ᠠᠯᠠᠱᠠ ᠶᠢᠨ ᠡᠭᠡᠯ ᠠᠷᠠᠳ ᠄ ᠹᠧᠣᠳᠠᠯ ᠪᠠᠶᠢᠭᠤᠯᠤᠯ ᠤᠨ ᠦᠶ᠎ᠡ
ᠨᠡᠶᠢᠲᠡᠯᠡᠭᠰᠡᠨ ᠴᠠᠭ᠄
2019/9/3
ᠡᠩ ᠤᠨ ᠠᠷᠠᠳ ᠢ ︽ᠬᠠᠷᠠᠴᠤ︾ ᠭᠡᠮᠡᠨ ᠳᠠᠭᠤᠳᠠᠳᠠᠭ ᠤᠨ ᠤᠴᠢᠷ ᠨᠢ ︽ᠬᠠᠷ᠎ᠠ ᠲᠡᠷᠢᠭᠦᠲᠡᠨ︾᠂ ︽ᠴᠠᠭᠠᠨ ᠶᠠᠰᠤᠲᠠᠨ︾᠎ ᠠᠴᠠ ︽ᠬᠠᠷ᠎ᠠ ᠶᠠᠰᠤᠲᠠᠨ︾ ᠭᠡᠳᠡᠭ ᠢᠶᠠᠷ ᠢᠯᠭᠠᠪᠤᠷᠢᠯᠠᠨ᠂ ᠸᠠᠩ᠂ ᠭᠦᠩ᠂ ᠲᠠᠶᠢᠵᠢ ᠳᠤ ᠬᠠᠷᠢᠶᠠᠯᠠᠭᠳᠠᠬᠤ ᠶᠢ ᠨᠢ ︽ᠠᠯᠪᠠᠲᠤ︾ ᠭᠡᠵᠤ᠂ ᠬᠤᠳᠤᠭᠲᠤ ᠳᠤ ᠬᠠᠷᠢᠶᠠᠯᠠᠭᠳᠠᠬᠤ ᠶᠢ ᠨᠢ ︽ᠱᠠᠪᠢᠨᠠᠷ︾ ᠭᠡᠳᠡᠭ ᠶᠤᠮ᠃ ︽ᠨᠣᠶᠠᠨ ᠦᠭᠡᠢ ᠠᠯᠪᠠᠲᠤ ᠪᠠᠶᠢᠳᠠᠭ ᠦᠭᠡᠢ᠂ ᠠᠯᠪᠠᠲᠤ ᠦᠭᠡᠢ ᠨᠣᠶᠠᠨ ᠪᠠᠶᠢᠳᠠᠭ ᠦᠭᠡᠢ︾ ᠭᠡᠰᠡᠨ ᠦᠭᠡ ᠪᠣᠯ ᠶᠠᠭ ᠡᠭᠦᠨ ᠳᠤ ᠴᠢᠭᠯᠡᠭᠦᠯᠵᠦ ᠬᠡᠯᠡᠭᠰᠡᠨ ᠦᠭᠡ ᠶᠤᠮ᠃ ᠡᠩ ᠤᠨ ᠪᠠᠶᠢᠳᠠᠯ ᠳᠤ᠂ ᠲᠠᠶᠢᠵᠢ ᠬᠥᠮᠥᠨ ᠳᠡᠭᠡᠭᠦᠷ ᠰᠠᠭᠤᠳᠠᠯ ᠳᠤ ᠰᠠᠭᠤᠳᠠᠭ ᠪᠣᠯᠪᠠᠴᠤ ᠲᠤᠰᠢᠶᠠᠯ ᠦᠭᠡᠢ ᠪᠤᠶᠤ ᠳᠣᠣᠷ᠎ᠠ ᠲᠤᠰᠢᠶᠠᠯ ᠲᠠᠢ ᠲᠠᠶᠢᠵᠢ ᠬᠥᠮᠥᠨ᠂ ᠵᠡᠷᠭᠡ ᠲᠤᠰᠢᠶᠠᠯ ᠢᠶᠠᠷ ᠦᠨᠳᠦᠷ ᠬᠠᠷᠠᠴᠤ ᠬᠥᠮᠥᠨ ᠯᠦᠭᠡ ᠲᠡᠭᠰᠢ ᠰᠠᠭᠤᠳᠠᠯ ᠳᠤ ᠲᠠᠭᠠᠷᠠᠪᠠᠯ ᠳᠠᠷᠠᠭ᠎ᠠ ᠰᠠᠭᠤᠳᠠᠯ ᠎ ᠳᠤᠨᠢ ᠰᠠᠭᠤᠳᠠᠭ᠃ ᠲᠠᠶᠢᠵᠢ ᠬᠥᠮᠥᠨ ᠤᠯᠠᠭᠠᠨ ᠡᠷᠦᠬᠡ ᠲᠠᠢ ᠭᠡᠷ ᠲᠤ ᠰᠠᠭᠤᠵᠤ ᠤᠯᠠᠭᠠᠨ ᠣᠯᠪᠣᠭ ᠳᠡᠪᠢᠰᠭᠡᠷᠯᠡᠬᠦ ᠎ ᠨᠢ ᠲᠡᠭᠦᠨ ᠤ ᠲᠠᠶᠢᠵᠢ ᠶᠢᠨ ᠣᠨᠴᠠᠭᠠᠢ ᠡᠷᠬᠡ ᠰᠦᠷ ᠠᠴᠠ ᠪᠣᠯᠣᠭᠰᠠᠨ ᠶᠤᠮ᠃ ᠬᠤᠰᠢᠭᠤᠨ ᠤ ᠪᠦᠬᠦ ᠬᠠᠷᠢᠶᠠᠲᠤ ᠪᠤᠶᠤ ᠠᠯᠪᠠᠲᠤ ᠪᠣᠯ ᠸᠠᠩ ᠤᠨ ᠠᠯᠪᠠᠲᠤ ᠪᠣᠯᠬᠤ ᠪᠠᠷ ᠪᠠᠷᠠᠬᠤ ᠦᠭᠡᠢ᠂ ᠭᠦᠩ᠂ ᠲᠠᠶᠢᠵᠢ᠂ ᠬᠤᠳᠤᠭᠲᠤ ᠨᠠᠷ ᠤᠨ ᠠᠯᠪᠠᠲᠤ᠂ ᠱᠠᠪᠢᠨᠠᠷ ᠡᠷᠦᠬᠡ ᠨᠢ ᠳᠠᠪᠬᠤᠷ ᠠᠯᠪᠠᠲᠤ ᠪᠣᠯᠳᠠᠭ ᠶᠤᠮ᠃ ᠲᠦᠬᠡᠮᠡᠯ ᠡᠯᠪᠡᠭᠲᠦ ᠶᠢᠨ ᠰᠡᠭᠦᠯᠴᠢ ᠶᠢᠨ ᠦᠶ᠎ᠡ ᠳᠤ ᠪᠠᠷᠠᠭᠤᠨ ᠭᠦᠩ ᠦᠬᠢᠨ ᠢᠶᠠᠨ ᠣᠷᠳᠣᠰ ᠤᠨ ᠨᠢᠭᠡᠨ ᠳᠡᠭᠡᠳᠦ ᠳᠠᠪᠬᠤᠷᠭᠠᠲᠠᠨ ᠳᠤ ᠦᠭᠭᠦᠭᠰᠡᠨ ᠤ ᠳᠠᠷᠠᠭ᠎ᠠ ᠨᠡᠷ᠎ᠡ ᠲᠦᠷᠤ᠂ ᠪᠠᠶᠢᠷᠢ ᠰᠭᠤᠷᠢ ᠶᠢᠨ ᠡᠷᠬᠡ ᠬᠦᠨᠳᠦ ᠪᠠᠷ ᠪᠣᠯ ᠪᠠᠷᠠᠭᠤᠨ ᠪᠠᠯ ᠤᠨ ᠪᠠᠭ ᠤᠨ ᠭᠠᠵᠠᠷ ᠨᠤᠲᠤᠭ ᠤᠨ ᠬᠡᠪᠴᠢᠶ᠎ᠡ ᠶᠢ ᠭᠦᠩ ᠳᠤ ᠵᠢᠷᠤᠭᠯᠠᠨ ᠬᠠᠮᠢᠶᠠᠷᠤᠭᠤᠯᠬᠤ ᠡᠷᠬᠡ ᠲᠠᠢ ᠪᠣᠯᠭᠠᠵᠠᠢ᠃ ᠡᠶᠢᠮᠤ ᠠᠴᠠ ᠲᠠᠷᠢᠶ᠎ᠠ ᠲᠠᠷᠢᠬᠤ᠂ ᠨᠡᠭᠦᠷᠡᠰᠦ ᠮᠠᠯᠲᠠᠬᠤ ᠳᠤ ᠡᠷᠬᠡᠪᠰᠢ ᠡᠵᠡᠨ ᠤ ᠬᠢᠨᠢ ᠵᠥᠪᠰᠢᠶᠡᠷᠡᠯ ᠢ ᠣᠯᠬᠤ ᠬᠡᠷᠡᠭᠲᠡᠢ ᠪᠥᠭᠡᠳ ᠭᠠᠶᠢᠯᠢ ᠲᠦᠷᠢᠯᠭᠡ ᠬᠤᠷᠢᠶᠠᠬᠤ ᠡᠷᠬᠡ ᠲᠠᠢ ᠪᠣᠯᠵᠠᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号