ᠠᠯᠠᠱᠠ ᠶᠢᠨ ᠬᠤᠪᠢᠯᠭᠠᠨ ᠢᠵᠠᠭᠤᠷᠲᠠᠨ᠄ ᠹᠧᠣᠳᠠᠯ ᠪᠠᠶᠢᠭᠤᠯᠤᠯ ᠤᠨ ᠦᠶ᠎ᠡ
ᠨᠡᠶᠢᠲᠡᠯᠡᠭᠰᠡᠨ ᠴᠠᠭ᠄
2019/9/3
ᠠᠯᠠᠱᠠ ᠳᠤ ︽ᠬᠤᠳᠤᠭᠲᠤ︾ ᠴᠣᠯᠠᠲᠠᠨ ᠭᠤᠷᠪᠠ ᠪᠠᠶᠢᠵᠡᠢ᠃ ᠲᠤᠬᠠᠶᠢᠯᠠᠪᠠᠯ ᠱᠠᠰᠢᠨ ᠢ ᠪᠠᠳᠠᠷᠠᠭᠤᠯᠤᠭᠴᠢ ᠰᠦᠮ᠎ᠡ ᠶᠢᠨ ᠳ᠋ᠠᠭᠪᠤ ᠬᠤᠳᠤᠭᠲᠤ — ᠪᠠᠷᠠᠭᠤᠨ ᠭᠡᠭᠡᠨ ︵ᠵᠢᠷᠭᠤᠳᠤᠭᠠᠷ ᠳᠦᠷᠢ ᠶᠢᠨ ᠳᠠᠯᠠᠢ ᠯᠠᠮᠠ ᠼᠠᠩᠶᠠᠩᠵᠠᠮᠼᠤ ᠶᠢᠨ ᠵᠠᠯᠭᠠᠮᠵᠢ︶ ᠪᠣᠯᠣᠨ ᠯᠠᠮᠠᠲᠠᠨ ︵ᠳ᠋ᠧᠰᠠᠷᠢᠤᠨ ᠤᠨ ᠬᠤᠪᠢᠯᠤᠭᠰᠠᠨ ᠳᠦᠷᠢ︶ ᠵᠢᠴᠢ ᠪᠤᠶᠠᠨ ᠢ ᠦᠨᠳᠦᠰᠦᠯᠡᠭᠴᠢ ᠰᠦᠮ᠎ᠡ ᠶᠢᠨ ᠳ᠋ᠤᠪᠽᠠᠩ ᠬᠤᠳᠤᠭᠲᠤ — ᠵᠡᠭᠦᠨ ᠭᠡᠭᠡᠨ ᠨᠠᠷ ᠪᠣᠯᠣᠨ᠎ᠠ᠃ ᠲᠡᠭᠦᠨ ᠠᠴᠠ ᠭᠠᠳᠠᠨ᠎ᠠ ᠂ ᠡᠩ ᠤᠨ ᠬᠤᠪᠢᠯᠭᠠᠨᠲᠠᠨ ᠪᠠᠭᠰᠢ᠂ ᠭᠡᠭᠡᠨ᠂ ᠱᠠᠪᠷᠤᠩ ᠨᠠᠶᠢᠲᠡ 17 ᠪᠠᠶᠢᠵᠤ᠂ ᠲᠣᠰ ᠲᠣᠰ ᠳᠦᠷᠢ ᠵᠠᠯᠭᠠᠮᠵᠢᠯᠠᠭᠰᠠᠭᠠᠷ ᠢᠷᠡᠵᠡᠢ᠃ ᠬᠤᠳᠤᠭᠲᠤ ᠭᠡᠳᠡᠭ ᠨᠢ ᠲᠦᠷᠤ ᠶᠢᠨ ᠡᠷᠭᠦᠮᠵᠢᠯᠡᠭᠰᠡᠨ ᠴᠣᠯᠠ ᠪᠣᠯᠬᠤᠷ ᠢᠵᠠᠭᠤᠷᠲᠠᠨ ᠪᠤᠶᠤ ᠡᠭᠡᠯ ᠠᠷᠠᠳ ᠤᠨ ᠭᠠᠷᠤᠯ ᠤᠨ ᠢᠯᠭᠠᠭ᠎ᠠ ᠦᠭᠡᠢ ᠪᠥᠭᠡᠳ ᠴᠥᠮ ᠯᠠᠮᠠ ᠶᠢᠨ ᠳᠡᠭᠡᠳᠦ ᠳᠠᠪᠬᠤᠷᠭ᠎ᠠ ᠶᠢᠨ ᠬᠢᠨ ᠪᠣᠯᠬᠤ ᠲᠤᠯᠠ᠂ ᠲᠦᠷᠤ ᠶᠢᠨ ᠬᠡᠷᠡᠭ ᠲᠤ ᠣᠷᠣᠯᠴᠠᠨ ᠲᠤᠰᠢᠶᠠᠯ ᠡᠷᠬᠢᠯᠡᠬᠦ ᠡᠷᠬᠡ ᠲᠠᠢ ᠪᠠᠶᠢᠳᠠᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号