ᠎ᠠ ᠭᠤᠤᠯ ᠬᠦᠷᠳᠡᠯ᠎ᠠ ᠶᠠᠪᠤᠬᠤ ᠳᠠᠭᠠᠨ ᠬᠤᠷᠢ ᠶᠢᠨ ᠠᠷᠪᠠᠨ ᠨᠢᠭᠡᠨ ᠡᠴᠢᠭᠡ ᠶᠢᠨ ᠬᠦᠮᠤᠰ ᠠᠴᠠ ᠨᠠᠢᠮᠠᠨ ᠡᠴᠢᠭᠡ ᠶᠢᠨ ᠤᠪᠤᠭ ᠤᠨ ᠬᠢᠨ ᠢ ᠠᠪᠴᠤ ᠶᠠᠪᠤᠭᠰᠠᠨ ᠪᠠ ᠲᠠᠳᠠᠨ ᠤ ᠪᠤᠰᠬᠠᠭᠰᠠᠨ ᠬᠢᠯᠢ ᠶᠢᠨ ᠱᠤᠭᠤᠮ ᠤᠪᠤᠭ᠎ᠠ ᠨᠤᠭᠤᠳ ᠨᠢ 1727 ᠤᠨ ᠳᠤ ᠪᠤᠤᠷ᠎ᠠ ︵ᠬᠢᠶᠠᠭᠳᠤ ᠤᠷᠴᠢᠮ ᠤᠨ ᠲᠤᠰᠬᠤᠨ︶ ᠶᠢᠨ ᠭᠡᠷ᠎ᠡ ᠪᠠᠷ ᠪᠠᠳᠤᠯᠠᠭᠳᠠᠨ ᠲᠡᠤᠭᠡᠨ ᠴᠠᠭ ᠦᠶ᠎ᠠ ᠪᠤᠯᠭᠠᠨ ᠳᠤ ᠲᠤᠳᠤᠳᠬᠠᠭᠳᠠᠨ ᠤᠳᠤ ᠬᠦᠷᠳᠡᠯ᠎ᠠ ᠭᠡᠪ ᠢᠶᠠᠷ ᠢᠶᠠᠨ ᠪᠠᠶᠢᠨ᠎ᠠ᠃ ᠡᠨᠡ ᠨᠠᠢᠮᠠᠨ ᠡᠴᠢᠭᠡ ᠶᠢᠨ ᠬᠦᠮᠤᠰ ᠨᠢ ᠬᠢᠯᠢ ᠶᠢᠨ ᠤᠪᠤᠭ᠎ᠠ ᠪᠤᠰᠬᠠᠬᠤ ᠪᠠᠷ ᠶᠠᠪᠤᠭ᠎ᠠ ᠨᠤᠶᠠᠳ ᠲᠦᠰᠢᠮᠡᠳ ᠪᠤᠯᠤᠨ ᠲᠠᠳᠠᠨ ᠤ ᠠᠯᠪᠠᠳᠤ ᠬᠦᠮᠤᠰ ᠤᠨ ᠬᠤᠭᠤᠯᠠ ᠬᠦᠨᠡᠰᠤ᠂ ᠤᠨᠤᠭ᠎ᠠ ᠮᠤᠷᠢ᠂ ᠪᠠᠶᠢᠷᠢ ᠰᠠᠭᠤᠴᠠ ᠶᠢ ᠪᠦᠷᠢᠨ ᠬᠠᠷᠢᠭᠤᠴᠠᠵᠤ ᠶᠠᠪᠤᠭᠰᠠᠨ ᠪᠠᠶᠢᠨ᠎ᠠ᠃ ᠬᠤᠶᠠᠷ ᠤᠯᠤᠰ ᠤᠨ ᠬᠢᠯᠢ ᠶᠢᠨ ᠤᠪᠤᠭ᠎ᠠ ᠪᠤᠰᠬᠠᠬᠤ ᠠᠵᠢᠯ 1720 ᠊ᠭᠠᠳ ᠤᠨ ᠤ ᠰᠠᠬᠦᠯᠴᠢ ᠪᠠᠷ ᠲᠠᠭᠤᠰᠬᠤ ᠳᠤ ᠡᠨᠡ ᠨᠠᠢᠮᠠᠨ ᠤᠪᠤᠭ ᠤᠨ ᠬᠦᠮᠤᠰ ᠢ ᠠᠭ᠎ᠠ ᠨᠤᠳᠤᠭ ᠲᠤ ᠰᠠᠭᠤᠯᠭᠠᠬᠤ ᠪᠠᠷ ᠦᠯᠡᠳᠡᠭᠡᠵᠡᠢ᠃ ᠢᠩᠬᠢᠭᠰᠡᠨ ᠢᠶᠠᠷ ᠠᠷᠪᠠᠨ ᠨᠢᠭᠡᠨ ᠡᠴᠢᠭᠡ ᠠᠴᠠ ᠲᠠᠰᠤᠷᠠᠵᠤ ᠦᠯᠡᠳᠡᠭᠰᠡᠨ ᠡᠨᠡ ᠬᠦ ᠭᠠᠯᠵᠤᠳ᠂ ᠬᠤᠸᠠᠰᠠᠢ᠂ ᠬᠦᠪᠳᠡᠬᠦᠳ᠂ ᠰᠢᠷᠠᠶᠢᠳ᠂ ᠬᠠᠷᠭᠠᠨ᠎ᠠ᠂ ᠪᠤᠳᠤᠩᠭᠤᠳ᠂ ᠬᠠᠯᠪᠢᠨ᠂ ᠴᠠᠭᠠᠩᠭᠤᠳ ᠵᠡᠷᠭᠡ ᠨᠠᠢᠮᠠᠨ ᠡᠴᠢᠭᠡ ᠤᠪᠤᠭ ᠤᠨ ᠬᠦᠮᠤᠰ ᠢ ︽ᠠᠭ᠎ᠠ ᠨᠠᠢᠮᠠᠨ ᠡᠴᠢᠭᠡ︾ ᠪᠤᠶᠤ ︽ᠠᠭ᠎ᠠ ᠪᠤᠷᠢᠶᠠᠳ︾ ᠭᠡᠵᠤ ᠤᠳᠤ ᠬᠦᠷᠳᠡᠯ᠎ᠡ ᠨᠡᠷᠡᠯᠡᠭᠰᠡᠭᠡᠷ ᠢᠷᠡᠭᠰᠡᠨ ᠲᠤᠪᠴᠢ ᠲᠡᠤᠭᠡ ᠡᠨᠡ ᠶᠤᠮ᠃ ᠠᠭ᠎ᠠ ᠶᠢᠨ ᠪᠤᠷᠢᠶᠠᠳ ᠨᠠᠷ ᠡᠨᠡ ᠨᠤᠳᠤᠭ ᠲᠤ ᠬᠤᠶᠢᠴᠢ ᠦᠶ᠎ᠠ ᠶᠢᠨ ᠠᠮᠢᠳᠤᠷᠠᠯ ᠢᠶᠠᠨ ᠲᠦᠪᠬᠢᠨᠡᠬᠦᠯᠵᠤ ᠠᠭ᠎ᠠ ᠶᠢᠨ ᠭᠤᠤᠯ ᠤᠨ ᠵᠡᠬᠦᠨ ᠪᠠᠶ᠎ᠠ ᠪᠠᠷ ᠱᠠᠰᠢᠨ ᠬᠤᠷᠠᠯ ᠨᠤᠮ ᠤᠨ ᠬᠤᠶᠠᠷ ᠲᠠᠴᠠᠩ ᠰᠦᠮ᠎ᠡ ᠶᠢ ᠪᠠᠷᠢᠵᠤ ᠠᠷᠢᠶᠠᠪᠠᠯᠤᠭᠤᠯᠵᠠᠢ᠃ ᠡᠨᠡ ᠬᠤᠶᠠᠷ ᠲᠠᠴᠠᠩ ᠠᠴᠠ ᠴᠠᠭᠠᠨ ᠲᠠᠴᠠᠩ ᠨᠢ ᠪᠤᠷᠬᠠᠨ ᠨᠤᠮ ᠤᠨ ᠮᠦᠷᠬᠦᠯ ᠤᠨ ᠠᠵᠢᠯ ᠢᠶᠠᠨ ᠤᠳᠤ ᠬᠦᠷᠳᠡᠯ᠎ᠠ ᠦᠢᠯᠡᠳᠦᠭᠰᠡᠭᠡᠷ ᠪᠠᠶᠢᠨ᠎ᠠ᠃ ᠲᠡᠭᠡᠬᠦ ᠳᠡᠭᠡᠨ᠂ ᠰᠢᠷ᠎ᠠ ᠶᠢᠨ ᠱᠠᠰᠢᠨ ᠢ ᠰᠦᠰᠦᠭᠯᠡᠨ ᠪᠢᠰᠢᠷᠡᠵᠤ ᠪᠠᠶᠢᠭᠰᠠᠨ ᠴᠤ ᠪᠦᠭᠡ ᠮᠦᠷᠬᠦᠯ ᠢᠶᠠᠨ ᠤᠷᠬᠢᠭ᠎ᠠ ᠦᠭᠡᠢ ᠪᠠᠶᠢᠨ᠎ᠠ᠃ ᠪᠦᠭᠡ ᠶᠢᠨ ᠮᠦᠷᠬᠦᠯ ᠳᠤ ᠡᠪᠦᠭᠡ ᠡᠴᠢᠭᠡ ᠶᠢᠨ ᠤᠩᠭᠤ ᠲᠡᠭᠷᠢ ᠶᠢ ᠲᠠᠭᠤᠳᠠᠵᠤ ᠬᠦᠨᠳᠤᠯᠡᠬᠦ ᠳᠤ ᠲᠠᠳᠠᠨ ᠤ ︽ᠤᠷᠠᠭ᠎ᠠ ︵ᠰᠦᠯᠳᠡ︶︾ ᠶᠢ ᠵᠢᠭᠠᠪᠤᠷᠢᠯᠠᠨ ᠨᠡᠷᠡᠯᠡᠬᠦ ᠶᠤᠰᠤ ᠪᠠᠶᠢᠳᠠᠭ᠃ ᠡᠨᠡ ᠨᠠᠢᠮᠠᠨ ᠡᠴᠢᠭᠡ ᠶᠢᠨ ᠬᠦᠮᠤᠰ ᠲᠤᠰ ᠪᠦᠷᠢ ᠳᠡᠭᠡᠨ ᠦᠪᠡᠷ ᠤᠨ ︽ᠤᠷᠠᠭ᠎ᠠ ᠲᠤᠭ︾ ᠲᠠᠢ ᠪᠠᠶᠢᠵᠠᠢ᠃ ᠬᠠᠨᠳᠠᠭᠠᠢ ᠮᠡᠷᠭᠡᠨ ᠤᠷᠠᠭ᠎ᠠ ᠲᠠᠢ ᠰᠢᠷ᠎ᠠ ᠲᠤᠭ ᠲᠠᠢ ᠰᠢᠷᠠᠶᠢᠳ᠂ ᠬᠤᠸᠠᠰᠠᠢ᠂ ᠬᠠᠷ᠎ᠠ ᠪᠦᠷᠬᠦᠳ ᠤᠷᠠᠭ᠎ᠠ ᠲᠠᠢ ᠬᠦᠭᠡ ᠲᠤᠭ ᠲᠠᠢ ᠬᠦᠪᠳᠡᠬᠦᠳ᠂ ᠱᠤ ᠮᠡᠷᠭᠡᠨ ᠤᠷᠠᠭ᠎ᠠ ᠲᠠᠢ ᠪᠤᠷᠤ ᠲᠤᠭ ᠲᠠᠢ ᠪᠤᠳᠤᠩᠭᠤᠳ᠂ ᠲᠠᠭᠠᠨ ᠤᠷᠠᠭ᠎ᠠ ᠲᠠᠢ ᠭᠠᠯ ᠤᠯᠠᠭᠠᠨ ᠲᠤᠭ ᠲᠠᠢ ᠭᠠᠯᠵᠤᠳ᠂ ᠱᠤ ᠮᠡᠷᠭᠡᠨ ᠤᠷᠠᠭ᠎ᠠ ᠲᠠᠢ ᠬᠦᠷᠡᠩ ᠲᠤᠭ ᠲᠠᠢ ᠬᠠᠯᠪᠢᠨ᠂ ᠱᠤ ᠮᠡᠷᠭᠡᠨ ᠤᠷᠠᠭ᠎ᠠ ᠲᠠᠢ ᠬᠠᠷ᠎ᠠ ᠲᠤᠭ ᠲᠠᠢ ᠬᠠᠷᠭᠠᠨ᠎ᠠ ᠭᠡᠬᠦ ᠮᠡᠳᠤ᠃ ᠬᠤᠷᠢ ᠠᠷᠪᠠᠨ ᠨᠢᠭᠡᠨ ᠡᠴᠢᠭᠡ ᠶᠢᠨ ᠬᠢᠨ ᠦᠪᠡᠷ ᠦᠪᠡᠷᠰᠡᠳ ᠤᠨ ᠰᠦᠯᠳᠡ ᠶᠢᠨ ᠲᠠᠭᠤᠤ᠂ ᠰᠦᠯᠳᠡ ᠲᠡᠮᠳᠡᠭ ︵ᠡᠮᠪᠯᠧᠮ︶ ᠲᠠᠢ ᠪᠠᠶᠢᠵᠠᠢ᠃ 1750 ᠤᠨ ᠳᠤ ᠤᠭᠰᠠᠭᠠᠳᠠᠨ ᠰᠤᠳᠤᠯᠤᠭᠴᠢ ᠨᠢᠭᠡᠨ ᠤᠷᠤᠰ ᠤᠨ ᠰᠠᠨᠠᠭᠠᠴᠢᠯᠠᠭᠰᠠᠨ ᠢᠶᠠᠷ ᠡᠨᠡ ᠬᠦ ᠰᠦᠯᠳᠡ ᠲᠡᠮᠳᠡᠭ ᠨᠢ ᠠᠩᠬ᠎ᠠ ᠪᠦᠳᠤᠭᠡᠭᠳᠡᠵᠤ ᠤᠳᠤ ᠬᠦᠷᠳᠡᠯ᠎ᠡ ᠭᠡᠷᠡᠭᠯᠡᠭᠳᠡᠭᠰᠡᠭᠡᠷ ᠪᠠᠶᠢᠨ᠎ᠠ᠃ ᠰᠦᠯᠳᠡ ᠲᠡᠮᠳᠡᠭ ᠤᠨ ᠲᠡᠪᠢᠰᠭᠡᠷ᠂ ᠪᠡᠯᠭᠡᠳᠡᠯ ᠨᠢ ᠨᠡᠶᠢᠳᠡ ᠤᠪᠤᠭ ᠤᠨ ᠬᠢᠨ ᠳᠤ ᠢᠵᠢᠯᠢ ᠪᠦᠭᠡᠳ ᠬᠠᠷᠢᠨ ᠦᠰᠦᠭ ᠤᠳ ᠨᠢ ᠲᠤᠬᠠᠢ ᠶᠢᠨ ᠤᠪᠤᠭ ᠤᠨ ᠨᠠᠷ᠎ᠠ ᠪᠠᠷ ᠢᠶᠠᠨ ᠦᠭᠡᠷ᠎ᠠ ᠪᠠᠶᠢᠨ᠎ᠠ᠃ 1811 ᠤᠨ ᠤ 1 ᠰᠠᠷ᠎ᠠ ᠶᠢᠨ 18 ᠳᠤ ᠠᠩᠨᠠ ᠳᠤ ᠠᠩᠬ᠎ᠠ ᠪᠠᠷᠢᠭᠳᠠᠭᠰᠠᠨ ᠮᠤᠳᠤᠨ ᠰᠦᠮ᠎ᠠ ᠭᠠᠯ ᠭᠠᠷᠴᠤ ᠰᠢᠳᠠᠭᠰᠠᠨ ᠪᠠᠶᠢᠨ᠎ᠠ᠃ ᠲᠡᠷᠡ ᠦᠶ᠎ᠠ ᠳᠤ ᠲᠡᠨᠳᠡ ᠬᠠᠳᠠᠭᠠᠯᠠᠭᠳᠠᠵᠤ ᠪᠠᠶᠢᠭᠰᠠᠨ ᠬᠤᠷᠢ ᠶᠢᠨ ᠪᠤᠷᠢᠶᠠᠳ ᠤᠨ ᠠᠩᠬᠠᠨ ᠤ ᠠᠷᠪᠠᠨ ᠨᠢᠭᠡᠨ ᠲᠤᠭ ᠤᠨ ᠵᠢᠷᠭᠤᠭ᠎ᠠ ᠨᠢ ᠰᠢᠳᠠᠵᠤ ᠦᠯᠡᠳᠡᠭᠰᠡᠨ ᠲᠠᠪᠤᠨ ᠲᠤᠭ ᠨᠢ ᠬᠠᠭᠤᠴᠢᠷᠠᠵᠤ ᠭᠤᠷᠪᠠᠨ ᠤᠪᠤᠭ ᠨᠢ ᠬᠤᠶᠠᠷ ᠭᠡᠰᠡᠭ ᠪᠤᠯᠵᠠᠢ᠃ ᠠᠷᠪᠠᠨ ᠲᠦᠷᠪᠡᠨ ᠲᠤᠭ ᠱᠠᠭᠠᠷᠳᠠᠯᠭ᠎ᠠ ᠲᠠᠢ ᠪᠤᠯᠤᠭᠰᠠᠨ ᠤᠴᠢᠷ ᠤᠭ ᠠᠰᠠᠭᠤᠳᠠᠯ ᠢ ᠲᠡᠭᠡᠭᠰᠢ ᠨᠢ ᠲᠠᠯᠪᠢᠵᠤ ᠵᠦᠪᠰᠢᠶᠡᠷᠡᠬᠦᠯᠵᠤ ᠪᠠᠶᠢᠵᠠᠢ᠃ ᠲᠡᠭᠡᠳᠤ ᠲᠡᠭᠷᠢ ᠠᠴᠠ ᠵᠠᠶᠠᠭᠠᠳᠤ ᠪᠤᠭᠳᠠ ᠴᠢᠩᠬᠢᠰ ᠬᠠᠭᠠᠨ ᠤ ᠮᠡᠳᠡᠯ ᠤᠨ ᠬᠤᠷᠢ ᠲᠦᠮᠡᠳ ᠤᠯᠤᠰ ᠤᠨ ᠪᠠᠷᠭᠤᠪᠠᠭᠠᠳᠤᠷ ᠲᠠᠶᠢᠴᠢᠨ ᠨᠤᠶᠠᠨ ᠤ ᠤᠳᠤᠮ ᠤᠭᠰᠠᠭ᠎ᠠ ᠮᠤᠩᠭᠤᠯ ᠲᠦᠮᠡᠨ ᠤ ᠤᠪᠤᠭ ᠲᠡᠭᠡᠳᠤᠰ ᠪᠤᠰᠤᠳ ᠦᠨᠳᠤᠰᠤᠳᠡᠨ ᠲᠠᠢ ᠨᠢᠭᠡᠨ ᠠᠳᠠᠯᠢ ᠲᠡᠤᠭᠡ ᠶᠢᠨ ᠨᠠᠷᠢᠨ ᠲᠦᠪᠡᠭ ᠲᠠᠢ᠂ ᠤᠷᠳᠤ ᠤᠳᠠᠭᠠᠨ ᠬᠤᠭᠤᠴᠠᠭᠠᠨ ᠤ ᠬᠦᠭᠵᠢᠯ ᠤᠨ ᠶᠠᠪᠤᠴᠠ ᠳᠤ ᠬᠤᠷᠢ ᠠᠭ᠎ᠠ ᠪᠤᠷᠢᠶᠠᠳ ᠤᠨ ᠨᠢᠭᠡ ᠭᠡᠰᠡᠭ ᠨᠢ ᠡᠯᠢᠭᠡ ᠨᠢᠭᠡᠳᠤ ᠮᠤᠩᠭᠤᠯ ᠳᠠᠭᠠᠨ ᠲᠠᠭᠠᠷ᠎ᠠ ᠤᠷᠤᠬᠤ ᠬᠤᠪᠢ ᠲᠠᠪᠢᠯᠠᠩ ᠵᠠᠶᠠᠭᠠᠭᠰᠠᠨ ᠠᠵᠢ᠃ ᠡᠶᠢᠮᠤ ᠠᠴᠠ ᠴᠤ ᠮᠤᠩᠭᠤᠯ ᠳᠤ ᠲᠠᠭᠠᠷ᠎ᠠ ᠤᠷᠤᠭᠰᠠᠨ ᠪᠤᠷᠢᠶᠠᠳ ᠤᠨ ᠦᠷ᠎ᠠ ᠰᠠᠳᠤ᠂ ᠬᠤᠶᠢᠴᠢ ᠦᠶ᠎ᠠ ᠶᠢᠨ ᠬᠢᠨ ᠲᠠ ᠪᠢᠳᠡᠨ ᠤ ᠤᠪᠤᠭ᠂ ᠬᠤᠷᠢᠳᠠᠢ ᠶᠢᠨ ᠠᠷᠪᠠᠨ ᠨᠢᠭᠡᠨ ᠡᠴᠢᠭᠡ ᠶᠢᠨ ᠬᠦᠪᠡᠬᠦᠳ ᠪᠢᠯᠡ᠃ ᠬᠤᠶᠠᠷ᠂ ᠮᠤᠩᠭᠤᠯ ᠳᠤ ᠲᠠᠭᠠᠷ᠎ᠠ ᠤᠷᠤᠭᠰᠠᠨ ᠪᠤᠷᠢᠶᠠᠳ ᠠᠷᠤ ᠮᠤᠩᠭᠤᠯ ᠤᠨ ᠠᠷᠠᠳ ᠲᠦᠮᠡᠨ ᠡᠷᠭᠡ ᠴᠢᠯᠤᠭᠡᠨ ᠤ ᠬᠦᠳᠡᠯᠭᠡᠭᠡᠨ ᠦᠷᠨᠢᠬᠦᠯᠵᠤ᠂ ᠮᠠᠨᠵᠤ ᠶᠢᠨ ᠬᠤᠶᠠᠷ ᠵᠠᠭᠤ ᠭᠠᠷᠤᠢ ᠵᠢᠯ ᠤᠨ ᠨᠤᠶᠠᠷᠬᠠᠯ ᠢ ᠲᠦᠯᠬᠢᠨ ᠤᠨᠠᠭᠠᠵᠤ ᠲᠤᠰᠠᠭᠠᠷ ᠲᠤᠭᠳᠠᠨᠢᠯ ᠰᠡᠷᠬᠦᠭᠡᠨ ᠲᠤᠩᠬᠠᠯᠠᠭᠰᠠᠨ ᠶᠠᠪᠤᠳᠠᠯ ᠨᠢ ᠦᠪᠤᠷ ᠮᠤᠩᠭᠤᠯ᠂ ᠴᠠᠩ ᠴᠦᠨ᠂ ᠲᠦᠷᠪᠡᠳ᠂ ᠲᠤᠷᠭᠤᠳ ᠬᠤᠰᠢᠭᠤ᠂ ᠢᠵᠢᠯ ᠮᠦᠷᠡᠨ ᠤ ᠬᠠᠯᠢᠮᠠᠭ ᠤᠳ ᠲᠤ ᠬᠦᠷᠳᠡᠯ᠎ᠠ ᠬᠦᠴᠤᠳᠡᠢ ᠨᠦᠯᠤᠭᠡᠯᠡᠵᠡᠢ᠃ ᠡᠨᠡ ᠨᠢ ᠬᠠᠯᠬ᠎ᠠ ᠳᠤ ᠵᠠᠬ᠎ᠠ ᠵᠡᠷᠭᠡᠯᠡᠳᠡᠭᠡ ᠪᠠᠶᠢᠭᠰᠠᠨ ᠲᠠᠩᠨᠤ ᠤᠷᠢᠶᠠᠩᠬᠠᠢ᠂ ᠪᠤᠷᠢᠶᠠᠳ ᠲᠤ ᠤᠯᠠᠮ ᠬᠦᠴᠤᠳᠡᠢ ᠨᠦᠯᠤᠭᠡᠯᠡᠵᠤ ᠰᠡᠷᠬᠦᠨ ᠮᠠᠨᠳᠤᠭᠰᠠᠨ ᠪᠤᠭᠳᠠ ᠬᠠᠭᠠᠨᠳᠤ ᠮᠤᠩᠭᠤᠯ ᠤᠯᠤᠰ ᠲᠤ ᠨᠢᠭᠡᠳᠴᠤ ᠨᠡᠶᠢᠯᠡᠬᠦ ᠤᠬᠠᠮᠰᠠᠷ ᠰᠤᠨᠢᠷᠬᠠᠯ ᠪᠤᠷᠢᠶᠠᠳ ᠤᠳ ᠤᠨ ᠲᠤᠳᠤᠷ᠎ᠠ ᠤᠯᠠᠮ ᠬᠦᠴᠤᠳᠡᠢ ᠲᠡᠯᠭᠡᠷᠡᠵᠡᠢ᠃ ᠪᠤᠷᠢᠶᠠᠳ ᠵᠤᠨ ᠡᠬᠦᠨ ᠠᠴᠠ ᠴᠤ ᠡᠮᠤᠨ᠎ᠠ 19 ᠳ᠋ᠤᠭᠠᠷ ᠵᠠᠭᠤᠨ ᠤ ᠰᠡᠬᠦᠯᠴᠢ ᠪᠠᠷ ᠲᠦᠷᠦᠭᠰᠡᠨ ᠨᠤᠳᠤᠭ ᠠᠴᠠ ᠪᠠᠨ ᠭᠠᠷᠴᠤ ᠮᠤᠩᠭᠤᠯ ᠨᠤᠳᠤᠭ ᠲᠤ ᠨᠡᠬᠦᠳᠡᠯᠯᠡᠨ ᠢᠷᠡᠬᠦ ᠲᠤᠬᠢᠶᠠᠯᠳᠤᠯ ᠤᠯᠠᠨᠳᠠ ᠪᠠᠶᠢᠵᠠᠢ᠃ ᠪᠤᠷᠢᠶᠠᠳ ᠨᠢ ᠬᠠᠭᠠᠨᠳᠤ ᠤᠷᠤᠰ ᠤᠨ ᠬᠠᠷᠢᠶᠠᠳᠤ ᠪᠠᠭᠤᠷᠠᠢ ᠤᠯᠠᠨ ᠶᠠᠰᠤᠳᠠᠨ ᠤ ᠨᠢᠭᠡᠨ ᠠᠳᠠᠯᠢ ᠦᠨᠳᠤᠰᠤᠳᠡᠨ ᠤ ᠪᠤᠯᠤᠨ ᠨᠡᠶᠢᠭᠡᠮ ᠤᠨ ᠲᠠᠷᠤᠯᠠᠯ ᠳᠤ ᠨᠡᠷᠪᠡᠭᠳᠡᠭᠰᠡᠨ ᠴᠦᠭᠡᠩᠭᠢ ᠤᠭᠰᠠᠭᠠᠳᠠᠨ ᠤ ᠨᠢᠭᠡ ᠨᠢ ᠪᠠᠶᠢᠵᠠᠢ᠃ ᠡᠨᠡ ᠪᠠᠶᠢᠳᠠᠯ ᠠᠴᠠ ᠵᠢᠭᠤᠳᠠᠵᠤ ᠰᠢᠯᠵᠢᠨ ᠨᠡᠬᠦᠬᠦ ᠬᠦᠳᠡᠯᠭᠡᠭᠡᠨ ᠬᠦᠴᠤᠳᠡᠢ ᠪᠤᠯᠵᠤ ᠶᠡᠭᠡᠩᠭᠢ ᠨᠢ ᠮᠤᠩᠭᠤᠯ ᠢ ᠵᠤᠷᠢᠵᠤ ᠪᠠᠶᠢᠭᠰᠠᠨ ᠠᠴᠠ ᠪᠠᠶᠢᠭᠠᠯ ᠤᠷᠴᠢᠮ ᠤᠨ ᠪᠤᠷᠢᠶᠠᠳ ᠤᠪᠤᠭ ᠤᠳ ᠤᠨ ᠪᠠᠶᠢᠷᠢᠰᠢᠯ ᠳᠤ ᠶᠡᠭᠡᠭᠡᠨ ᠦᠭᠡᠷᠡᠴᠢᠯᠡᠯᠳᠡ ᠤᠷᠤᠵᠠᠢ᠃ ᠲᠤᠬᠠᠶᠢᠯᠠᠪᠠᠯ 1658 ᠤᠨ ᠳᠤ᠂ ᠠᠲᠠᠮᠠᠨ ᠢᠸᠠᠨ ᠪᠠᠭ᠋ᠤᠪᠤᠸ᠋ ᠤᠨ ᠦᠶ᠎ᠠ ᠳᠤ ᠪᠤᠷᠢᠶᠠᠳ ᠨᠤᠶᠠᠳ ᠤᠳ ᠠᠯᠪᠠᠳᠠᠨ ᠨᠤᠭᠤᠳ ᠤᠨ ᠢᠶᠠᠨ ᠬᠠᠮᠳᠤ ᠪᠤᠷᠢᠶᠠᠳ ᠲᠤᠰᠬᠤᠨ ᠠᠴᠠ ᠮᠤᠩᠭᠤᠯ ᠭᠠᠵᠠᠷ ᠨᠡᠬᠦᠵᠤ ᠡᠬᠢᠯᠡᠵᠡᠢ᠃ 1862 ᠤᠨ ᠳᠤ ᠲᠤᠷᠯᠤᠭ ᠬᠠᠷᠠᠭᠤᠯ ᠢᠶᠠᠷ ᠪᠤᠷᠢᠶᠠᠳ ᠬᠠᠷᠪᠠᠨ ᠨᠠᠷ ᠤᠨ 12 ᠬᠦᠮᠤᠨ ᠮᠤᠩᠭᠤᠯ ᠳᠤ ᠠᠩᠬ᠎ᠠ ᠢᠷᠡᠬᠦ ᠳᠤ ᠨᠡᠯᠢᠶᠡᠳ ᠡᠮᠵᠡᠭ ᠬᠦᠯᠢᠶᠠᠨ ᠠᠪᠴᠤ ᠲᠦᠷᠪᠡᠨ ᠠᠶᠢᠮᠠᠭ ᠲᠤ ᠮᠡᠳᠡᠭᠳᠡᠯ ᠦᠭᠴᠤ ᠪᠠᠶᠢᠭᠰᠠᠨ ᠪᠠᠶᠢᠨ᠎ᠠ᠃ ᠲᠡᠭᠡᠬᠦ ᠳᠡᠭᠡᠨ ᠰᠠᠶᠢᠨ ᠬᠠᠷᠠᠵᠤ ᠬᠢᠨᠠᠵᠤ ᠪᠠᠶᠢᠶ᠎ᠠ᠂ ᠤᠷᠤᠵᠤ ᠢᠷᠡᠬᠦ ᠶᠢ ᠨᠢ ᠬᠤᠷᠢᠭᠯᠠᠬᠤ ᠪᠠᠨ ᠪᠤᠯᠢᠶ᠎ᠠ ᠭᠡᠵᠤ ᠲᠡᠭᠡᠷ᠎ᠡ ᠠᠴᠠ ᠴᠢᠭᠯᠡᠯ ᠦᠭᠴᠤ ᠪᠠᠶᠢᠵᠠᠢ᠃ 1902 ᠤᠨ ᠳᠤ ᠬᠤᠷᠴᠠ ᠶᠢᠨ ᠬᠠᠷᠠᠭᠤᠯ ᠠᠴᠠ ᠬᠦᠪᠤᠯᠵᠡᠬᠦ ᠶᠢᠨ ᠬᠦᠷᠳᠡᠯᠡᠬᠢ 12 ᠬᠠᠷᠠᠭᠤᠯ ᠢᠶᠠᠷ ᠲᠤᠯᠤᠭᠠᠨ ᠵᠠᠭᠤ ᠢᠯᠡᠬᠦᠤ ᠪᠤᠷᠢᠶᠠᠳ ᠠᠶᠢᠯ ᠡᠷᠤᠭᠡ ᠤᠷᠤᠵᠤ ᠢᠷᠡᠭᠰᠡᠨ ᠪᠠᠶᠢᠨ᠎ᠠ᠃ 1903 ᠤᠨ ᠳᠤ᠂ ᠬᠢᠷᠠᠬᠠᠨ ᠬᠠᠷᠠᠭᠤᠯ ᠢᠶᠠᠷ 28 ᠬᠦᠮᠤᠨ ᠠᠮᠠ ᠪᠦᠬᠦᠢ 7 ᠡᠷᠤᠭᠡ᠂ ᠭᠠᠭᠴᠠ ᠨᠢᠭᠡ ᠪᠠᠷ 7 ᠬᠦᠮᠤᠨ ᠤᠷᠤᠵᠤ ᠢᠷᠡᠭᠰᠡᠨ ᠢ ᠮᠠᠯ ᠬᠦᠷᠤᠩᠭᠡ ᠶᠢᠨ ᠬᠠᠮᠳᠤ ᠪᠦᠷᠢᠳᠭᠡᠭᠡᠳ ᠲᠠᠬᠢᠭᠠᠳ ᠬᠤᠷᠢᠭᠠᠳ ᠡᠷᠤᠭᠡ ᠨᠡᠯᠢᠶᠠᠳ ᠮᠠᠯ ᠲᠠᠢ ᠪᠠᠷ ᠨᠠᠮᠠᠨ ᠢᠷᠡᠭᠰᠡᠨ ᠢ ᠪᠦᠷ ᠬᠠᠯᠬ᠎ᠠ ᠬᠤᠰᠢᠭᠤᠨ ᠳᠤ ᠬᠠᠷᠢᠶᠠᠯᠠᠭᠤᠯᠤᠭᠰᠠᠨ ᠪᠠᠶᠢᠨ᠎ᠠ᠃ 1 9 ᠳ᠋ᠤᠭᠡᠷ ᠵᠠᠭᠤᠨ ᠤ ᠡᠴᠤᠰ 20 ᠳ᠋ᠤᠭᠠᠷ ᠵᠠᠭᠤᠨ ᠤ ᠡᠬᠢᠨ ᠤ ᠦᠶ᠎ᠠ ᠭᠡᠬᠦ ᠳᠤ ᠪᠤᠷᠢᠶᠠᠳ ᠨᠢ ᠤᠷᠤᠰ ᠤᠨ ᠡᠵᠡᠨᠳᠤ ᠤᠯᠤᠰ ᠤᠨ ᠭᠠᠵᠠᠷ ᠲᠠᠷᠢᠶᠠᠯᠠᠩ᠂ ᠡᠳ᠋ ᠤᠨ ᠵᠠᠰᠠᠭ ᠤᠨ ᠬᠤᠴᠤᠷᠤᠭᠳᠠᠭᠰᠠᠨ ᠬᠢᠵᠠᠭᠠᠷ ᠨᠤᠳᠤᠭ ᠤᠨ ᠨᠢᠭᠡ ᠨᠢ ᠪᠤᠯᠤᠭᠰᠠᠨ ᠪᠠᠶᠢᠨ᠎ᠠ᠃ ᠬᠠᠭᠠᠨᠳᠤ ᠤᠷᠤᠰ ᠤᠨ ᠵᠠᠰᠠᠭ ᠤᠨ ᠭᠠᠵᠠᠷ ᠪᠠᠶᠢᠭᠠᠯ ᠨᠠᠭᠤᠷ ᠤᠨ ᠡᠮᠤᠨ᠎ᠠ ᠪᠤᠯᠤᠨ ᠰᠡᠯᠡᠩᠭᠡ ᠮᠦᠷᠡᠨ ᠤ ᠰᠠᠪᠠ ᠭᠠᠵᠠᠷ ᠤᠨ ᠠᠯᠢ ᠦᠷᠡᠵᠢᠯ ᠰᠢᠮ᠎ᠠ ᠲᠠᠢ ᠡᠪᠡᠰᠤ ᠤᠷᠭᠤᠮᠠᠯ ᠰᠠᠶᠢᠳᠠᠢ ᠭᠠᠵᠠᠷ ᠢ ᠪᠤᠯᠢᠶᠠᠨ ᠠᠪᠴᠤ ᠤᠯᠠᠨ ᠮᠢᠩᠭᠠᠨ ᠡᠷᠤᠭᠡ ᠲᠠᠷᠢᠶᠠᠴᠢᠳ ᠢ ᠨᠡᠬᠦᠯᠭᠡᠨ ᠰᠠᠭᠤᠷᠢᠰᠢᠭᠤᠯᠬᠤ᠂ ᠪᠠᠶᠢᠭᠠᠯᠢ ᠶᠢᠨ ᠪᠠᠶᠠᠯᠢᠭ ᠢ ᠴᠦᠮᠤᠯᠤᠨ ᠠᠰᠢᠭᠯᠠᠬᠤ ᠪᠤᠳᠤᠯᠭ᠎ᠠ ᠪᠠᠨ ᠨᠠᠷᠢᠨ ᠲᠡᠰ ᠲᠠᠷᠠᠭ᠎ᠠ ᠲᠠᠢ ᠭᠡᠷᠡᠭᠵᠢᠬᠦᠯᠵᠤ ᠪᠠᠶᠢᠭᠰᠠᠨ ᠠᠵᠢ᠃ ᠪᠤᠷᠢᠶᠠᠳ ᠤᠨ ᠦᠨᠳᠤᠰᠤᠳᠡᠨ ᠤ ᠤᠯᠠᠮᠵᠢᠯᠠᠯᠳᠤ ᠰᠤᠶᠤᠯ ᠬᠦᠨᠳᠤ ᠪᠠᠶᠢᠳᠠᠯ ᠳᠤ ᠤᠷᠤᠵᠤ ᠬᠠᠭᠠᠨᠳᠤ ᠵᠠᠰᠠᠭ ᠤᠨ ᠭᠠᠵᠠᠷ ᠲᠡᠬᠦᠨ ᠤ ᠬᠦᠭᠵᠢᠯ ᠳᠤ ᠰᠠᠭᠠᠳ ᠬᠢᠵᠤ ᠪᠠᠶᠢᠪᠠ᠃ ᠬᠠᠭᠠᠨᠳᠤ ᠵᠠᠰᠠᠭ ᠦᠨᠳᠤᠰᠤᠳᠡᠨ ᠤ ᠲᠠᠷᠤᠩᠭᠤᠶᠢᠯᠠᠯ ᠤᠨ ᠪᠤᠳᠤᠯᠭ᠎ᠠ ᠪᠠᠨ ᠭᠠᠵᠠᠷ ᠤᠨ ᠪᠤᠯᠤᠨ ᠵᠠᠬᠢᠷᠭᠠᠨ ᠤ ᠰᠢᠨᠡᠳᠭᠡᠯ ᠬᠢᠬᠦ ᠬᠠᠯᠬᠠᠪᠴᠢ ᠪᠠᠷ ᠡᠷᠴᠢᠮ ᠲᠠᠢ ᠶᠠᠪᠤᠭᠤᠯᠵᠤ᠂ ᠬᠢᠨᠠᠨ ᠴᠠᠭᠳᠠᠬᠤ ᠶᠠᠪᠤᠳᠠᠯ ᠢ ᠬᠦᠴᠤᠳᠡᠢ ᠪᠤᠯᠭᠠᠵᠠᠢ᠃ ᠡᠬᠦᠨ ᠤ ᠤᠯᠠᠮ ᠠᠴᠠ 1902 — 1903 ᠤᠨ ᠳᠤ ᠪᠤᠷᠢᠶᠠᠳ ᠤᠳ ᠡᠰᠡᠷᠬᠦᠴᠡᠨ ᠪᠤᠰᠴᠤ ᠴᠠᠭᠳᠠᠭ᠎ᠠ ᠨᠠᠷ ᠲᠠᠢ ᠮᠦᠷᠬᠦᠯᠳᠤᠨ ᠬᠠᠭᠠᠨᠳᠤ ᠵᠠᠰᠠᠭ ᠠᠴᠠ ᠡᠨᠡ ᠬᠦᠳᠡᠯᠭᠡᠭᠡᠨ ᠤ ᠡᠰᠡᠷᠬᠦᠴᠡᠯ ᠢ ᠬᠠᠷᠬᠢᠰᠯᠠᠨ ᠲᠠᠷᠤᠭᠰᠠᠨ ᠠᠴᠠ ᠤᠯᠠᠨ ᠪᠤᠷᠢᠶᠠᠳ ᠮᠤᠩᠭᠤᠯ ᠪᠦᠷ ᠵᠢᠭᠤᠳᠠᠨ ᠢᠷᠡᠭᠰᠡᠨ ᠪᠠᠶᠢᠨ᠎ᠠ᠃ ᠡᠬᠦᠨ ᠤ ᠰᠠᠴᠠᠭᠤ ᠲᠡᠯᠡᠭᠡᠢ ᠶᠢᠨ ᠨᠢᠭᠡᠳᠤᠭᠡᠷ ᠲᠠᠶᠢᠨ ᠳᠤ ᠵᠤᠷᠢᠭᠤᠯᠤᠭᠰᠠᠨ ᠴᠡᠷᠢᠭ ᠲᠠᠳᠠᠯᠭ᠎ᠠ᠂ ᠬᠦᠨᠡᠰᠤ ᠨᠡᠶᠢᠯᠡᠬᠦᠯᠬᠦ ᠡᠬᠦᠷᠭᠡ ᠠᠷᠠᠳ ᠤᠯᠠᠨ ᠤ ᠨᠢᠷᠤᠭᠤᠨ ᠲᠡᠭᠡᠷ᠎ᠠ ᠠᠰᠤᠷᠤ ᠶᠡᠭᠡ ᠠᠴᠢᠶᠠᠯᠠᠯ ᠡᠬᠦᠷᠤᠬᠦᠯᠵᠡᠢ᠃ ᠡᠨᠡ ᠪᠦᠬᠦᠨ ᠢ ᠡᠰᠡᠷᠬᠦᠴᠡᠭᠰᠡᠨ ᠪᠤᠷᠢᠶᠠᠳ ᠤᠳ ᠮᠤᠩᠭᠤᠯ ᠤᠷᠤᠭᠤ ᠪᠦᠭᠡᠮ ᠪᠦᠭᠡᠮ ᠢᠶᠠᠷ ᠢᠷᠡᠬᠦ ᠶᠢᠨ ᠪᠠᠰᠠ ᠨᠢᠭᠡ ᠰᠢᠯᠳᠠᠭᠠᠨ ᠪᠤᠯᠵᠠᠢ᠃ ᠪᠠᠶᠢᠭᠠᠯ ᠬᠠᠪᠢ ᠶᠢᠨ ᠮᠤᠩᠭᠤᠯᠴᠤᠳ ᠡᠨᠡ ᠦᠶ᠎ᠠ ᠠᠴᠠ ᠤᠷᠤᠰᠴᠤᠳ ᠲᠤ ᠲᠦᠷᠢᠭᠳᠡᠵᠤ᠂ ᠲᠠᠳᠠᠨ ᠤ ᠨᠦᠯᠤᠭᠡ ᠶᠢ ᠮᠡᠳᠡᠷᠡᠵᠤ ᠨᠡᠬᠦᠵᠤ ᠡᠬᠢᠯᠡᠭᠰᠡᠨ ᠨᠢ 19 ᠳ᠋ᠤᠭᠠᠷ ᠵᠠᠭᠤᠨ ᠳᠤ ᠤᠯᠠᠮ ᠪᠦᠷ ᠡᠷᠴᠢᠮᠵᠢᠭ᠍ᠰᠡᠨ ᠪᠠᠶᠢᠨ᠎ᠠ᠃ ᠪᠦᠷ ᠰᠡᠬᠦᠯᠴᠢ ᠶᠢᠨ ᠪᠠᠶᠢᠳᠠᠯ ᠢᠶᠠᠷ᠂ 1922 ᠤᠨ ᠤ 7 ᠰᠠᠷ᠎ᠠ ᠶᠢᠨ 17 ᠤ ᠡᠳᠤᠷ ᠨᠡᠶᠢᠰᠯᠡᠯ ᠬᠦᠷᠢᠶᠠᠨ᠎ᠠ ᠲᠤᠭᠳᠠᠭᠰᠠᠨ ᠮᠤᠩᠭᠤᠯ ᠭᠠᠵᠠᠷ ᠪᠦᠬᠦᠢ ᠪᠤᠷᠢᠶᠠᠳ ᠨᠠᠷ ᠤᠨ ᠲᠦᠯᠤᠭᠡᠯᠡᠭᠴᠢᠳ ᠤᠨ ᠬᠤᠷᠠᠯ ᠲᠡᠭᠡᠷ᠎ᠠ ᠡᠯᠪᠡᠭᠳᠤᠷᠵᠢ ᠶᠢᠨ ᠷᠢᠨᠴᠢᠨ ᠤ ᠭᠡᠯᠡᠭᠰᠡᠨ ᠦᠭᠡᠨ ᠠᠴᠠ ᠲᠤᠳᠤᠷᠬᠠᠢ ᠬᠠᠷᠠᠭᠳᠠᠵᠤ ᠪᠠᠶᠢᠨ᠎ᠠ᠃ ᠡᠬᠦᠨ ᠳᠤ᠄ ︽ᠤᠷᠢᠳᠤ ᠬᠠᠭᠠᠨᠳᠤ ᠵᠠᠰᠠᠭ ᠤᠨ ᠦᠶ᠎ᠠ ᠶᠢᠨ ᠪᠠᠶᠢᠳᠠᠯ ᠢ ᠦᠵᠡᠪᠡᠰᠤ ᠵᠠᠰᠠᠭ᠂ ᠰᠠᠶᠢᠳ᠂ ᠲᠦᠰᠢᠮᠡᠯ ᠪᠤᠯᠤᠨ ᠤᠷᠤᠰ ᠯᠠᠮᠠ ᠨᠠᠷ ᠤᠷᠤᠰ ᠱᠠᠰᠢᠨ ᠳᠤ ᠤᠷᠤᠭᠤᠯᠬᠤ ᠵᠡᠷᠭᠡ ᠪᠠᠷ ᠪᠤᠷᠢᠶᠠᠳ ᠤᠨ ᠢᠵᠠᠭᠤᠷ ᠤᠨ ᠱᠠᠰᠢᠨ ᠰᠤᠷᠭᠠᠭᠤᠯᠢ ᠶᠢ ᠪᠠᠯᠠᠷᠠᠭᠤᠯᠵᠤ ᠦᠪᠡᠷ ᠤᠨ ᠪᠤᠭᠤᠯ ᠪᠤᠯᠭᠠᠨ ᠦᠨᠳᠤᠰᠤ ᠶᠢ ᠲᠠᠰᠤᠯᠬᠤ ᠶᠢ ᠬᠢᠴᠢᠶᠠᠵᠡᠢ᠃ ᠱᠠᠰᠢᠨ ᠨᠤᠮ ᠤᠨ ᠶᠠᠪᠤᠳᠠᠯ ᠳᠤ ᠬᠠᠷᠰᠢ ᠲᠠᠢ ᠬᠠᠤᠯᠢ ᠭᠠᠷᠭᠠᠨ ᠡᠯᠳᠡᠪ ᠢᠶᠠᠷ ᠪᠤᠭᠤᠭᠳᠠᠭᠤᠯᠤᠨ ᠵᠤᠪᠠᠭᠠᠬᠤ ᠪᠤᠯᠤᠭᠰᠠᠨ ᠠᠴᠠ ᠪᠤᠷᠢᠶᠠᠳ ᠨᠠᠷ ᠭᠡᠳᠤ ᠭᠡᠳᠤᠨ ᠤᠳᠠᠭ᠎ᠠ ᠲᠦᠯᠤᠭᠡᠯᠡᠭᠴᠢ ᠶᠠᠪᠤᠭᠤᠯᠵᠤ ᠬᠠᠭᠠᠨ ᠳᠤ ᠪᠠᠷᠠᠯᠠᠭᠤᠯᠤᠨ ᠤᠴᠢᠷ ᠢᠶᠠᠨ ᠭᠠᠷᠭᠠᠭᠰᠠᠨ ᠪᠤᠯᠪᠠᠴᠤ᠂ ᠪᠠᠶᠢᠳᠠᠯ ᠦᠯᠤ ᠰᠠᠶᠢᠵᠢᠷᠠᠭᠰᠠᠨ ᠢ ᠦᠵᠡᠬᠦᠯ᠎ᠠ ᠬᠠᠭᠠᠨ ᠠᠴᠠ ᠡᠬᠢᠯᠡᠨ ᠤᠷᠤᠰ ᠤᠳ ᠪᠤᠷᠢᠶᠠᠳ ᠤᠨ ᠰᠤᠷᠳᠠᠯᠪᠠ ᠦᠨᠳᠤᠰᠤ ᠶᠢ ᠲᠠᠰᠤᠯᠬᠤ ᠶᠢ ᠬᠢᠴᠢᠶᠡᠭᠰᠡᠨ ᠨᠢ ᠨᠢᠳᠤᠨ ᠤ ᠡᠮᠤᠨ᠎ᠠ ᠢᠯᠡᠷᠭᠡᠢ᠂ ᠲᠡᠷᠡ ᠴᠤ ᠪᠠᠶᠢᠳᠤᠭᠠᠢ ᠤᠷᠢᠳᠤ ᠪᠤᠷᠢᠶᠠᠳ ᠤᠨ ᠲᠤᠳᠤᠷ᠎ᠠ ᠪᠠᠶᠢᠭᠤᠯᠤᠭᠰᠠᠨ ᠢᠵᠠᠭᠤᠷ ᠵᠠᠬᠢᠷᠭᠠᠨ ᠤ ᠠᠯᠪᠠᠨ ᠭᠠᠵᠠᠷ ᠤᠳ ᠢ ᠪᠦᠷᠢᠮᠤᠰᠤᠨ ᠠᠷᠢᠯᠭᠠᠵᠤ ︽ᠲᠠᠷᠢᠶᠠᠨ ᠤ ᠵᠦᠪᠯᠡᠯ︾ ᠭᠡᠮᠡᠬᠦ ᠤᠷᠤᠰ᠂ ᠪᠤᠷᠢᠶᠠᠳ ᠨᠠᠷ ᠢ ᠬᠠᠮᠳᠤᠳᠬᠠᠨ ᠵᠠᠬᠢᠷᠬᠤ ᠬᠦᠮᠤᠰ ᠢ ᠲᠤᠮᠢᠯᠠᠵᠤ ᠪᠤᠷᠢᠶᠠᠳ ᠨᠤᠳᠤᠭ ᠲᠤ ᠲᠠᠷᠢᠶᠠᠴᠢᠨ ᠤᠷᠤᠰ ᠬᠦᠮᠤᠰ ᠢ ᠦᠯᠡᠮᠵᠢᠭᠡᠨ ᠨᠡᠬᠦᠯᠭᠡᠨ ᠰᠢᠯᠵᠢᠬᠦᠯᠵᠤ ᠠᠯᠢᠪᠠ ᠰᠠᠶᠢᠨ ᠭᠠᠵᠠᠷ ᠨᠤᠳᠤᠭ ᠢ ᠨᠢ ᠪᠤᠯᠢᠶᠠᠨ ᠠᠪᠴᠤ ᠲᠡᠷᠡᠬᠦ ᠲᠠᠷᠢᠶᠠᠴᠢᠳ ᠲᠤ ᠡᠳ᠋ᠯᠡᠬᠦᠯᠬᠦ ᠵᠡᠷᠭᠡ ᠶᠢᠨ ᠡᠯᠳᠡᠪ ᠭᠠᠴᠢᠭᠳᠠᠯ ᠵᠤᠪᠠᠯᠠᠩ ᠦᠵᠡᠬᠦᠯᠦᠭᠰᠡᠨ ᠤ ᠬᠠᠷᠠᠭ᠎ᠠ ᠪᠠᠷ ᠪᠤᠷᠢᠶᠠᠳ ᠨᠠᠷ ᠨᠢᠭᠡᠨ᠂ ᠬᠤᠶᠠᠷ ᠢᠶᠠᠷ ᠤᠤᠭᠠᠯ ᠨᠤᠳᠤᠭ ᠠᠴᠠ ᠪᠠᠨ ᠰᠠᠷᠨᠢᠨ ᠭᠠᠷᠴᠤ ᠮᠤᠩᠭᠤᠯ ᠭᠠᠵᠠᠷ ᠨᠡᠬᠦᠨ ᠢᠷᠡᠭᠰᠡᠨ︾ ᠭᠡᠵᠤ ᠭᠡᠯᠡᠭᠰᠡᠨ ᠪᠠᠶᠢᠨ᠎ᠠ᠃ ᠲᠡᠷᠡ ᠪᠠᠷ ᠴᠠᠭᠠᠰᠢ ᠭᠡᠯᠡᠬᠦ ᠳᠡᠭᠡᠨ᠄ ︽ᠮᠠᠨᠢ ᠪᠤᠷᠢᠶᠠᠳ ᠨᠠᠷ ᠡᠪ ᠬᠠᠮᠳᠤ ᠶᠢᠨ ᠨᠠᠮ ᠪᠠᠶᠢᠭᠤᠯᠤᠭᠰᠠᠨ ᠵᠦᠪᠯᠡᠯᠳᠤ ᠶᠢᠨ ᠵᠠᠰᠠᠭ ᠲᠤ ᠶᠠᠭᠤᠨ ᠳᠤᠨᠢ ᠲᠤᠷ᠎ᠠ ᠦᠭᠡᠢ ᠪᠤᠯᠪᠠ ᠭᠡᠮᠡᠪᠡᠰᠤ ᠤᠷᠤᠰ ᠭᠠᠵᠠᠷ ᠬᠤᠪᠢᠰᠬᠠᠯ ᠭᠠᠷᠴᠤ ᠪᠠᠶᠢᠬᠤ ᠦᠶᠡᠰ ᠲᠤ ᠪᠤᠷᠢᠶᠠᠳ ᠤᠳ ᠲᠠᠢ ᠬᠤᠯᠢᠯᠳᠤᠵᠤ ᠰᠠᠭᠤᠭ᠎ᠠ ᠲᠠᠷᠢᠶᠠᠴᠢᠨ ᠤᠷᠤᠰ ᠨᠠᠷ ᠪᠢᠳᠡᠨ ᠢ ᠤᠯᠠᠭᠠᠨ ᠨᠠᠮ ᠤᠨ ᠬᠦᠮᠤᠰ ᠭᠡᠮᠡᠨ ᠨᠡᠷ᠎ᠡ ᠵᠡᠬᠦᠵᠤ ᠪᠤᠷᠢᠶᠠᠳ ᠨᠠᠷ ᠤᠨ ᠭᠠᠵᠠᠷ ᠨᠤᠳᠤᠭ ᠢ ᠪᠤᠯᠢᠶᠠᠨ ᠠᠪᠬᠤ᠂ ᠠᠯᠠᠬᠤ ᠲᠡᠭᠡᠷᠡᠮᠳᠡᠬᠦ ᠵᠡᠷᠭᠡ ᠪᠠᠷ ᠡᠯᠳᠡᠪ ᠰᠠᠮᠠᠭᠤᠨ ᠶᠠᠪᠤᠳᠠᠯ ᠲᠡᠭᠳᠡᠭᠡᠭᠰᠡᠨ ᠤ ᠰᠢᠯᠳᠠᠭᠠᠨ ᠢᠶᠠᠷ ᠤᠴᠢᠷ ᠮᠡᠳᠡᠬᠦ ᠦᠭᠡᠢ ᠪᠦᠳᠤᠬᠦᠯᠢᠭ ᠪᠤᠷᠢᠶᠠᠳ ᠨᠠᠷ ᠤᠳᠤ ᠬᠦᠷᠳᠡᠯ᠎ᠡ ᠤᠯᠠᠭᠠᠨ ᠨᠠᠮ ᠤᠨ ᠬᠦᠮᠤᠰ ᠪᠦᠬᠦᠳᠡ ᠲᠡᠭᠡᠷᠡᠮᠴᠢᠨ ᠭᠡᠮᠡᠨ ᠰᠠᠨᠠᠬᠤ ᠮᠡᠳᠤ ᠪᠤᠯᠠᠢ︾ ᠭᠡᠵᠤ ᠭᠡᠯᠡᠭᠰᠡᠨ ᠠᠴᠠ ᠦᠵᠡᠬᠦ ᠳᠤ ᠤᠺᠲ᠋ᠧᠪᠲᠢ ᠶᠢᠨ ᠬᠤᠪᠢᠰᠬᠠᠯ ᠤᠨ ᠡᠬᠢᠨ ᠤ ᠦᠶ᠎ᠠ ᠳᠤ ᠦᠢᠮᠡᠭᠡᠨ ᠰᠠᠮᠠᠭᠤᠨ ᠶᠡᠭᠡ ᠪᠤᠯᠵᠤ᠂ ᠪᠤᠷᠢᠶᠠᠳ ᠤᠳ ᠤᠨ ᠠᠵᠤ ᠪᠠᠶᠢᠳᠠᠯ᠂ ᠠᠮᠢᠳᠤᠷᠠᠯ ᠳᠤ ᠬᠦᠨᠳᠤ ᠪᠠᠷ ᠲᠤᠰᠴᠤ ᠠᠮᠢᠳᠤᠷᠠᠬᠤ ᠶᠢᠨ ᠡᠷᠭᠡᠨ ᠳᠤ ᠴᠢᠯᠤᠭᠡᠳᠤ ᠪᠠᠶᠢᠳᠠᠯ ᠡᠷᠢᠯᠬᠢᠯᠡᠬᠦ ᠪᠤᠯᠵᠠᠢ᠃ ᠬᠠᠭᠠᠨᠳᠤ ᠤᠷᠤᠰ ᠤᠨ ᠦᠶ᠎ᠠ ᠳᠤ ᠪᠤᠷᠢᠶᠠᠳ ᠤᠳ ᠤᠨ ᠠᠮᠢᠳᠤᠷᠠᠯ ᠠᠬᠤᠢ ᠳᠤ ᠬᠠᠮᠤᠭ ᠤᠨ ᠬᠦᠨᠳᠤ ᠲᠤᠰᠴᠤ ᠪᠠᠶᠢᠭᠰᠠᠨ ᠨᠢᠭᠡ ᠠᠰᠠᠭᠤᠳᠠᠯ ᠪᠤᠯ ︽ᠭᠠᠵᠠᠷ︾ ᠶᠤᠮ᠃ ᠬᠠᠮᠤᠭ ᠤᠨ ᠦᠷᠡᠵᠢᠯ ᠰᠢᠮ᠎ᠠ ᠲᠠᠢ ᠭᠠᠵᠠᠷ ᠢ ᠫᠤᠮᠧᠱᠧᠺ ᠤᠳ ᠪᠤᠯᠢᠶᠠᠨ ᠠᠪᠴᠤ᠂ ᠪᠤᠷᠢᠶᠠᠳ ᠬᠦᠮᠤᠰ ᠲᠤ ᠤᠢ ᠶᠢᠨ ᠴᠤᠭᠤᠷᠤᠬᠠᠢ᠂ ᠠᠭᠤᠯᠠ ᠶᠢᠨ ᠠᠷᠤ ᠦᠪᠤᠷ ᠤᠨ ᠪᠠᠯ ᠵᠡᠷᠭᠡ ᠦᠴᠤᠭᠡᠨ ᠭᠠᠵᠠᠷ ᠢ ᠬᠤᠪᠢᠶᠠᠷᠢᠯᠠᠨ ᠦᠭᠴᠡᠢ᠃ ᠲᠡᠬᠦᠨ ᠳᠡᠭᠡᠨ ᠠᠶᠢᠯ ᠪᠦᠷᠢ ︽ᠫᠤᠰᠬᠤᠳ᠋︾ ︵ᠡᠪᠡᠰᠤᠨ ᠬᠦᠷᠢᠶ᠎ᠠ︶ ᠬᠠᠰᠢᠵᠤ ᠬᠠᠮᠠᠭᠠᠯᠠᠨ ᠲᠡᠬᠦᠨ ᠲᠤᠳᠤᠷ᠎ᠠ ᠪᠠᠨ ᠮᠠᠯ ᠢᠶᠠᠨ ᠪᠡᠯᠴᠢᠭᠡᠵᠤ ᠲᠠᠷᠢᠶ᠎ᠠ ᠨᠤᠭᠤᠭ᠎ᠠ ᠲᠠᠷᠢᠵᠤ ᠮᠠᠯ ᠤᠨ ᠦᠳᠦᠭ ᠪᠠᠭᠤᠴᠠ ᠪᠠᠷ ᠪᠤᠷᠳᠤᠵᠤ ᠲᠠᠷᠴᠢᠭ ᠶᠠᠳᠠᠭᠤ ᠠᠮᠢᠳᠤᠷᠠᠵᠤ ᠪᠠᠶᠢᠭᠰᠠᠨ ᠲᠤᠬᠠᠢ ᠪᠠᠨ ᠡᠪᠦᠭᠡ ᠲᠡᠭᠡᠳᠤᠰ ᠮᠠᠨᠢ ᠬᠠᠷᠠᠰᠠᠨ ᠶᠠᠷᠢᠳᠠᠭ ᠪᠠᠶᠢᠭᠰᠠᠨ᠃ ᠡᠨᠡ ᠨᠢ ᠮᠤᠩᠭᠤᠯ ᠤᠨ ᠰᠠᠶᠢᠬᠠᠨ ᠨᠤᠳᠤᠭ ᠲᠤ ᠨᠡᠬᠦᠳᠡᠯᠯᠡᠨ ᠢᠷᠡᠵᠤ ᠠᠮᠢᠳᠤᠷᠠᠬᠤ ᠰᠢᠯᠳᠠᠭ ᠪᠤᠯᠤᠭᠰᠠᠨ ᠭᠡᠳᠡᠭ᠃ ᠬ᠊ ‍ᠤᠪᠢᠰᠬᠠᠯ ᠤᠨ ᠲᠠᠷᠠᠭ᠎ᠠ ᠴᠤ ᠪᠤᠷᠢᠶᠠᠳ ᠡᠴᠡᠩᠬᠢ ᠵᠡᠷᠭᠡ ᠶᠢᠨ ᠵᠠᠬ᠎ᠠ ᠬᠢᠵᠠᠭᠠᠷ ᠤᠨ ᠪᠠᠭ᠎ᠠ ᠵᠢᠵᠢᠭ ᠶᠠᠰᠤᠳᠠᠨ ᠤ ᠲᠠᠯ᠎ᠠ ᠪᠠᠷ ᠪᠠᠷᠢᠮᠳᠠᠯᠠᠬᠤ ᠨᠠᠭᠠᠰᠢ ᠲᠠᠢ ᠪᠤᠳᠤᠯᠭ᠎ᠠ ᠤᠳᠠᠭᠠᠰᠢᠷᠠᠯ ᠲᠠᠢ ᠪᠠᠶᠢᠭᠰᠠᠨ ᠵᠡᠷᠭᠡ ᠠᠴᠠ ᠪᠤᠷᠢᠶᠠᠳ ᠤᠨ ᠲᠡᠷᠢᠬᠦᠨ ᠤ ᠬᠦᠮᠤᠰ ᠤᠨ ᠲᠤᠳᠤᠷ᠎ᠠ ᠮᠤᠩᠭᠤᠯ ᠢᠶᠠᠨ ᠭᠡᠰᠡᠨ ᠬᠦᠰᠡᠯ ᠰᠠᠨᠠᠭ᠎ᠠ ᠨᠢ ᠲᠦᠷᠡᠯᠵᠡᠭᠰᠡᠭᠡᠷ ᠪᠠᠶᠢᠯ᠎ᠠ᠃ ᠪᠤᠷᠢᠶᠠᠳ ᠤᠳ ᠤᠨ ᠲᠤᠳᠤᠷ᠎ᠠ ᠲᠡᠷᠡ ᠦᠶ᠎ᠠ ᠳᠡᠭᠡᠨ ᠤᠴᠢᠷ ᠮᠡᠳᠡᠬᠦ ᠰᠡᠭᠡᠭᠡᠳᠡᠨ ᠨᠦᠭᠦᠳ᠂ ᠬᠤᠳᠤᠭᠳᠤ ᠬᠤᠪᠢᠯᠠᠭᠤᠨ ᠤᠯᠠᠨ ᠤᠨ ᠲᠡᠮᠵᠢᠨ ᠴᠠᠭ ᠰᠠᠮᠠᠭᠤᠷᠠᠵᠤ ᠤᠷᠤᠨ ᠨᠤᠳᠤᠭ ᠨᠢ ᠲᠠᠶᠢᠨ ᠲᠡᠵᠢᠨ ᠤ ᠬᠦᠯ ᠪᠤᠯᠤᠭᠰᠠᠨ ᠳᠤ ᠰᠡᠳᠬᠢᠯ ᠲᠦᠭᠰᠢᠨ ᠶᠠᠰᠤᠳᠠᠨ ᠦᠨᠳᠤᠰᠤᠳᠡᠨ ᠤ ᠪᠠᠨ ᠬᠤᠪᠢ ᠵᠠᠶᠠᠭᠠᠨ ᠤ ᠲᠦᠯᠤᠭᠡ ᠦᠪᠡᠷᠰᠡᠳ ᠤᠨ ᠬᠦᠴᠤ ᠤᠶᠤᠨ ᠢᠶᠠᠨ ᠰᠢᠪᠬᠠᠨ ᠪᠠᠶᠢᠵᠤ ᠡᠷᠳᠡᠮ ᠨᠤᠮ ᠢᠶᠠᠷ ᠭᠡᠯᠡᠯᠴᠡᠳᠡᠭ ᠨᠢ ᠭᠡᠯᠡᠯᠴᠡᠵᠤ ᠵᠢᠷᠤᠬᠠᠢ ᠵᠢᠷᠤᠯᠭ᠎ᠠ ᠬᠤᠪᠢ ᠵᠠᠶᠠᠭᠠᠨ ᠤ ᠲᠠᠭᠤᠳᠠᠯᠭ᠎ᠠ ᠲᠠᠭᠠᠨ ᠠᠷᠤ ᠮᠤᠩᠭᠤᠯ ᠤᠷᠤᠭᠤ ᠨᠡᠯᠢᠶᠡᠳ ᠲᠤᠭᠠᠨ ᠤ ᠪᠤᠷᠢᠶᠠᠳ ᠨᠠᠷ ᠨᠡᠬᠦᠳᠡᠯᠯᠡᠵᠤ ᠢᠷᠡᠭᠰᠡᠨ ᠪᠠᠶᠢᠨ᠎ᠠ᠃ ᠢᠷᠡᠭᠡᠳᠤᠢ ᠶᠢᠨ ᠬᠤᠪᠢ ᠵᠠᠶᠠᠭᠠᠨ ᠤ ᠭᠡᠷᠡᠯ ᠭᠡᠭᠡ ᠬᠠᠷᠠᠭᠳᠠᠬᠤ ᠨᠡᠶᠢᠳᠡᠪᠤᠷᠢ ᠲᠠᠰᠤᠷᠠᠯ᠎ᠠ ᠭᠡᠵᠤ ᠦᠢᠯᠠᠭᠠᠭᠰᠠᠨ ᠵᠠᠷᠢᠮ ᠨᠢ ᠬᠢᠳᠠᠳ ᠤᠷᠤᠭᠤ ᠨᠡᠬᠦᠳᠡᠯᠯᠡᠵᠤ ᠵᠠᠷᠢᠮ ᠨᠢ ᠶᠡᠷᠤᠳᠡᠭᠡᠨ ᠯᠡ ᠲᠠᠶᠢᠵᠢᠨ ᠵᠢᠭᠤᠳᠠᠶ᠎ᠠ᠂ ᠱᠠᠰᠢᠨ ᠰᠢᠳᠤᠯᠭᠡ ᠨᠢᠭᠡᠳᠡᠢ ᠶᠠᠫᠤᠨ ᠤᠷᠤᠨ ᠢ ᠦᠵᠡᠵᠤ ᠲᠡᠨᠳᠡ ᠠᠮᠢᠳᠤᠷᠠᠶ᠎ᠠ ᠭᠡᠮᠡᠨ ᠰᠢᠢᠳᠴᠡᠭᠡᠵᠤ ᠮᠠᠨᠵᠤᠤᠷ ᠢᠶᠠᠷ ᠲᠠᠮᠵᠢᠨ ᠶᠠᠫᠤᠨ ᠳᠤ ᠶᠠᠪᠤᠬᠤ ᠤᠰᠤᠨ ᠤᠩᠭᠤᠴᠠᠨ ᠳᠤ ᠰᠠᠭᠤᠯ᠎ᠠ ᠭᠡᠰᠡᠨ ᠨᠢ ᠭᠡᠯᠡ ᠮᠡᠳᠡᠬᠦ ᠦᠭᠡᠢ ᠶᠢᠨ ᠬᠠᠷᠠᠭ᠎ᠠ ᠪᠠᠷ ᠠᠯᠤᠰ ᠬᠤᠯᠠ ᠶᠢᠨ ᠠᠦ᠋ᠰᠳ᠋ᠷᠠᠯᠢᠶ᠎ᠠ ᠳᠤ ᠶᠠᠪᠤᠬᠤ ᠤᠩᠭᠤᠴᠠᠨ ᠳᠤ ᠰᠠᠭᠤᠭᠰᠠᠨ ᠨᠢ ᠨᠠᠰᠤᠨ ᠲᠤᠷᠰᠢᠳᠠ ᠲᠡᠨᠳᠡ ᠰᠠᠭᠤᠷᠢᠰᠢᠨ ᠠᠮᠢᠳᠤᠷᠠᠬᠤ ᠬᠤᠪᠢ ᠲᠠᠪᠢᠯᠠᠩ ᠴᠦᠭᠡᠨ ᠪᠤᠯᠪᠠᠴᠤ ᠭᠡᠰᠡᠭ ᠬᠦᠮᠤᠰ ᠲᠠᠢ ᠲᠤᠬᠢᠶᠠᠵᠠᠢ᠃ ᠭᠡᠯᠡ ᠮᠡᠳᠡᠬᠦ ᠦᠭᠡᠢ ᠲᠡᠳᠡ ᠨᠠᠷ ᠲᠤ ︽ᠴᠢᠩᠬᠢᠰ᠂ ᠮᠤᠩᠭᠤᠯ︾ ᠭᠡᠰᠡᠨ ᠬᠤᠶᠠᠷᠬᠠᠨ ᠦᠭᠡ ᠡᠬᠢᠨ ᠤ ᠦᠶ᠎ᠠ ᠭᠡᠷᠡᠭ ᠪᠤᠯᠵᠤ᠂ ᠲᠡᠳᠡᠨ ᠳᠤ ᠬᠠᠨᠳᠤᠬᠤ ᠬᠠᠨᠳᠤᠯᠭ᠎ᠠ ᠳᠤ ᠬᠦᠷᠳᠡᠯ᠎ᠠ ᠨᠠᠭᠠᠰᠢ ᠲᠠᠢ ᠪᠠᠷ ᠨᠦᠯᠤᠭᠡᠯᠡᠭᠰᠡᠨ ᠭᠡᠳᠡᠭ᠃ ᠡᠨᠡ ᠦᠶ᠎ᠠ ᠳᠤ ᠪᠤᠷᠢᠶᠠᠳ ᠤᠨ ᠦᠪᠡᠷᠳᠡᠭᠡᠨ ᠵᠠᠰᠠᠬᠤ ᠵᠠᠬᠢᠷᠭ᠎ᠠ ᠶᠢᠨ ᠫᠷᠤᠹᠧᠰᠰᠤᠷ ᠼᠧᠪᠢᠺᠤᠸ᠋ ᠭᠤᠮᠪᠤ ᠶᠢ ᠮᠠᠰᠢ ᠶᠡᠭᠡ ᠨᠠᠷ᠎ᠠ ᠬᠦᠨᠳᠤᠳᠡᠢ ᠠᠯᠳᠠᠷᠰᠢᠭᠰᠠᠨ ᠬᠦᠮᠤᠨ ᠤ ᠬᠤᠪᠢ ᠳᠤ ᠲᠦᠷᠪᠡᠵᠤ ᠭᠠᠷᠤᠭᠰᠠᠨ ᠪᠤᠷᠢᠶᠠᠳ ᠤᠳ ᠢ ᠮᠤᠩᠭᠤᠯ ᠠᠴᠠ ᠪᠤᠴᠠᠭᠠᠨ ᠠᠪᠠᠴᠢᠬᠤ ᠠᠰᠠᠭᠤᠳᠠᠯ ᠢ ᠬᠠᠷᠢᠭᠤᠴᠠᠭᠰᠠᠨ ᠪᠦᠷᠢᠨ ᠡᠷᠭᠡᠳᠤ ᠲᠦᠯᠤᠭᠡᠯᠡᠭᠴᠢ ᠪᠠᠷ ᠲᠤᠮᠢᠯᠠᠨ ᠠᠵᠢᠯᠯᠠᠭᠤᠯᠵᠤ ᠪᠠᠶᠢᠪᠠ᠃ ᠼᠧᠪᠢᠺᠤᠸ᠋ ᠭᠤᠮᠪᠤ ᠡᠨᠡ ᠡᠬᠦᠷᠭᠡ ᠶᠢ ᠠᠮᠵᠢᠯᠳᠠ ᠲᠠᠢ ᠪᠡᠶᠡᠯᠡᠬᠦᠯᠵᠤ ᠨᠡᠬᠦᠬᠦ ᠭᠡᠵᠤ ᠪᠠᠶᠢᠭᠰᠠᠨ ᠤᠯᠠᠨ ᠠᠶᠢᠯ ᠢ ᠪᠤᠯᠢᠭᠤᠯᠵᠤ ᠨᠢᠭᠡᠨᠳᠡ ᠨᠡᠬᠦᠭᠰᠡᠨ ᠨᠡᠯᠢᠶᠡᠳ ᠠᠶᠢᠯ ᠢ ᠪᠤᠴᠠᠭᠠᠵᠤ ᠴᠢᠳᠠᠭᠰᠠᠨ ᠪᠠᠶᠢᠨ᠎ᠠ᠃ 1921 ᠤᠨ ᠤ 11 ᠰᠠᠷ᠎ᠠ ᠳᠤ ᠮᠤᠩᠭᠤᠯ ᠵᠦᠪᠯᠡᠯᠳᠤ ᠶᠢᠨ ᠨᠠᠶᠢᠷᠠᠮᠳᠠᠯ ᠤᠨ ᠭᠡᠷ᠎ᠡ ᠪᠠᠶᠢᠭᠤᠯᠬᠤ ᠦᠶ᠎ᠠ ᠪᠠᠷ ᠮᠤᠩᠭᠤᠯ ᠤᠯᠤᠰ ᠤᠨ ᠲᠦᠯᠤᠭᠡᠯᠡᠭᠴᠢᠳ ᠤᠨ ᠲᠡᠷᠢᠬᠦᠨ ᠳ᠋ᠠᠨᠽᠠᠨ᠂ ᠮᠤᠩᠭᠤᠯ ᠠᠷᠠᠳ ᠤᠨ ᠨᠠᠮ ᠤᠨ ᠪᠠᠷᠢᠮᠳᠠ ᠪᠢᠴᠢᠭ ᠪᠤᠯᠬᠤ ︽ᠲᠠᠩᠭᠠᠷᠢᠭ ᠤᠨ ᠪᠢᠴᠢᠭ︾ ᠤᠨ ᠦᠵᠡᠯ ᠰᠠᠨᠠᠭ᠎ᠠ ᠶᠢ ᠡᠰᠢ ᠦᠨᠳᠤᠰᠤ ᠪᠤᠯᠭᠠᠵᠤ᠂ ᠤᠷᠤᠰ ᠤᠨ ᠬᠠᠷᠢᠶᠠᠳᠤ ᠪᠤᠷᠢᠶᠠᠳ ᠨᠠᠷ ᠤᠨ ᠬᠦᠰᠡᠯᠳᠡ ᠪᠠᠷ ᠨᠢ ᠮᠤᠩᠭᠤᠯ ᠤᠨ ᠬᠠᠷᠢᠶᠠᠯᠠᠯ ᠳᠤ ᠰᠢᠯᠵᠢᠬᠦᠯᠬᠦ ᠰᠠᠨᠠᠯ ᠲᠠᠯᠪᠢᠵᠤ ᠪᠠᠶᠢᠵᠠᠢ᠃ ᠡᠨᠡ ᠰᠠᠨᠠᠯ ᠬᠦᠰᠡᠯᠳᠡ ᠶᠢᠨ ᠦᠨᠳᠤᠰᠤᠨ ᠲᠡᠭᠡᠷ᠎ᠠ ᠬᠤᠶᠠᠷ ᠲᠠᠯ᠎ᠠ ᠶᠢᠨ ᠵᠠᠰᠠᠭ ᠤᠨ ᠭᠠᠵᠠᠷ ᠠᠴᠠ ᠺᠤᠮᠢᠰ ᠪᠠᠶᠢᠭᠤᠯᠵᠤ ᠤᠭ ᠠᠰᠠᠭᠤᠳᠠᠯ ᠢ ᠰᠢᠢᠳᠪᠤᠷᠢᠯᠡᠬᠦᠯᠬᠦ ᠪᠠᠷ ᠲᠤᠬᠢᠷᠠᠯᠴᠠᠭᠰᠠᠨ ᠤ ᠲᠠᠭᠠᠤ ᠮᠤᠩᠭᠤᠯ ᠤᠨ ᠭᠠᠳᠠᠭᠠᠳᠤ ᠶᠠᠪᠤᠳᠠᠯ ᠤᠨ ᠶᠠᠮᠤᠨ ᠠᠴᠠ 1922 ᠤᠨ ᠤ 1 ᠰᠠᠷ᠎ᠠ ᠶᠢᠨ 22 ᠤ ᠡᠳᠤᠷ᠂ ᠨᠡᠶᠢᠰᠯᠡᠯ ᠬᠦᠷᠢᠶᠠᠨ ᠳᠤ ᠪᠠᠶᠢᠭᠤᠯᠵᠤ ᠪᠠᠶᠢᠭᠰᠠᠨ ᠪᠤᠷᠢᠶᠠᠳ ᠨᠠᠷ ᠤᠨ ᠠᠬᠠᠯᠠᠭᠴᠢ ᠳᠤ 172 ᠲᠤᠭᠠᠳᠤ ᠠᠯᠪᠠᠨ ᠪᠢᠴᠢᠭ ᠢᠶᠠᠷ ᠮᠡᠳᠡᠭᠳᠡᠯ ᠭᠠᠷᠭᠠᠵᠤ ᠮᠤᠩᠭᠤᠯ ᠭᠠᠵᠠᠷ ᠰᠠᠭᠤᠵᠤ ᠪᠠᠶᠢᠭ᠎ᠠ ᠪᠤᠷᠢᠶᠠᠳ ᠤᠳ ᠤᠨ ᠪᠦᠷᠢᠳᠭᠡᠯ ᠢ ᠭᠠᠷᠭᠠᠨ ᠮᠤᠩᠭᠤᠯ ᠤᠯᠤᠰ ᠤᠨ ᠬᠠᠷᠢᠶᠠᠳᠤ ᠪᠤᠯᠬᠤ ᠳᠤ ᠪᠡᠯᠡᠳᠭᠡᠬᠦ᠂ ᠮᠦᠨ ᠪᠤᠷᠢᠶᠠᠳ ᠨᠠᠷ ᠤᠨ ᠭᠡᠷᠡᠭ ᠢ ᠡᠷᠬᠢᠯᠡᠬᠦ ︽ᠬᠤᠷᠠᠯ ᠤᠨ ᠭᠠᠵᠠᠷ︾ ᠪᠠᠶᠢᠭᠤᠯᠬᠤ ᠶᠢ ᠵᠦᠪᠰᠢᠶᠡᠷᠡᠭᠰᠡᠨ ᠪᠠᠶᠢᠨ᠎ᠠ᠃ ᠰᠢᠪᠧᠷᠢᠶ᠎ᠠ ᠶᠢᠨ ᠨᠤᠳᠤᠭ ᠲᠡᠪᠢᠰᠭᠡᠷ ᠲᠤ ᠬᠠᠭᠠᠨᠳᠤ ᠤᠷᠤᠰ ᠤᠨ ᠬᠠᠷᠬᠢᠰ ᠪᠤᠳᠤᠯᠭ᠎ᠠ ᠴᠢᠩᠭᠠᠷᠠᠭᠰᠠᠨ ᠠᠴᠠ ᠪᠤᠷᠢᠶᠠᠳ ᠤᠳ ᠤᠯᠠᠨ ᠢᠶᠠᠷ ᠠᠷᠤ ᠮᠤᠩᠭᠤᠯ ᠤᠷᠤᠭᠤ ᠰᠢᠯᠵᠢᠭᠰᠡᠨ ᠨᠡᠬᠦᠳᠡᠯ ᠢ ᠦᠨᠳᠤᠰᠤᠨ ᠳᠡᠭᠡᠨ ᠭᠤᠷᠪᠠᠨ ᠦᠶ᠎ᠠ ᠳᠤ ᠠᠪᠴᠤ ᠦᠵᠡᠵᠤ ᠪᠠᠶᠢᠨ᠎ᠠ᠃ ᠡᠬᠦᠨ ᠳᠤ᠂ ᠡᠬᠢᠨ ᠤ ᠨᠡᠬᠦᠳᠡᠯ ᠨᠢ 1900 — 1907 ᠤᠨ ᠳᠤ᠂ ᠲᠠᠷᠠᠭᠠᠬᠢ ᠨᠡᠬᠦᠳᠡᠯ ᠨᠢ 1917 — 1922 ᠤᠨ ᠳᠤ᠂ ᠰᠡᠬᠦᠯ ᠤᠨ ᠨᠡᠬᠦᠳᠡᠯ ᠨᠢ 1927 ᠤᠨ ᠳᠤ ᠪᠤᠯᠵᠠᠢ᠃ ᠤᠷᠤᠰ ᠤᠷᠤᠨ ᠳᠤ ᠤᠺᠲ᠋ᠧᠪᠷᠢ ᠶᠢᠨ ᠬᠤᠪᠢᠰᠬᠠᠯ ᠤᠨ ᠲᠠᠷᠠᠭᠠᠬᠢ ᠢᠷᠭᠡᠨ ᠤ ᠲᠠᠶᠢᠨ ᠤ ᠦᠶ᠎ᠠ ᠳᠤ ᠪᠤᠷᠢᠶᠠᠳ ᠤᠨ ᠶᠠᠩᠵᠤ ᠪᠦᠷᠢ ᠶᠢᠨ ᠨᠤᠳᠤᠭ᠂ ᠰᠡᠯᠡᠩᠭᠡ᠂ ᠠᠭ᠎ᠠ ᠨᠤᠳᠤᠭ ᠠᠴᠠ ᠤᠯᠤᠰ ᠲᠦᠷᠤ᠂ ᠱᠠᠰᠢᠨ ᠰᠢᠳᠤᠯᠭᠡ᠂ ᠤᠶᠤᠨ ᠰᠠᠨᠠᠭ᠎ᠠ᠂ ᠭᠠᠵᠠᠷ ᠨᠤᠳᠤᠭ ᠵᠡᠷᠭᠡ ᠲᠠᠯ᠎ᠠ ᠪᠠᠷ ᠶᠡᠭᠡ ᠬᠦᠷᠤᠨ ᠤ ᠲᠤᠳᠤᠷᠠᠬᠢ ᠴᠦᠭᠡᠩᠭᠢ ᠬᠤᠪᠢ ᠳᠤ ᠬᠠᠪᠴᠢᠭᠳᠠᠭᠰᠠᠨ ᠠᠴᠠ ᠲᠦᠷᠪᠡᠵᠤ ᠬᠠᠯᠬ᠎ᠠ ᠮᠤᠩᠭᠤᠯ ᠢᠶᠠᠨ ᠭᠡᠵᠤ ᠢᠷᠡᠭᠰᠡᠨ ᠪᠤᠷᠢᠶᠠᠳ ᠨᠠᠷ ᠢ ᠮᠤᠩᠭᠤᠯ ᠤᠨ ᠬᠠᠷᠢᠶᠠᠳᠤ ᠪᠤᠯᠭᠠᠬᠤ ᠠᠰᠠᠭᠤᠳᠠᠯ ᠬᠤᠷᠴᠠ ᠲᠠᠯᠪᠢᠭᠳᠠᠵᠠᠢ᠃ 1922 ᠤᠨ ᠤ 2 ᠰᠠᠷ᠎ᠠ ᠶᠢᠨ 5 ᠤ ᠡᠳᠤᠷ᠂ ᠠᠷᠠᠳ ᠤᠨ ᠵᠠᠰᠠᠭ ᠤᠨ ᠭᠠᠵᠠᠷ ᠤᠨ ᠰᠢᠢᠳᠪᠤᠷᠢ ᠪᠠᠷ ᠨᠡᠶᠢᠰᠯᠡᠯ ᠬᠦᠷᠢᠶᠠᠨ ᠳᠤ ᠰᠠᠭᠤᠭ᠎ᠠ ᠪᠤᠷᠢᠶᠠᠳ ᠨᠠᠷ ᠤᠨ ᠠᠩᠬᠠᠳᠤᠭᠠᠷ ᠬᠤᠷᠠᠯ ᠪᠤᠯᠵᠤ ᠡᠨᠡ ᠬᠤᠷᠠᠯ ᠢᠶᠠᠷ ᠮᠤᠩᠭᠤᠯ ᠭᠠᠵᠠᠷ ᠨᠡᠬᠦᠳᠡᠯᠯᠡᠨ ᠢᠷᠡᠭᠰᠡᠨ ᠪᠤᠷᠢᠶᠠᠳ ᠨᠠᠷ ᠢ ᠲᠤᠬᠤᠨᠢᠭᠤᠯᠤᠨ ᠨᠤᠳᠤᠭᠰᠢᠭᠤᠯᠬᠤ᠂ ᠮᠤᠩᠭᠤᠯ ᠪᠤᠷᠢᠶᠠᠳ ᠨᠠᠷ ᠤᠨ ᠬᠠᠷᠢᠯᠴᠠᠭ᠎ᠠ᠂ ᠪᠤᠷᠢᠶᠠᠳ ᠨᠠᠷ ᠤᠨ ᠡᠷᠭᠡ ᠡᠬᠦᠷᠭᠡ ᠶᠢᠨ ᠲᠤᠬᠠᠢ᠂ ᠪᠤᠷᠢᠶᠠᠳ ᠤᠨ ᠲᠤᠳᠤᠷ᠎ᠠ ᠦᠪᠡᠷ ᠤᠨ ᠬᠤᠰᠢᠭᠤ ᠰᠤᠮᠤ ᠪᠠᠶᠢᠭᠤᠯᠬᠤ᠂ ᠮᠦᠨ ᠬᠦᠷᠢᠶᠠᠨ ᠳᠤ ᠪᠤᠷᠢᠶᠠᠳ ᠤᠨ ᠬᠤᠷᠠᠯ ᠤᠨ ᠭᠠᠵᠠᠷ ᠪᠠᠶᠢᠭᠤᠯᠬᠤ ᠵᠡᠷᠭᠡ ᠨᠡᠩ ᠴᠢᠬᠤᠯᠠ ᠠᠰᠠᠭᠤᠳᠠᠯ ᠢ ᠭᠡᠯᠡᠯᠴᠡᠵᠤ ᠤᠯᠠᠮ ᠢᠶᠠᠷ ᠠᠷᠠᠳ ᠤᠨ ᠵᠠᠰᠠᠭ ᠤᠨ ᠭᠠᠵᠠᠷ ᠢᠶᠠᠷ ᠤᠷᠤᠭᠤᠯᠤᠨ ᠰᠢᠢᠳᠪᠤᠷᠢᠯᠡᠬᠦᠯᠬᠦ ᠪᠠᠷ ᠲᠤᠭᠳᠠᠭᠠᠭᠰᠠᠨ ᠪᠠᠶᠢᠨ᠎ᠠ᠃ ᠡᠨᠡ ᠬᠤᠷᠠᠯ ᠢᠶᠠᠷ ᠪᠤᠷᠢᠶᠠᠳ ᠨᠠᠷ ᠢ ᠲᠤᠬᠤᠨᠢᠭᠤᠯᠬᠤ ᠲᠦᠷ ᠺᠤᠮᠢᠰ ᠪᠠᠶᠢᠭᠤᠯᠵᠠᠢ᠃ 1922 ᠤᠨ ᠤ ᠡᠬᠢ ᠪᠠᠷ ᠨᠡᠶᠢᠰᠯᠡᠯ ᠬᠦᠷᠢᠶᠠᠨ ᠳᠤ ᠪᠤᠷᠢᠶᠠᠳ ᠤᠨ ᠭᠡᠷᠡᠭ ᠡᠷᠬᠢᠯᠡᠬᠦ ᠬᠤᠷᠠᠯ ᠤᠨ ᠭᠠᠵᠠᠷ ᠪᠠᠶᠢᠭᠤᠯᠤᠭᠳᠠᠵᠠᠢ᠃ ᠮᠦᠨ ᠤᠨ ᠤ ᠲᠠᠪᠤᠨ ᠰᠠᠷ᠎ᠠ ᠳᠤ ᠬᠤᠷᠠᠯ ᠤᠨ ᠭᠠᠵᠠᠷ ᠲᠤ ᠲᠠᠮᠠᠭ᠎ᠠ ᠤᠯᠭᠤᠵᠠᠢ᠃ ᠬᠤᠷᠠᠯ ᠤᠨ ᠭᠠᠵᠠᠷ ᠨᠢ ᠬᠠᠭᠤᠴᠢᠨ ᠦᠨᠳᠤᠷ ᠲᠡᠯᠭᠡᠬᠦᠷ ᠤᠨ ᠤᠷᠢᠳᠤ ︽ᠠᠷᠠᠳ︾ ᠺᠢᠨᠣ᠋ ᠲᠢᠶᠠᠳ᠋ᠷ ᠤᠨ ᠵᠡᠬᠦᠨ ᠲᠠᠯ᠎ᠠ ᠳᠤ ᠪᠤᠷᠢᠶᠠᠳ ᠤᠳ ᠤᠨ ᠲᠠᠳᠠᠪᠤᠷᠢ ᠶᠢᠨ ᠬᠤᠷᠠᠮᠳᠤᠯ ᠤᠨ ᠮᠦᠩᠬᠦ ᠪᠠᠷ ᠪᠤᠷᠢᠶᠠᠳ ᠤᠳ ᠤᠨ ᠪᠠᠷᠢᠭᠰᠠᠨ ᠤᠷᠤᠰ ᠬᠢᠴᠠ ᠶᠢᠨ ᠮᠤᠳᠤᠨ ᠪᠠᠶᠢᠰᠢᠩ ᠳᠤ ᠪᠠᠶᠢᠷᠢᠯᠠᠵᠤ ᠠᠵᠢᠯ ᠢᠶᠠᠨ ᠶᠠᠪᠤᠭᠤᠯᠵᠤ ᠪᠠᠶᠢᠭᠰᠠᠨ ᠪᠠᠶᠢᠨ᠎ᠠ᠃ ᠪᠤᠷᠢᠶᠠᠳ ᠤᠨ ᠬᠤᠷᠠᠯ ᠤᠨ ᠭᠠᠵᠠᠷ ᠨᠢ ᠲᠠᠷᠤᠭ᠎ᠠ᠂ ᠨᠠᠷᠢᠨ ᠪᠢᠴᠢᠭ ᠤᠨ ᠲᠠᠷᠤᠭ᠎ᠠ᠂ ᠤᠷᠴᠢᠭᠤᠯᠤᠭᠴᠢ᠂ ᠪᠢᠴᠢᠭᠡᠴᠢ᠂ ᠭᠠᠯᠴᠢ ᠭᠡᠰᠡᠨ ᠴᠤᠮᠬᠠᠨ ᠤᠷᠤᠨ ᠲᠤᠭ᠎ᠠ ᠲᠠᠢ ᠠᠵᠢᠯᠯᠠᠵᠤ ᠬᠤᠰᠢᠭᠤᠳ ᠤᠨ ᠠᠯᠪᠠᠨ ᠲᠠᠳᠠᠪᠤᠷᠢ ᠶᠢᠨ ᠮᠦᠩᠬᠦ ᠪᠠᠷ ᠰᠡᠩᠬᠦᠤᠵᠢᠵᠤ ᠪᠢᠯᠡ᠃ ᠬᠤᠷᠠᠯ ᠤᠨ ᠲᠠᠷᠤᠭ᠎ᠠ ᠪᠠᠷ ᠳ᠋ᠠᠰᠢᠪᠠᠯ ᠤᠨ ᠴᠧᠳᠧᠩ — ᠢᠰᠢ ᠰᠤᠩᠭᠤᠭᠳᠠᠨ ᠠᠵᠢᠯᠯᠠᠵᠤ ᠪᠠᠶᠢᠵᠠᠢ᠃ ᠬᠤᠷᠠᠯ ᠤᠨ ᠭᠠᠵᠠᠷ ᠨᠢ ᠮᠤᠩᠭᠤᠯ ᠨᠤᠳᠤᠭ ᠲᠤ ᠪᠠᠶᠢᠭ᠎ᠠ ᠪᠤᠯᠤᠨ ᠨᠡᠬᠦᠳᠡᠯᠯᠡᠨ ᠢᠷᠡᠭᠰᠡᠨ ᠪᠤᠷᠢᠶᠠᠳ ᠨᠠᠷ ᠤᠨ ᠭᠡᠷᠡᠭ ᠢ ᠡᠷᠬᠢᠯᠡᠬᠦ ᠲᠦᠪ ᠪᠠᠶᠢᠭᠤᠯᠭ᠎ᠠ ᠪᠦᠭᠡᠳ ᠲᠠᠳᠠᠨ ᠤ ᠲᠤᠬᠤᠨᠢᠭᠤᠯᠤᠯᠳᠠ᠂ ᠰᠤᠶᠤᠯ ᠢᠷᠭᠡᠨᠰᠢᠯ ᠤᠨ ᠠᠰᠠᠭᠤᠳᠠᠯ ᠢ ᠲᠦᠯᠤᠪᠯᠡᠨ ᠮᠤᠩᠭᠤᠯ ᠤᠨ ᠵᠠᠰᠠᠭ ᠤᠨ ᠭᠠᠵᠠᠷ ᠲᠤ ᠤᠯᠠᠮᠵᠢᠯᠠᠨ ᠰᠢᠢᠳᠪᠤᠷᠢᠯᠡᠬᠦᠯᠵᠤ ᠪᠠᠶᠢᠵᠠᠢ᠃ 1918 — 1922 ᠤᠨ ᠤ ᠦᠶ᠎ᠠ ᠳᠤ ᠵᠦᠪᠯᠡᠯᠳᠤ ᠶᠢᠨ ᠫᠠᠷᠲ᠋ᠢᠽᠠᠨ᠂ ᠤᠯᠠᠭᠠᠨ ᠴᠡᠷᠢᠭ ᠲᠤ ᠪᠤᠳᠠ ᠴᠤᠬᠢᠭᠳᠠᠨ ᠮᠠᠨᠵᠤᠤᠷ ᠵᠦᠭ ᠵᠢᠭᠤᠳᠠᠵᠤ ᠶᠠᠪᠤᠭᠰᠠᠨ ᠴᠠᠭᠠᠨ ᠨᠠᠮ ᠤᠨ ᠬᠢᠨ ᠤ ᠦᠯᠡᠳᠡᠭᠳᠡᠯ ᠤᠷᠤᠰ᠂ ᠪᠤᠷᠢᠶᠠᠳ ᠨᠠᠷ ᠤᠨ ᠵᠡᠷᠭᠡ ᠲᠡᠭᠡᠷᠡᠮᠴᠢᠳ ᠤᠯᠠᠨ ᠴᠦᠭᠡᠨ ᠢᠶᠠᠷ ᠪᠦᠯᠦᠭᠯᠡᠨ ᠢᠷᠡᠵᠤ ᠤᠨᠤᠨ᠂ ᠤᠯᠵᠠ ᠭᠤᠤᠯ ᠤᠨ ᠤᠷᠴᠢᠮ ᠭᠠᠵᠠᠷ ᠢᠶᠠᠷ ᠨᠤᠳᠤᠭᠯᠠᠵᠤ ᠪᠠᠶᠢᠭᠰᠠᠨ ᠪᠤᠷᠢᠶᠠᠳ ᠮᠤᠩᠭᠤᠯᠴᠤᠳ ᠤᠨ ᠠᠳᠤᠭᠤ ᠮᠠᠯ᠂ ᠬᠦᠷᠤᠩᠭᠡ ᠬᠤᠭᠰᠢᠯ ᠢ ᠲᠡᠭᠡᠷᠡᠮᠳᠡᠵᠤ᠂ ᠵᠠᠷᠢᠮ ᠤᠨ ᠬᠢᠨᠢ ᠤᠷᠤᠨ ᠭᠡᠷ ᠢ ᠨᠢ ᠭᠠᠯᠳᠠᠨ ᠰᠢᠳᠠᠭᠠᠵᠤ᠂ ᠬᠦᠮᠤᠨ ᠤ ᠠᠮᠢ ᠪᠤᠰᠠᠨᠢᠭᠤᠯᠤᠨ ᠭᠠᠰᠢᠭᠤᠨ ᠵᠤᠪᠠᠯᠠᠩ ᠤᠴᠠᠷᠠᠭᠤᠯᠵᠤ ᠪᠠᠶᠢᠭᠰᠠᠨ ᠢ ᠨᠤᠳᠤᠭ ᠤᠨ ᠠᠬᠠᠮᠠᠳ ᠦᠶ᠎ᠠ ᠶᠢᠨ ᠬᠢᠨ ᠤᠳᠤ ᠴᠤ ᠮᠠᠷᠳᠠᠭ᠎ᠠ ᠦᠭᠡᠢ ᠪᠢᠯᠡ᠃ ᠢᠩᠬᠢᠵᠤ ᠲᠡᠭᠡᠷᠡᠮ ᠲᠤᠨᠤᠭᠤᠯ ᠬᠢᠬᠦ ᠶᠢᠨ ᠡᠰᠡᠷᠬᠦ ᠲᠤᠬᠠᠢ ᠶᠢᠨ ᠦᠶ᠎ᠠ ᠳᠤ ᠠᠷᠠᠳ ᠤᠨ ᠵᠠᠰᠠᠭ ᠤᠨ ᠭᠠᠵᠠᠷ ᠪᠤᠯᠤᠨ ᠪᠤᠷᠢᠶᠠᠳ ᠬᠤᠷᠠᠯ ᠤᠨ ᠭᠠᠵᠠᠷ ᠠᠴᠠ ᠤᠳᠠᠭ᠎ᠠ ᠲᠠᠷᠠᠭ᠎ᠠ ᠪᠠᠷ ᠰᠠᠨᠠᠭᠤᠯᠤᠨ ᠬᠢᠵᠠᠭᠠᠷ ᠤᠨ ᠬᠤᠰᠢᠭᠤᠳ ᠲᠤ ᠠᠯᠪᠠᠨ ᠪᠢᠴᠢᠭ ᠢᠯᠡᠭᠡᠵᠤ ᠪᠠᠶᠢᠵᠠᠢ᠃ ᠮᠤᠩᠭᠤᠯ ᠭᠠᠵᠠᠷ ᠪᠦᠬᠦᠢ ᠪᠤᠷᠢᠶᠠᠳ ᠤᠨ ᠭᠡᠷᠡᠭ ᠢ ᠡᠷᠬᠢᠯᠡᠭᠰᠡᠨ ᠬᠤᠷᠠᠯ ᠤᠨ ᠭᠠᠵᠠᠷ ᠠᠴᠠ ᠭᠤᠤᠯ ᠤᠨ ᠬᠤᠰᠢᠭᠤ ᠶᠢᠨ ᠵᠠᠬᠢᠷᠬᠤ ᠲᠦᠰᠢᠮᠡᠯ ᠰᠠᠨᠳᠠᠭ ᠤᠨ ᠲᠠᠮᠳᠢᠨ ᠳᠤ ᠲᠤᠤᠷᠠᠬᠢ ᠪᠢᠴᠢᠭ ᠢ ᠶᠠᠪᠤᠭᠤᠯᠵᠤ᠄ ︽᠁ ᠦᠢᠷ᠎ᠠ ᠠᠴᠠ ᠴᠠᠭᠠᠨ ᠨᠠᠮ ᠤᠨ ᠬᠠᠷᠬᠢᠰ ᠬᠤᠯᠠᠭᠠᠢ ᠡᠳᠡᠭᠡᠳ ᠭᠡᠳᠤᠨ ᠵᠠᠭᠤᠭᠠᠳ ᠢᠶᠠᠷ ᠢᠶᠠᠨ ᠪᠦᠯᠦᠭᠯᠡᠵᠤ ᠮᠤᠩᠭᠤᠯ ᠬᠢᠵᠠᠭᠠᠷ ᠤᠨ ᠵᠦᠭ ᠬᠠᠯᠳᠠᠷ᠎ᠠ ᠢᠷᠡᠬᠦ ᠴᠢᠮᠡᠭᠡ ᠪᠤᠢ ᠪᠦᠭᠡᠳ ᠲᠠᠳᠠᠨ ᠤ ᠮᠠᠭᠤ ᠬᠤᠯᠠᠭᠠᠢ ᠨᠠᠷ ᠨᠠᠭᠠᠰᠢ ᠴᠠᠭᠠᠰᠢ ᠰᠢᠷᠭᠤᠯᠠᠨ ᠬᠠᠯᠳᠠᠷ᠎ᠠ ᠢᠷᠡᠵᠤ ᠨᠤᠳᠤᠭ ᠤᠨ ᠤᠯᠠᠨ ᠪᠤᠷᠢᠶᠠᠳ ᠮᠤᠩᠭᠤᠯᠴᠤᠳ ᠢ ᠬᠤᠬᠢᠷᠠᠭᠤᠯᠤᠨ ᠶᠠᠪᠤᠬᠤ ᠨᠢ ᠪᠤᠯᠵᠤᠬᠤᠶ᠎ᠠ ᠪᠡᠷᠭᠡ ᠲᠤᠯᠠ ᠡᠶᠢᠨ ᠬᠦ ᠤᠴᠢᠷ ᠢ ᠤᠷᠢᠳᠠᠪᠠᠷ ᠤᠯᠵᠠ ᠭᠤᠤᠯ ᠤᠨ ᠬᠤᠰᠢᠭᠤᠨ ᠤ ᠵᠠᠬᠢᠷᠤᠭᠴᠢᠳ ᠲᠤ ᠲᠤᠪᠳᠤᠯᠭᠠᠨ ᠲᠤᠰᠢᠶᠠᠭᠠᠳ ᠲᠡᠷᠡ ᠬᠦ ᠮᠠᠭᠤ ᠬᠤᠯᠠᠭᠠᠢ ᠨᠠᠷ ᠬᠠᠯᠳᠠᠨ ᠢᠷᠡᠬᠦ ᠳᠤ ᠬᠦᠷᠪᠡᠯ ᠲᠤᠰ ᠬᠤᠰᠢᠭᠤᠨ ᠤ ᠠᠷᠠᠳ ᠨᠠᠷ ᠢ ᠮᠤᠩᠭᠤᠯ ᠬᠤᠰᠢᠭᠤᠨ ᠤ ᠨᠤᠳᠤᠭ ᠤᠨ ᠤᠷᠢᠳᠤᠭᠤᠷ ᠲᠤᠳᠤᠭᠰᠢᠯᠠᠭᠤᠯᠤᠨ ᠨᠤᠳᠤᠭᠰᠢᠯᠠᠭᠤᠯᠵᠤ ᠰᠡᠷᠭᠡᠶᠢᠯᠡᠨ ᠪᠤᠯᠭᠤᠮᠵᠢᠯᠠᠬᠤ ᠶᠠᠪᠤᠳᠠᠯ ᠢ ᠬᠠᠷᠢᠶᠠᠳᠤ ᠤᠯᠠᠨ ᠳᠠᠭᠠᠨ ᠤᠬᠠᠭᠠᠯᠠᠨ ᠵᠠᠷᠯᠠᠵᠤ ᠲᠠᠭᠠᠨ ᠶᠠᠪᠤᠭᠤᠯᠪᠠᠰᠤ ᠵᠤᠬᠢᠨ᠎ᠠ᠃ 1922 ᠤᠨ ᠤ 10 ᠰᠠᠷ᠎ᠠ ᠶᠢᠨ 18 ᠤ ᠡᠳᠤᠷ᠂ 327 ᠳ᠋ᠤᠭᠠᠷ ᠨᠤᠮᠧᠷᠳᠤ︾ ᠭᠡᠵᠡᠢ᠃ ᠪᠦᠷ ᠡᠬᠦᠨ ᠠᠴᠠ ᠡᠮᠤᠨ᠎ᠠ 1918 ᠤᠨ ᠤ 5 ᠳ᠋ᠤᠭᠠᠷ ᠰᠠᠷ᠎ᠠ ᠶᠢᠨ 27 ᠤ ᠡᠳᠤᠷ ᠮᠠᠩᠯᠠᠢ ᠪᠠᠭᠠᠳᠤᠷ ᠵ᠊ · ᠲᠠᠮᠳᠢᠨᠰᠦ᠋ᠷᠤᠩ᠂ ᠲᠤᠯᠼᠤᠨ ︵ᠬᠦᠤ ᠨᠢ︶ ᠨᠠᠷ ᠤᠨ ᠬᠤᠰᠢᠭᠤ ᠨᠤᠳᠤᠭ ᠤᠨ ᠬᠢᠨ ᠳᠤ ᠰᠡᠷᠡᠮᠵᠢᠯᠡᠬᠦᠯᠵᠤ ᠶᠠᠪᠤᠭᠤᠯᠤᠭᠰᠠᠨ ᠪᠢᠴᠢᠭ ᠲᠤ᠄ ︽᠁ ᠶᠠᠭᠠᠷᠠᠪᠴᠢᠯᠠᠨ ᠮᠡᠳᠡᠬᠦᠯᠬᠦ ᠤᠴᠢᠷ ᠨᠢ ᠡᠳᠤᠭᠡ ᠤᠷᠤᠰ ᠪᠤᠷᠢᠶᠠᠳ ᠤᠨ ᠵᠡᠷᠭᠡ ᠤᠯᠠᠨ ᠡᠷᠤᠭᠡ ᠶᠢᠨ ᠬᠦᠮᠤᠨ ᠵᠡᠷᠭᠡ ᠪᠠᠷ ᠵᠠᠬ᠎ᠠ ᠲᠠᠪᠠᠵᠤ ᠮᠠᠨ ᠤ ᠬᠤᠰᠢᠭᠤᠨ ᠤ ᠨᠤᠳᠤᠭ ᠲᠤ ᠰᠢᠬᠠᠴᠢᠨ ᠢᠷᠡᠵᠡᠭᠡᠵᠤ ᠵᠦᠭ ᠪᠦᠷᠢ ᠦᠢᠮᠡᠯᠴᠡᠨ ᠨᠡᠬᠦᠳᠡᠯᠯᠡᠯᠴᠡᠬᠦ ᠪᠠ ᠲᠠᠳᠠᠨ ᠤ ᠬᠤᠶᠠᠷ ᠡᠳᠡᠭᠡᠳ ᠤᠨ ᠨᠠᠮ ᠤᠨ ᠬᠠᠷᠢᠯᠴᠠᠨ ᠪᠠᠶᠢᠯᠳᠤᠬᠤ ᠴᠢᠮᠡᠭᠡ ᠨᠢ ᠰᠦᠨᠢ ᠡᠳᠤᠷ ᠲᠠᠰᠤᠷᠠᠯᠳᠠ ᠦᠭᠡᠢ ᠠᠶᠤᠩᠭ᠎ᠠ ᠮᠡᠳᠤ ᠰᠤᠨᠤᠰᠤᠭᠳᠠᠬᠤ ᠳᠤ ᠮᠠᠨ ᠤ ᠵᠠᠬ᠎ᠠ ᠬᠢᠵᠠᠭᠠᠷ ᠤᠨ ᠬᠤᠰᠢᠭᠤᠨ ᠤ ᠰᠢᠨ᠎ᠠ ᠬᠠᠭᠤᠴᠢᠨ ᠲᠠᠭᠠᠷ᠎ᠠ ᠤᠷᠤᠭᠰᠠᠨ ᠠᠷᠠᠳ ᠤᠳ ᠪᠠ ᠦᠢᠷ᠎ᠠ ᠶᠢᠨ ᠵᠠᠬ᠎ᠠ ᠶᠢᠨ ᠨᠡᠶᠢᠯᠡᠭᠰᠡᠨ ᠬᠠᠷᠠᠭᠤᠯ ᠤᠨ ᠲᠦᠰᠢᠮᠡᠳ᠂ ᠠᠷᠠᠳ ᠤᠳ ᠤᠨ ᠠᠶᠤᠨ ᠡᠮᠢᠶᠡᠬᠦ ᠨᠢ ᠶᠡᠭᠡ ᠪᠦᠭᠡᠳ ᠲᠤᠭᠳᠠᠪᠤᠷᠢ ᠦᠭᠡᠢ ᠁︾ ᠭᠡᠵᠤ ᠤᠴᠢᠷᠯᠠᠨ ᠠᠩᠬᠠᠷᠤᠭᠤᠯᠵᠤ ᠪᠠᠶᠢᠵᠠᠢ᠃ ᠤᠯᠤᠰ ᠤᠨ ᠬᠢᠯᠢ ᠳᠤ ᠨᠡᠪᠳᠡᠷᠡᠨ ᠬᠤᠯᠠᠭᠠᠢ ᠲᠡᠭᠡᠷᠡᠮ ᠬᠢᠵᠤ ᠲᠠᠩᠬᠠᠶᠢᠷᠠᠬᠤ ᠵᠡᠷᠭᠡ ᠪᠠᠷ ᠠᠷᠠᠳ ᠤᠳ ᠢ ᠲᠦᠢᠪᠡᠭᠡᠵᠤ ᠪᠠᠶᠢᠭᠰᠠᠨ ᠼᠦᠬᠦᠭᠡᠯ ᠲᠠᠴᠠᠩ ᠤᠨ ᠨᠢᠷᠪᠠ ᠪᠠᠶᠢᠭᠠᠳ ᠮᠤᠩᠭᠤᠯ ᠳᠤ ᠢᠷᠡᠭᠰᠡᠨ ᠮ᠊ · ᠰᠠᠮᠪᠤᠤ᠂ ᠮᠦᠨ ᠲᠡᠷᠡ ᠨᠤᠳᠤᠭ ᠤᠨ ᠭ᠊ · ᠳ᠋ᠠᠰᠢ ᠨᠠᠷ ᠢᠶᠠᠷ ᠲᠤᠯᠤᠭᠠᠶᠢᠯᠠᠭᠤᠯᠤᠭᠰᠠᠨ ᠪᠦᠯᠦᠭ ᠬᠤᠯᠠᠭᠠᠶᠢᠴᠢ ᠶᠢᠨ ᠭᠡᠷᠡᠭ ᠢ ᠵᠠᠰᠠᠭ ᠤᠨ ᠭᠠᠵᠠᠷ ᠤᠨ ᠰᠢᠢᠳᠪᠤᠷᠢ ᠪᠠᠷ ᠲᠤᠮᠢᠯᠠᠭᠳᠠᠭᠰᠠᠨ ᠺᠤᠮᠢᠰ ᠪᠤᠯᠤᠨ ᠬᠤᠰᠢᠭᠤ ᠵᠠᠬᠢᠷᠭᠠᠨ ᠤ ᠤᠷᠤᠯᠴᠠᠭ᠎ᠠ ᠲᠠᠢ ᠪᠠᠷ ᠰᠢᠬᠦᠨ ᠲᠠᠰᠤᠯᠵᠤ ᠨᠤᠳᠤᠭ ᠤᠨ ᠠᠷᠠᠳ ᠤᠯᠠᠨ ᠤ ᠠᠮᠤᠭᠤᠯᠠᠩ ᠲᠠᠶᠢᠪᠤᠩ ᠪᠠᠶᠢᠳᠠᠯ ᠢ ᠰᠠᠬᠢᠨ ᠲᠦᠪᠬᠢᠨᠡᠬᠦᠯᠵᠤ ᠪᠠᠶᠢᠵᠠᠢ᠃ ᠪᠤᠷᠢᠶᠠᠳ ᠤᠨ ᠭᠡᠷᠡᠭ ᠢ ᠡᠷᠬᠢᠯᠡᠬᠦ ᠬᠤᠷᠠᠯ ᠤᠨ ᠭᠠᠵᠠᠷ ᠨᠢ ᠮᠤᠩᠭᠤᠯ ᠳᠤ ᠢᠷᠡᠭᠰᠡᠨ ᠪᠤᠷᠢᠶᠠᠳ ᠨᠠᠷ ᠤᠨ ᠲᠠᠭᠠᠷ᠎ᠠ ᠤᠷᠤᠬᠤ ᠠᠰᠠᠭᠤᠳᠠᠯ ᠢ ᠪᠡᠯᠡᠳᠭᠡᠨ ᠮᠤᠩᠭᠤᠯ ᠤᠨ ᠵᠢᠩᠬᠢᠨᠢ ᠬᠠᠷᠢᠶᠠᠳᠤ ᠪᠤᠯᠵᠤ ᠵᠠᠰᠠᠭ ᠵᠠᠬᠢᠷᠭᠠᠨ ᠤ ᠵᠤᠬᠢᠶᠠᠨ ᠪᠠᠶᠢᠭᠤᠯᠤᠯᠳᠠ ᠳᠤ ᠤᠷᠤᠬᠤ ᠬᠦᠷᠳᠡᠯ᠎ᠡ ᠠᠵᠢᠯᠯᠠᠬᠤ ᠲᠦᠷ ᠪᠠᠶᠢᠭᠤᠯᠭ᠎ᠠ ᠪᠠᠶᠢᠭᠰᠠᠨ ᠪᠦᠭᠡᠳ ᠲᠤᠬᠠᠢ ᠶᠢᠨ ᠦᠶ᠎ᠠ ᠳᠡᠭᠡᠨ ᠶᠡᠭᠡ ᠡᠬᠦᠷᠭᠡ ᠬᠦᠢᠴᠡᠳᠭᠡᠵᠤ ᠪᠠᠶᠢᠵᠠᠢ᠃ ᠨᠡᠶᠢᠰᠯᠡᠯ ᠬᠦᠷᠢᠶᠠᠨ ᠳᠤ ᠰᠠᠭᠤᠭ᠎ᠠ ᠪᠤᠷᠢᠶᠠᠳ ᠨᠠᠷ ᠤᠨ ᠬᠤᠶᠠᠳᠡᠬᠢ ᠬᠤᠷᠠᠯ 1922 ᠤᠨ ᠤ 7 ᠳ᠋ᠤᠭᠠᠷ ᠰᠠᠷ᠎ᠠ ᠶᠢᠨ 12 ᠤᠨ ᠡᠳᠤᠷ ᠪᠤᠯᠵᠤ᠂ ᠤᠳᠤ ᠴᠠᠭ ᠤᠨ ᠪᠠᠶᠢᠳᠠᠯ᠂ ᠮᠤᠩᠭᠤᠯ ᠭᠠᠵᠠᠷ ᠪᠠᠶᠢᠭ᠎ᠠ ᠪᠤᠷᠢᠶᠠᠳ ᠢ ᠭᠡᠷᠬᠢᠨ ᠲᠤᠬᠤᠨᠢᠭᠤᠯᠬᠤ ᠪᠠ ᠤᠤᠯ ᠨᠤᠳᠤᠭ ᠯᠤᠭ᠎ᠠ ᠭᠡᠷᠬᠢᠨ ᠬᠠᠷᠢᠯᠴᠠᠬᠤ ᠲᠤᠬᠠᠢ᠂ ᠮᠤᠩᠭᠤᠯ ᠭᠠᠵᠠᠷ ᠪᠦᠬᠦᠢ ᠪᠤᠷᠢᠶᠠᠳ ᠨᠠᠷ ᠤᠨ ᠡᠷᠭᠡ᠂ ᠡᠬᠦᠷᠭᠡ ᠭᠡᠷᠬᠢᠨ ᠪᠤᠢ ᠪᠤᠯᠬᠤ ᠲᠤᠬᠠᠢ ᠵᠡᠷᠭᠡ ᠠᠰᠠᠭᠤᠳᠠᠯ ᠢ ᠭᠡᠯᠡᠯᠴᠡᠭᠰᠡᠨ ᠪᠠᠶᠢᠨ᠎ᠠ᠃ ᠲᠡᠷᠡ ᠦᠶ᠎ᠠ ᠳᠤ ᠮᠤᠩᠭᠤᠯ ᠤᠨ ᠬᠠᠷᠢᠶᠠᠳᠤ ᠪᠠᠷ ᠪᠦᠷᠢᠳᠭᠡᠭᠳᠡᠭᠡᠳ ᠪᠠᠶᠢᠭᠰᠠᠨ 1624 ᠠᠶᠢᠯ ᠡᠷᠤᠭᠡ ᠶᠢ ᠲᠦᠯᠤᠭᠡᠯᠡᠵᠤ ᠢᠷᠡᠭᠰᠡᠨ 45 ᠲᠦᠯᠤᠭᠡᠯᠡᠭᠴᠢ ᠬᠤᠷᠠᠯ ᠳᠤ ᠤᠷᠤᠯᠴᠠᠭᠰᠠᠨ ᠪᠠᠶᠢᠨ᠎ᠠ᠃ ᠡᠨᠡ ᠬᠤᠷᠠᠯ ᠳᠤ ᠵᠦᠪᠯᠡᠯᠳᠤ ᠶᠢᠨ ᠵᠠᠰᠠᠭᠳᠤ ᠤᠷᠤᠰ ᠤᠯᠤᠰ ᠪᠠ ᠠᠯᠤᠰ ᠲᠤᠷᠤᠨᠠᠳᠤ ᠶᠢᠨ ᠪᠤᠷᠢᠶᠠᠳ ᠤᠨ ᠨᠠᠶᠢᠷᠠᠮᠳᠠᠬᠤ ᠤᠯᠤᠰ ᠤᠨ ᠪᠦᠷᠢᠨ ᠡᠷᠭᠡ ᠪᠠᠷᠢᠬᠤ ᠡᠯᠴᠢᠨ ᠰᠠᠶᠢᠳ ᠯᠸᠤᠪᠧᠷᠼᠤᠸ᠋᠂ ᠮᠤᠩᠭᠤᠯ ᠠᠷᠠᠳ ᠤᠨ ᠨᠠᠮ ᠤᠨ ᠲᠦᠪ ᠬᠤᠷᠢᠶᠠᠨ ᠤ ᠲᠠᠷᠤᠭ᠎ᠠ ᠳ᠋ᠠᠮᠪᠠᠳᠤᠷᠵᠢ᠂ ᠠᠷᠠᠳ ᠤᠨ ᠵᠠᠰᠠᠭ ᠤᠨ ᠭᠠᠵᠠᠷ ᠤᠨ ᠨᠠᠷᠢᠨ ᠪᠢᠴᠢᠭ ᠤᠨ ᠲᠠᠷᠤᠭ᠎ᠠ ᠨᠠᠸᠠᠩᠨᠠᠮᠵᠢᠯ᠂ ᠮᠤᠩᠭᠤᠯ ᠠᠷᠠᠳ ᠤᠨ ᠪᠦᠬᠦ ᠴᠡᠷᠢᠭ ᠤᠨ ᠵᠠᠩᠵᠤᠨ ᠪᠦᠭᠡᠳ ᠴᠡᠷᠢᠭ ᠤᠨ ᠶᠠᠮᠤᠨ ᠤ ᠲᠡᠷᠢᠬᠦᠨ ᠰᠠᠶᠢᠳ ᠳ᠋᠊ · ᠰᠦᠭᠡᠪᠠᠭᠠᠳᠤᠷ ᠨᠠᠷ ᠤᠷᠤᠯᠴᠠᠵᠤ ᠦᠭᠡ ᠭᠡᠯᠡᠭᠰᠡᠨ ᠪᠠᠶᠢᠨ᠎ᠠ᠃ ᠳ᠋᠊ · ᠰᠦᠭᠡᠪᠠᠭᠠᠳᠤᠷ᠂ ᠴᠢᠩᠬᠢᠰ ᠬᠠᠭᠠᠨ ᠠᠴᠠ ᠢᠨᠠᠭᠰᠢᠬᠢ ᠪᠦᠬᠦ ᠮᠤᠩᠭᠤᠯ ᠤᠯᠤᠰ ᠤᠨ ᠪᠠᠶᠢᠳᠠᠯ ᠲᠡᠤᠭᠡ ᠶᠢ ᠲᠡᠯᠭᠡᠷᠡᠩᠬᠦᠢ ᠦᠬᠦᠯᠡᠵᠤ᠂ ᠤᠭ ᠠᠴᠠ ᠮᠤᠩᠭᠤᠯ ᠤᠯᠤᠰ ᠢ ᠶᠡᠭᠡ ᠬᠦᠴᠤᠳᠤ ᠤᠷᠤᠰ ᠪᠠ ᠬᠢᠳᠠᠳ ᠵᠡᠷᠭᠡ ᠶᠢᠨ ᠡᠵᠡᠷᠭᠡᠭ ᠵᠠᠰᠠᠭ ᠤᠳ ᠵᠦᠭ ᠪᠦᠷᠢ ᠠᠴᠠ ᠬᠤᠪᠢᠶᠠᠨ ᠠᠪᠴᠤ ᠰᠠᠷᠨᠢᠭᠤᠯᠤᠭᠰᠠᠨ ᠠᠴᠠ ᠬᠤᠶᠢᠰᠢ ᠤᠨ ᠤᠳᠠᠭᠰᠠᠨ ᠨᠢ ᠬᠠᠷᠢᠯᠴᠠᠨ ᠪᠠᠶ᠎ᠠ ᠪᠠᠶ᠎ᠠ ᠪᠠᠨ ᠲᠠᠨᠢᠬᠤ ᠦᠭᠡᠢ ᠦᠭᠡᠷ᠎ᠠ ᠤᠪᠤᠭᠳᠠᠨ ᠮᠡᠳᠤ ᠦᠵᠡᠬᠦ ᠪᠤᠯᠭᠠᠵᠠᠢ᠃ ᠤᠳᠤ ᠠᠪᠠᠰᠤ ᠠᠷᠠᠳ ᠤᠨ ᠡᠷᠭᠡ ᠲᠠᠢ ᠵᠠᠰᠠᠭ ᠢ ᠪᠠᠶᠢᠭᠤᠯᠵᠤ ᠪᠦᠬᠦ ᠮᠤᠩᠭᠤᠯ ᠤᠪᠤᠭᠳᠠᠨ ᠢ ᠨᠢᠭᠡᠳᠭᠡᠬᠦ ᠶᠢ ᠭᠤᠤᠯ ᠵᠤᠷᠢᠯᠳᠠ ᠪᠤᠯᠭᠠᠭᠰᠠᠨ ᠲᠤᠯᠠ ᠨᠢᠭᠡᠨ ᠦᠨᠳᠤᠰᠤᠳᠡᠨ ᠤ ᠪᠤᠷᠢᠶᠠᠳ ᠨᠠᠷ ᠤᠨ ᠲᠦᠯᠤᠭᠡᠯᠡᠭᠴᠢᠳ ᠤᠴᠢᠷ ᠢ ᠮᠡᠳᠡᠵᠤ ᠮᠤᠩᠭᠤᠯ ᠤᠯᠤᠰ ᠯᠤᠭ᠎ᠠ ᠡᠨᠡ ᠡᠳᠤᠷ ᠠᠴᠠ ᠨᠡᠶᠢᠯᠡᠵᠤ ᠤᠯᠤᠰ ᠲᠦᠷᠤ ᠪᠠ ᠱᠠᠰᠢᠨ ᠰᠤᠷᠭᠠᠯ ᠢ ᠬᠦᠨᠳᠤᠳᠭᠡᠨ᠂ ᠠᠷᠠᠳ ᠲᠦᠮᠡᠨ ᠢᠶᠠᠨ ᠵᠢᠷᠭᠠᠯᠠᠩ ᠳᠤ ᠲᠠᠪᠰᠢᠬᠦᠯᠵᠤ᠂ ᠡᠬᠦᠷᠢᠳᠡ ᠪᠠᠳᠤᠳᠬᠠᠬᠤ ᠪᠤᠯᠤᠨ᠎ᠠ ᠭᠡᠵᠤ ᠭᠡᠯᠡᠭᠰᠡᠨ ᠪᠠᠶᠢᠨ᠎ᠠ᠃ ᠡᠨᠡ ᠬᠤᠷᠠᠯ ᠳᠤ ᠡᠯᠪᠡᠭᠳᠤᠷᠵᠢ ᠶᠢᠨ ᠷᠢᠨᠴᠢᠨ ᠠᠴᠠ ᠲᠤᠤᠷᠠᠬᠢ ᠦᠭᠡ ᠶᠢ ᠭᠡᠯᠡᠭᠰᠡᠨ ᠪᠠᠶᠢᠨ᠎ᠠ᠃ ᠡᠬᠦᠨ ᠳᠤ᠄ ︽ᠪᠤᠷᠢᠶᠠᠳ ᠮᠤᠩᠭᠤᠯᠴᠤᠳ ᠤᠨ ᠡᠶᠢᠨ ᠬᠦ ᠭᠠᠴᠢᠭᠳᠠᠯ ᠲᠠᠢ ᠪᠠᠶᠢᠳᠠᠯ ᠠᠴᠠ ᠠᠩᠬᠢᠵᠢᠷᠠᠨ ᠬᠠᠭᠠᠴᠠᠬᠤ ᠠᠷᠭ᠎ᠠ ᠨᠢ ᠭᠠᠭᠴᠠ ᠬᠦ ᠮᠤᠩᠭᠤᠯ ᠭᠠᠵᠠᠷ ᠨᠡᠬᠦᠵᠤ᠂ ᠬᠦᠷᠤᠩᠭᠡ ᠬᠤᠭᠰᠢᠯ ᠪᠠ ᠠᠮᠢ ᠨᠠᠰᠤ ᠪᠠᠨ ᠬᠠᠮᠠᠭᠠᠯᠠᠨ ᠭᠠᠷᠭᠠᠳᠠᠭ ᠤᠴᠢᠷ ᠢ ᠦᠨᠡᠨ ᠭᠡᠮᠡᠨ ᠮᠡᠳᠡᠬᠦ ᠠᠪᠠᠰᠤ᠂ ᠡᠶᠢᠨ ᠬᠦ ᠵᠦᠪᠯᠡᠯᠳᠤ ᠵᠠᠰᠠᠭᠳᠤ ᠤᠷᠤᠰ ᠤᠯᠤᠰ ᠪᠠ ᠮᠤᠩᠭᠤᠯ ᠤᠯᠤᠰ ᠤᠨ ᠬᠤᠭᠤᠷᠤᠨᠳᠤᠬᠢ ᠡᠪ ᠨᠠᠶᠢᠷᠠᠮᠳᠠᠯ ᠳᠤ ᠶᠡᠭᠡ ᠲᠤᠰᠠ ᠲᠠᠢ ᠠᠵᠤᠭᠤ᠃ ᠤᠴᠢᠷ ᠨᠢ ᠮᠤᠩᠭᠤᠯ ᠤᠨ ᠮᠠᠯ ᠤᠨ ᠠᠵᠢᠯ ᠪᠤᠯᠪᠠᠰᠤ ᠪᠤᠯᠪᠠᠰᠤᠷᠠᠭ᠎ᠠ ᠦᠭᠡᠢ ᠨᠡᠩ ᠪᠠᠭᠤᠷᠠᠢ ᠪᠦᠭᠡᠳ ᠠᠭᠠᠷ ᠤᠨ ᠬᠤᠢ ᠰᠠᠯᠬᠢ ᠮᠡᠳᠤ ᠶᠢᠨ ᠠᠶᠤᠯ ᠳᠤ ᠲᠠᠭᠠᠷᠢᠭᠳᠠᠬᠤ ᠵᠤᠪᠠᠯᠠᠩ ᠵᠦᠳᠡᠬᠦᠷᠢ ᠦᠵᠡᠳᠡᠭ ᠠᠴᠠ ᠭᠠᠳᠠᠨ᠎ᠠ ᠮᠤᠩᠭᠤᠯ ᠨᠡᠩ ᠦᠴᠤᠭᠡᠨ ᠠᠴᠠ ᠠᠭᠤᠵᠢᠮ ᠲᠠᠷᠠᠬᠠᠢ ᠰᠠᠭᠤᠳᠠᠯ ᠲᠠᠢ ᠪᠦᠭᠡᠳ ᠪᠤᠯᠪᠠᠰᠤᠨ ᠬᠤᠳᠠ ᠶᠢ ᠪᠠᠶᠢᠭᠤᠯᠵᠤ ᠶᠤᠰᠤᠴᠢᠯᠠᠨ ᠬᠦᠮᠤᠵᠢᠵᠤ ᠲᠤᠰ ᠤᠯᠤᠰ ᠲᠦᠷᠤ ᠶᠢᠨ ᠪᠠᠶᠢᠳᠠᠯ ᠢ ᠪᠠᠳᠤᠳᠬᠠᠨ ᠲᠤᠭᠳᠠᠭᠠᠭ᠎ᠠ ᠦᠭᠡᠢ ᠤᠴᠢᠷ ᠠᠴᠠ ᠮᠤᠩᠭᠤᠯᠴᠤᠳ ᠤᠨ ᠭᠤᠤᠯ ᠠᠵᠢᠯ ᠮᠠᠯ ᠤᠨ ᠦᠰᠭᠡᠪᠤᠷᠢ ᠪᠤᠯᠪᠠᠰᠤ ᠢᠮᠠᠭᠳᠠ ᠲᠡᠭᠷᠢ ᠶᠢᠨ ᠭᠠᠩ ᠵᠤᠳ ᠤᠨ ᠭᠠᠮᠰᠢᠭ ᠲᠤ ᠦᠷᠡᠭᠳᠡᠵᠤ ᠪᠠᠶᠢᠳᠠᠭ ᠠᠴᠠ ᠡᠨᠡ ᠬᠦ ᠠᠵᠢᠯ ᠨᠢ ᠤᠯᠤᠰ ᠤᠨ ᠰᠠᠩ ᠬᠦᠮᠤᠷᠭᠡ ᠶᠢᠨ ᠦᠨᠳᠤᠰᠤ ᠪᠤᠯᠵᠤ ᠴᠢᠳᠠᠭ᠎ᠠ ᠦᠭᠡᠢ᠃ ᠪᠤᠷᠢᠶᠠᠳ ᠮᠤᠩᠭᠤᠯ ᠪᠤᠯᠪᠠᠰᠤ ᠲᠠᠷᠢᠶ᠎ᠠ ᠬᠠᠳᠤᠯᠠᠩ ᠪᠠ ᠮᠠᠯ ᠤᠨ ᠦᠰᠭᠡᠪᠤᠷᠢ ᠶᠢᠨ ᠠᠵᠢᠯ ᠪᠦᠬᠦᠨ ᠳᠤ ᠮᠤᠩᠭᠤᠯ ᠠᠴᠠ ᠦᠯᠡᠮᠵᠢᠭᠡᠨ ᠪᠤᠯᠪᠠᠰᠤᠷᠠᠭᠰᠠᠨ ᠤᠴᠢᠷ ᠲᠠᠢ ᠲᠤᠯᠠ᠂ ᠮᠤᠩᠭᠤᠯ ᠭᠠᠵᠠᠷ ᠨᠡᠬᠦᠨ ᠢᠷᠡᠪᠡᠰᠤ᠂ ᠡᠯᠳᠡᠪ ᠠᠵᠢᠯ ᠤᠨ ᠪᠤᠯᠪᠠᠰᠤᠷᠠᠯ ᠪᠠ ᠡᠷᠳᠡᠮ ᠰᠤᠶᠤᠯ ᠢ ᠨᠡᠪᠳᠡᠷᠡᠬᠦᠯᠬᠦ ᠲᠤᠬᠠᠢ ᠭᠡᠷᠡᠭ ᠲᠤ ᠶᠡᠭᠡ ᠲᠤᠰᠠ ᠲᠠᠢ ᠭᠡᠮᠡᠬᠦ ᠠᠴᠠ ᠭᠠᠳᠠᠨ᠎ᠠ ᠡᠷᠭᠡᠤ ᠮᠤᠵᠢ ᠶᠢᠨ ᠪᠤᠷᠢᠶᠠᠳ ᠨᠠᠷ ᠮᠡᠳᠤ ᠪᠤᠯᠪᠠᠰᠤᠨ ᠬᠤᠳᠠ ᠭᠠᠵᠠᠷ ᠰᠠᠭᠤᠳᠠᠯ ᠲᠠᠢ ᠬᠦᠮᠤᠰ ᠢᠷᠡᠮᠤᠢ᠃ ᠵᠢᠴᠢ᠄ ᠪᠤᠯᠪᠠᠰᠤᠨ ᠠᠵᠢᠯ ᠳᠤ ᠰᠤᠷᠤᠭᠰᠠᠨ ᠬᠦᠮᠤᠰ ᠴᠢᠯᠤᠭᠡ ᠪᠠ ᠵᠡᠷᠯᠢᠭ ᠭᠠᠵᠠᠷ ᠤᠳ ᠢᠶᠠᠷ ᠰᠠᠭᠤᠷᠢᠯᠠᠵᠤ᠂ ᠡᠯᠳᠡᠪ ᠪᠤᠯᠪᠠᠰᠤᠨ ᠠᠵᠢᠯ ᠢ ᠲᠡᠯᠭᠡᠷᠡᠬᠦᠯᠬᠦ ᠪᠤᠯᠤᠮᠤᠢ᠃ ᠤᠳᠤ ᠮᠤᠩᠭᠤᠯ ᠭᠠᠵᠠᠷ ᠠᠷᠠᠳ ᠤᠨ ᠡᠷᠭᠡᠳᠤ ᠵᠠᠰᠠᠭ ᠪᠠᠶᠢᠭᠤᠯᠤᠭᠰᠠᠨ ᠤ ᠲᠤᠯᠠ ᠨᠡᠬᠦᠵᠤ ᠢᠷᠡᠭᠰᠡᠨ ᠪᠤᠷᠢᠶᠠᠳ ᠨᠠᠷ ᠤᠨ ᠬᠠᠭᠤᠴᠢᠨ ᠬᠠᠰᠢᠭᠳᠠᠵᠤ ᠪᠦᠬᠦᠢ ᠵᠤᠬᠢᠰ ᠦᠭᠡᠢ ᠪᠠᠶᠢᠳᠠᠯ ᠢ ᠪᠦᠷᠢᠮᠤᠰᠤᠨ ᠤᠰᠠᠳᠬᠠᠵᠤ ᠵᠢᠷᠤᠮ ᠲᠠᠢ ᠪᠠᠶᠢᠳᠠᠯ ᠢ ᠲᠤᠭᠳᠠᠭᠠᠪᠠᠰᠤ ᠵᠤᠬᠢᠮᠤᠢ︾ ᠭᠡᠮᠡᠨ ᠮᠡᠳᠡᠬᠦᠯᠦᠭᠰᠡᠨ ᠢ ᠬᠤᠷᠠᠯᠳᠤᠭᠠᠨ ᠢᠶᠠᠷ ᠰᠤᠨᠤᠰᠤᠭᠠᠳ ᠲᠤᠤᠷᠠᠬᠢ ᠰᠢᠢᠳᠪᠤᠷᠢ ᠶᠢ ᠭᠠᠷᠭᠠᠭᠰᠠᠨ ᠪᠠᠶᠢᠨ᠎ᠠ᠄ ᠨᠢᠭᠡ᠂ ᠮᠤᠩᠭᠤᠯ ᠭᠠᠵᠠᠷ ᠨᠡᠬᠦᠵᠤ ᠢᠷᠡᠭᠰᠡᠨ ᠪᠤᠷᠢᠶᠠᠳ ᠨᠠᠷ ᠰᠢᠭᠤᠳ ᠮᠤᠩᠭᠤᠯ ᠤᠯᠤᠰ ᠤᠨ ᠬᠠᠷᠢᠶᠠᠳᠤ ᠪᠤᠯᠵᠤ ᠲᠠᠭᠠᠷ᠎ᠠ ᠤᠷᠤᠪᠠᠰᠤ ᠵᠤᠬᠢᠮᠤᠢ᠃ ᠭᠡᠷᠪᠡ ᠲᠠᠭᠠᠷ᠎ᠠ ᠤᠷᠤᠬᠤ ᠦᠭᠡᠢ ᠪᠤᠯ ᠤᠭ ᠨᠤᠳᠤᠭ ᠲᠠᠭᠠᠨ ᠪᠤᠴᠠᠬᠤ ᠪᠤᠶᠤ ᠡᠰᠡᠪᠡᠯ ᠨᠡᠶᠢᠳᠡ ᠶᠢᠨ ᠲᠦᠷᠢᠮ ᠢᠶᠠᠷ ᠪᠤᠰᠤᠳ ᠤᠯᠠᠨ ᠭᠠᠳᠠᠭᠠᠳᠤ ᠬᠦᠮᠤᠰ ᠲᠠᠢ ᠨᠢᠭᠡᠨ ᠠᠳᠠᠯᠢ ᠶᠠᠪᠤᠭᠤᠯᠪᠠᠰᠤ ᠵᠤᠬᠢᠮᠤᠢ᠃ ᠬᠤᠶᠠᠷ᠂ ᠲᠠᠭᠠᠷ᠎ᠠ ᠤᠷᠤᠭᠰᠠᠨ ᠪᠤᠷᠢᠶᠠᠳ ᠨᠠᠷ ᠲᠤ ᠲᠠᠷᠢᠶᠠᠯᠠᠩ ᠲᠠᠷᠢᠬᠤ᠂ ᠬᠠᠳᠤᠯᠠᠩ ᠮᠠᠯ ᠤᠨ ᠪᠡᠯᠴᠢᠭᠡᠷ ᠪᠦᠬᠦᠢ ᠤᠰᠤ ᠮᠤᠳᠤ ᠪᠡᠯᠡᠳᠭᠡᠬᠦ ᠭᠠᠵᠠᠷ ᠤᠳ ᠢ ᠲᠤᠰᠬᠠᠢ ᠵᠢᠭᠠᠨ ᠤᠯᠭᠤᠵᠤ ᠨᠤᠳᠤᠭᠯᠠᠭᠤᠯᠤᠨ ᠰᠠᠭᠤᠯᠭᠠᠪᠠᠰᠤ ᠵᠤᠬᠢᠬᠤ ᠭᠠᠵᠠᠷ ᠤᠳ ᠢ ᠲᠤᠭᠠᠴᠢᠪᠠᠰᠤ ᠵᠤᠬᠢᠮᠤᠢ᠃ ᠭᠤᠷᠪᠠ᠂ ᠤᠳᠤ ᠮᠤᠩᠭᠤᠯ ᠭᠠᠵᠠᠷ ᠪᠦᠬᠦᠢ ᠪᠠ ᠬᠤᠶᠢᠨ᠎ᠠ ᠠᠴᠠ ᠨᠡᠬᠦᠨ ᠢᠷᠡᠵᠤ᠂ ᠮᠤᠩᠭᠤᠯ ᠳᠤ ᠲᠠᠭᠠᠷ᠎ᠠ ᠤᠷᠤᠬᠤ ᠪᠤᠷᠢᠶᠠᠳ ᠨᠠᠷ ᠢ ᠮᠤᠩᠭᠤᠯ ᠤᠯᠤᠰ ᠤᠨ ᠠᠷᠠᠳ ᠤᠨ ᠵᠠᠰᠠᠭ ᠤᠨ ᠭᠠᠵᠠᠷ ᠨᠢ ᠵᠤᠬᠢᠬᠤ ᠤᠯᠤᠰ ᠤᠳ ᠯᠤᠭ᠎ᠠ ᠬᠠᠷᠢᠯᠴᠠᠨ ᠭᠡᠯᠡᠯᠴᠡᠵᠤ ᠤᠭ ᠨᠤᠳᠤᠭ ᠠᠴᠠ ᠲᠠᠯᠪᠢᠭᠤᠯᠤᠨ ᠮᠤᠩᠭᠤᠯ ᠤᠨ ᠬᠠᠷᠢᠶᠠᠳᠤ ᠪᠤᠯᠭᠠᠬᠤ ᠤᠴᠢᠷ ᠠᠴᠠ ᠲᠡᠳᠡᠭᠡᠷ ᠪᠤᠷᠢᠶᠠᠳ ᠨᠠᠷ ᠤᠨ ᠤᠭ ᠨᠤᠳᠤᠭ ᠲᠤ ᠬᠤᠴᠤᠷᠤᠭᠰᠠᠨ ᠭᠠᠵᠠᠷ ᠪᠠ ᠦᠯᠤ ᠬᠦᠳᠡᠯᠬᠦ ᠬᠦᠷᠤᠩᠭᠡ ᠶᠢ ᠬᠤᠳᠠᠯᠳᠤᠭᠤᠯᠬᠤ ᠪᠤᠶᠤ ᠲᠦᠷ ᠬᠤᠬᠢᠷᠠᠯ ᠦᠭᠡᠢ ᠪᠤᠯᠭᠠᠬᠤ ᠶᠢ ᠭᠤᠶᠤᠰᠤᠭᠠᠢ ᠭᠡᠰᠡᠨ ᠢᠶᠠᠷ ᠤᠭ ᠬᠤᠷᠠᠯ ᠤᠨ ᠠᠵᠢᠯᠯᠠᠭ᠎ᠠ ᠲᠠᠭᠤᠰᠤᠭᠰᠠᠨ ᠪᠠᠶᠢᠨ᠎ᠠ᠃ ︵ᠲᠡᠭᠡᠳᠤ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号