ᠠᠯᠠᠱᠠ ᠮᠣᠩᠭᠤᠯᠴᠤᠳ ᠤᠨ ᠠᠪᠤ ᠡᠵᠢ ᠠᠬᠠᠰ ᠵᠠᠬᠠᠰ ᠢᠶᠠᠨ ᠠᠰᠠᠷᠠᠨ ᠬᠦᠨᠳᠦᠯᠡᠬᠦ ᠶᠣᠰᠣᠨ
ᠨᠡᠶᠢᠲᠡᠯᠡᠭᠰᠡᠨ ᠴᠠᠭ᠄
2020/1/17
   ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠦᠷᠯᠦᠭᠡ ᠡᠷᠲᠡ ᠮᠦᠷ ᠭᠠᠷᠭᠠᠵᠤ᠂ ᠬᠡᠢ ᠮᠣᠷᠢ ᠪᠠᠨ ᠬᠡᠶᠢᠰᠬᠡᠭᠡᠳ ᠭᠡᠷ ᠲᠡᠭᠡᠨ ᠣᠷᠤᠵᠤ ᠢᠷᠡᠭᠰᠡᠨ ᠤ ᠳᠠᠷᠠᠭ᠎ᠠ ᠦᠷ᠎ᠡ ᠬᠡᠤᠬᠡᠳ ᠨᠢ ᠠᠪᠤ ᠡᠵᠢ ᠳᠠᠷᠠᠭᠠᠯᠠᠨ ᠠᠬ᠎ᠠ ᠶᠡᠬᠡᠰ ᠲᠡᠭᠡᠨ ᠰᠢᠨ᠎ᠡ ᠶᠢᠨ ᠠᠮᠤᠷ ᠠᠶᠢᠯᠠᠳᠬᠠᠵᠤ ᠬᠠᠳᠠᠭ ᠪᠠᠷᠢᠨ ᠵᠣᠯᠭᠠᠭᠠᠳ᠂ ᠬᠦᠬᠦᠦᠷ ᠭᠠᠷᠭᠠᠨ ᠪᠠᠷᠢᠵᠤ᠄ ᠠᠪᠤ ᠡᠵᠢ ᠰᠠᠶᠢᠨ ᠰᠢᠨᠡᠯᠡᠵᠦ ᠠᠶᠢᠯᠠᠳᠪᠠ ᠤᠤ︖ ᠰᠢᠨ᠎ᠡ ᠵᠢᠯ ᠭᠠᠷᠤᠭᠰᠠᠭᠠᠷ ᠪᠡᠶ᠎ᠡ ᠯᠠᠭᠱᠠᠨ ᠲᠤᠩᠭᠠᠯᠠᠭ ᠰᠠᠭᠠᠲᠠᠵᠤ ᠪᠠᠶᠢᠨ᠎ᠠ ᠤᠤ︖ ᠭᠡᠵᠤ ᠬᠦᠬᠦᠦᠷ ᠵᠦᠷᠢᠭᠦᠯᠦᠨ᠎ᠡ᠃ ᠢᠩᠬᠢᠭᠡᠳ ᠪᠦᠭᠦᠳᠡᠭᠡᠷ ᠰᠠᠭᠤᠵᠠᠭᠠᠵᠤ ᠰᠢᠨ᠎ᠡ ᠵᠢᠯ ᠤᠨ ᠴᠠᠢ ᠪᠠᠨ ᠤᠤᠭᠤᠵᠤ ᠪᠠᠷᠠᠭᠰᠠᠨ ᠤ ᠳᠠᠷᠠᠭ᠎ᠠ ᠦᠷ᠎ᠡ ᠬᠡᠤᠬᠡᠳ ᠪᠣᠯᠤᠭᠰᠠᠳ ᠨᠢ ᠠᠪᠤ ᠡᠵᠢ ᠠᠬ᠎ᠠ ᠶᠡᠬᠡᠰ ᠲᠡᠭᠡᠨ ᠰᠢᠨ᠎ᠡ ᠶᠢᠨ ᠳᠡᠭᠡᠵᠢ ᠵᠣᠭᠤᠭᠯᠠ ᠭᠡᠵᠤ ᠭᠤᠷᠪᠠ ᠳᠦᠷᠪᠡᠨ ᠬᠤᠨᠳᠠᠭ᠎ᠠ ᠠᠷᠢᠬᠢ ᠵᠠᠰᠠᠨ᠎ᠠ᠃ ᠲᠡᠷᠡᠴᠢᠯᠡᠨ ᠠᠪᠤ ᠡᠵᠢ ᠠᠬ᠎ᠠ  ᠡᠭᠡᠴᠢ ᠪᠣᠯᠤᠭᠰᠠᠳ ᠨᠢ ᠴᠦᠮ ᠬᠠᠷᠢᠭᠤ ᠠᠷᠢᠬᠢ ᠪᠠᠷᠢᠳᠠᠭ᠃ ᠠᠶᠢᠯ ᠭᠡᠷ ᠪᠣᠯᠵᠤ ᠠᠰ ᠲᠠᠭᠠᠨ ᠰᠠᠭᠤᠵᠤ ᠪᠠᠶᠢᠭ᠎ᠠ ᠠᠴᠢ ᠦᠷᠡᠰ ᠨᠢ ᠰᠢᠨ᠎ᠡ ᠶᠢᠨ ᠨᠢᠭᠡᠨ ᠤ ᠡᠷᠲᠡ ᠶᠠᠭᠤᠨ ᠤ ᠤᠷᠢᠳ ᠠᠪᠤ ᠡᠵᠢ ᠠᠬ᠎ᠠ ᠶᠡᠬᠡᠰ ᠲᠡᠭᠡᠨ ᠣᠴᠢᠵᠤ ᠰᠢᠨᠡᠯᠡᠳᠡᠭ᠃ ᠵᠠᠯᠠᠭᠤ ᠨᠠᠰᠤᠨ ᠤ ᠦᠷ᠎ᠡ ᠬᠡᠤᠬᠡᠳ ᠠᠪᠤ ᠡᠵᠢ ᠶᠢᠨ ᠢᠶᠠᠨ ᠳᠡᠷᠭᠡᠳᠡ ᠠᠷᠢᠬᠢ ᠤᠤᠭᠤᠵᠤ ᠲᠠᠮᠠᠬᠢ ᠲᠠᠲᠠᠬᠤ ᠶᠣᠰᠤ ᠦᠭᠡᠢ᠂ ᠠᠶᠢᠯ ᠭᠡᠷ ᠪᠣᠯᠤᠭᠠᠳ ᠠᠪᠤ ᠡᠵᠢ ᠠᠬ᠎ᠠ ᠶᠡᠬᠡᠰ ᠤᠨ ᠵᠦᠪᠰᠢᠶᠡᠷᠡᠯ ᠢ ᠣᠯᠤᠭᠰᠠᠨ ᠤ ᠳᠠᠷᠠᠭ᠎ᠠ ᠰᠠᠶ᠋ᠢ ᠳᠤᠷ᠎ᠠ ᠪᠠᠷ ᠪᠠᠷᠢᠵᠤ ᠪᠣᠯᠤᠨ᠎ᠠ᠃ ᠪᠠᠰᠠ ᠠᠪᠤ ᠡᠵᠢ ᠶᠢᠨ ᠵᠦᠪᠰᠢᠶᠡᠷᠡᠯ ᠦᠭᠡᠢ ᠪᠠᠷ ᠰᠠᠬᠠᠯ ᠲᠠᠯᠪᠢᠵᠤ ᠪᠣᠯᠬᠤ ᠦᠭᠡᠢ ᠃ ᠬᠦᠷᠭᠡᠨ ᠪᠣᠯᠤᠭᠰᠠᠨ ᠬᠦᠮᠦᠨ ᠬᠠᠳᠠᠮ ᠡᠭᠡᠴᠢ ᠶᠢᠨ ᠳᠡᠷᠭᠡᠳᠡ ᠲᠣᠯᠤᠭᠠᠢ ᠬᠦᠯ ᠨᠢᠴᠦᠭᠦᠯᠡᠵᠦ ᠪᠣᠯᠬᠤ ᠦᠭᠡᠢ᠂ ᠬᠠᠳᠠᠮ ᠡᠭᠡᠴᠢ ᠨᠢ ᠴᠤ ᠬᠦᠷᠭᠡᠨ ᠠᠴᠠ ᠪᠠᠨ ᠲᠣᠯᠤᠭᠠᠢ ᠬᠦᠯ ᠢᠶᠠᠨ ᠨᠢᠭᠤᠵᠤ ᠪᠠᠶᠢᠬᠤ ᠶᠣᠰᠤᠲᠠᠢ᠃ ᠪᠡᠷᠢ ᠪᠣᠯᠤᠭᠰᠠᠨ ᠬᠦᠮᠦᠨ ᠬᠠᠳᠠᠮ ᠠᠪᠤ ᠡᠵᠢ᠂ ᠠᠬ᠎ᠠ ᠶᠡᠬᠡᠰ ᠤᠨ ᠳᠡᠷᠭᠡᠳᠡ ᠦᠷᠭᠦᠯᠵᠢ ᠮᠠᠯᠠᠭᠠᠢ ᠵᠡᠭᠦᠵᠦ ᠪᠠᠶᠢᠬᠤ ᠶᠢᠨ ᠬᠠᠮᠲᠤ ᠲᠡᠳᠡ ᠨᠠᠷ ᠤᠨ ᠪᠣᠰᠴᠤ ᠭᠠᠷᠴᠤ ᠣᠷᠤᠵᠤ ᠢᠷᠡᠬᠦ ᠳᠤ ᠬᠦᠩᠭᠡᠨ ᠱᠠᠯᠠᠮᠠᠭᠠᠢ ᠪᠠᠷ ᠪᠣᠰᠤᠨ ᠵᠣᠭᠰᠤᠵᠤ ᠪᠠᠶᠢᠬᠤ ᠬᠡᠷᠡᠭᠲᠡᠢ᠃ ᠰᠢᠨ᠎ᠡ ᠪᠡᠷᠢ ᠪᠣᠯᠤᠭᠰᠠᠨ ᠬᠦᠮᠦᠨ ᠭᠤᠷᠪᠠᠨ ᠵᠢᠯ ᠦᠩᠭᠡᠷᠡᠲᠡᠯ᠎ᠡ ᠭᠤᠯᠤᠮᠲᠠ ᠶᠢᠨ ᠬᠤᠶᠢᠮᠤᠷ ᠭᠠᠷᠴᠤ ᠪᠣᠯᠬᠤ ᠦᠭᠡᠢ᠂ ᠲᠡᠷᠡᠴᠢᠯᠡᠨ ᠭᠤᠷᠪᠠᠨ ᠵᠢᠯ ᠦᠩᠭᠡᠷᠡᠲᠡᠯ᠎ᠡ ᠬᠠᠳᠠᠮ ᠠᠪᠤ ᠶᠢᠨ ᠳᠡᠷᠭᠡᠳᠡ ᠲᠣᠯᠤᠭᠠᠢ ᠨᠢᠴᠦᠭᠦᠨ ᠪᠠᠶᠢᠵᠤ ᠪᠣᠯᠬᠤ ᠦᠭᠡᠢ᠃ ᠠᠯᠠᠱᠠ ᠶᠢᠨ ᠵᠠᠷᠢᠮ ᠭᠠᠵᠠᠷ ᠤᠨ ᠵᠠᠩᠰᠢᠯ ᠢᠶᠠᠷ ᠪᠣᠯ ᠪᠠᠷᠢ ᠪᠣᠯᠤᠭᠰᠠᠳ ᠵᠢᠯ ᠪᠦᠷᠢ ᠨᠢᠭᠡ ᠤᠳᠠᠭ᠎ᠠ ᠬᠠᠳᠠᠮ ᠠᠪᠤ ᠪᠣᠯᠤᠨ ᠬᠠᠳᠠᠮ ᠠᠬ᠎ᠠ ᠳᠠᠭᠠᠨ ᠣᠴᠢᠵᠤ ᠬᠠᠳᠠᠭ ᠲᠠᠯᠪᠢᠨ ᠮᠦᠷᠭᠦᠨ ᠶᠣᠰᠣᠯᠠᠳᠠᠭ᠃ ᠪᠡᠷᠢ ᠪᠣᠯᠤᠭᠰᠠᠳ ᠤᠨ ᠨᠦᠬᠦᠷ ᠨᠢ ᠦᠩᠭᠡᠷᠡᠭᠡᠳ ᠦᠭᠡᠷ᠎ᠡ ᠬᠦᠮᠦᠨ ᠯᠦᠭᠡ ᠤᠷᠤᠭᠯᠠᠭᠠᠳᠤᠢ ᠦᠶᠡᠰ ᠮᠦᠨ ᠬᠦ ᠤᠤᠯ ᠶᠣᠰᠤᠭᠠᠷ ᠬᠠᠳᠠᠮᠠᠳ ᠭᠡᠷ ᠲᠡᠭᠡᠨ ᠪᠡᠷᠢ ᠶᠢᠨ ᠶᠣᠰᠤ ᠪᠠᠨ ᠭᠦᠢᠴᠡᠳᠬᠡᠵᠦ ᠪᠠᠶᠢᠳᠠᠭ᠃ ᠬᠡᠷᠪᠡ ᠬᠦᠪᠡᠭᠦᠨ ᠲᠠᠢ ᠪᠡᠷᠢ ᠪᠣᠯ ᠬᠦᠪᠡᠭᠦᠨ ᠢᠶᠠᠨ ᠦᠰᠭᠡᠵᠤ ᠠᠶᠢᠯ ᠭᠡᠷ ᠪᠣᠯᠭᠠᠨ ᠬᠠᠳᠠᠮ ᠤᠨ ᠭᠤᠯᠤᠮᠲᠠ ᠶᠢ ᠵᠠᠯᠭᠠᠮᠵᠢᠯᠠᠨ ᠵᠢᠷᠤᠮ ᠭᠦᠢᠴᠡᠳᠭᠡᠨ ᠰᠠᠭᠤᠳᠠᠭ᠃ ᠡᠷᠡᠭᠲᠡᠢ ᠬᠦᠮᠦᠨ ᠤ ᠡᠬᠡᠨᠡᠷ ᠨᠢ ᠦᠬᠦᠭᠰᠡᠨ ᠪᠣᠯ ᠪᠡᠷᠭᠡᠨ ᠲᠠᠢ ᠪᠠᠨ ᠰᠠᠭᠤᠵᠤ ᠪᠣᠯᠬᠤ ᠠᠴᠠ ᠪᠢᠰᠢ ᠳᠡᠭᠦᠦ ᠪᠡᠷᠢ ᠯᠦᠭᠡ ᠪᠠᠨ ᠰᠠᠭᠤᠵᠤ ᠪᠣᠯᠬᠤ ᠦᠭᠡᠢ᠂ ᠡᠮᠡᠭᠲᠡᠢ ᠬᠦᠮᠦᠨ ᠤ ᠨᠦᠬᠦᠷ ᠨᠢ ᠦᠬᠦᠭᠰᠡᠨ ᠪᠣᠯ ᠬᠦᠷᠢ ᠳᠡᠭᠦᠦ ᠯᠦᠭᠡ ᠪᠠᠨ ᠰᠠᠭᠤᠵᠤ ᠪᠣᠯᠬᠤ ᠠᠴᠠ ᠪᠢᠰᠢ ᠬᠠᠳᠠᠮ ᠠᠬ᠎ᠠ ᠯᠦᠭᠡ ᠪᠠᠨ ᠰᠠᠭᠤᠵᠤ ᠪᠣᠯᠬᠤ ᠦᠭᠡᠢ᠃ ᠬᠤᠯᠠᠳᠠᠭᠰᠠᠨ ᠵᠢᠭᠡ ᠨᠠᠭᠠᠴᠤ ᠬᠤᠶᠠᠷ ᠬᠤᠭᠤᠷᠤᠨᠳᠤ ᠪᠠᠨ ᠤᠷᠤᠭᠯᠠᠬᠤ ᠶᠠᠪᠤᠳᠠᠯ ᠬᠠᠶᠠ ᠪᠠᠶᠢᠬᠤ ᠪᠣᠯᠪᠠᠴᠤ ᠲᠦᠷᠦᠭᠰᠡᠨ ᠵᠢᠭᠡ  ᠨᠠᠭᠠᠴᠤ ᠬᠤᠶᠠᠭᠤᠯᠠ ᠬᠤᠭᠤᠷᠤᠨᠳᠣ ᠪᠠᠨ ᠤᠷᠤᠭᠯᠠᠬᠤ ᠶᠢ ᠲᠠᠰᠤ ᠴᠡᠭᠡᠷᠯᠡᠳᠡᠭ ᠪᠠᠶᠢᠨ᠎ᠠ᠃ ᠬᠤᠶᠠᠷ ᠪᠦᠯᠢ ᠬᠦᠮᠦᠨ ᠨᠢᠭᠡ ᠭᠡᠷ ᠲᠤ ᠬᠠᠮᠲᠤ ᠦᠰᠦᠭᠰᠡᠨ ᠪᠣᠯ ᠬᠤᠭᠤᠷᠤᠨᠳᠤ ᠪᠠᠨ ᠤᠷᠤᠭᠯᠠᠵᠤ ᠪᠣᠯᠬᠤ ᠦᠭᠡᠢ᠃ ᠬᠡᠷᠪᠡ ᠬᠤᠪᠢ ᠬᠤᠪᠢ ᠪᠠᠷ ᠢᠶᠠᠨ ᠦᠰᠦᠭᠰᠡᠨ ᠪᠣᠯ ᠤᠷᠤᠭᠯᠠᠵᠤ ᠪᠣᠯᠬᠤ ᠴᠤ ᠪᠣᠢ᠃ ᠦᠩᠭᠡᠷᠡᠭᠰᠡᠨ ᠨᠡᠶᠢᠬᠡᠮ ᠳᠤ ᠨᠢᠭᠡ ᠡᠷᠡᠭᠲᠡᠢ ᠬᠡᠳᠦᠨ ᠡᠬᠡᠨᠡᠷ ᠠᠪᠴᠤ ᠪᠠᠶᠢᠭᠰᠠᠨ ᠶᠠᠪᠤᠳᠠᠯ ᠪᠠᠶᠢᠵᠤ᠂ ᠲᠡᠭᠦᠨ ᠤ ᠦᠷ᠎ᠡ ᠬᠡᠤᠬᠡᠳ ᠨᠢ ᠶᠡᠭᠡ ᠡᠵᠢ᠂ ᠳᠣᠮᠳᠠ ᠡᠵᠢ᠂ ᠪᠠᠭ᠎ᠠ ᠡᠵᠢ ᠭᠡᠵᠤ ᠳᠠᠭᠤᠳᠠᠳᠠᠭ᠃ ᠲᠦᠷᠦᠭᠰᠡᠨ ᠡᠵᠢ ᠨᠢ ᠨᠠᠰᠤ ᠪᠠᠷᠠᠭᠠᠳ ᠳᠠᠷᠠᠭᠠᠬᠢ ᠡᠬᠡᠨᠡᠷ ᠠᠪᠤᠭᠰᠠᠨ ᠢ ᠬᠤᠶᠢᠲᠦ ᠡᠵᠢ ᠭᠡᠵᠤ ᠳᠠᠭᠤᠳᠠᠨ᠎ᠠ᠃ ᠡᠭᠦᠨ ᠯᠦᠭᠡ ᠠᠳᠠᠯᠢ ᠪᠠᠷ ᠪᠡᠯᠪᠡᠰᠦᠷᠡᠭᠰᠡᠨ ᠡᠬᠡᠨᠡᠷ ᠳᠠᠬᠢᠨ ᠨᠦᠬᠦᠷ ᠲᠠᠢ ᠰᠠᠭᠤᠪᠠᠯ ᠦᠷ᠎ᠡ ᠬᠡᠤᠬᠡᠳ ᠨᠢ ᠲᠡᠭᠦᠨ ᠢ ᠬᠤᠶᠢᠲᠤ ᠠᠪᠤ ᠭᠡᠵᠤ ᠳᠠᠭᠤᠳᠠᠨ᠎ᠠ᠃ ᠠᠯᠠᠱᠠ ᠳᠤ ᠠᠪᠤ ᠡᠵᠢ ᠶᠢᠨ ᠲᠦᠷᠦᠯ ᠳᠣᠲᠤᠷ᠎ᠠ ᠠᠪᠤ ᠶᠢᠨ ᠲᠦᠷᠦᠯ ᠢ ᠭᠤᠣᠯᠯᠠᠳᠠᠭ ᠵᠠᠩᠰᠢᠯ ᠢ ᠡᠷᠬᠢᠮ ᠳᠤ ᠦᠵᠡᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号