| ᠨᠢᠭᠤᠷ ᠣᠬᠢᠶᠠᠬᠤ ᠡᠳ᠋ ᠪᠣᠯ ᠪᠢᠲᠡᠨ ᠤ ᠡᠳᠦᠷ ᠲᠣᠲᠣᠮ ᠤᠨ ᠠᠮᠢᠲᠣᠷᠠᠯ ᠲᠣᠮᠲᠠ ᠦᠷᠬᠦᠯᠵᠢ ᠭᠡᠷᠡᠭᠯᠡᠬᠦ ᠭᠤᠶᠣᠯᠠᠯ ᠤᠨ | ᠡᠳ᠋ ᠪᠣᠯᠬᠤ ᠶᠣᠮ᠃ ᠨᠢᠭᠤᠷ ᠣᠬᠢᠶᠠᠬᠤ ᠡᠳ᠋ ᠢ ᠵᠦᠪ ᠬᠡᠷᠡᠭᠯᠡᠬᠦ ᠨᠢ ᠨᠢᠭᠤᠷ ᠤᠨ ᠬᠡᠰᠡᠭ ᠤᠨ ᠠᠷᠠᠰᠣᠨ ᠤ ᠲᠠᠷᠣᠭᠠᠰᠣ ᠶᠢ | ᠬᠦᠩᠭᠡᠷᠡᠬᠦᠯᠵᠦ᠂ ᠰᠡᠪᠭᠡ ᠪᠣᠯᠣᠨ ᠦᠩᠭᠡᠨ ᠲᠣᠯᠪᠤ ᠶᠢ ᠪᠠᠭᠠᠰᠬᠠᠵᠦ᠂ ᠭᠤᠸ᠎ᠠ ᠰᠠᠶᠢᠬᠠᠨ ᠢ ᠬᠦᠭᠡᠭᠡᠴᠡᠯᠲᠦᠬᠦ ᠬᠦᠮᠦᠰ ᠤᠨ | ᠵᠠᠶᠢᠯᠠᠰᠢ ᠦᠭᠡᠢ ᠰᠣᠩᠭᠤᠯᠲᠠ ᠪᠣᠯᠬᠤ ᠶᠣᠮ᠃ ᠭᠡᠪᠡᠴᠦ ᠪᠣᠲᠠᠲᠣ ᠠᠮᠢᠲᠣᠷᠠᠯ ᠲᠣᠮᠲᠠ ᠵᠠᠷᠢᠮ ᠬᠦᠮᠦᠨ ᠨᠢᠭᠤᠷ ᠣᠬᠢᠶᠠᠬᠤ | ᠡᠳ᠋ ᠤᠨ ᠵᠦᠪ ᠣᠨᠣᠪᠴᠢᠲᠠᠢ ᠬᠡᠷᠡᠭᠯᠡᠬᠦ ᠠᠷᠭ᠎ᠠ ᠶᠢ ᠬᠠᠷᠠᠬᠠᠨ ᠮᠡᠲᠡᠬᠦ ᠦᠭᠡᠢ ᠪᠠᠶᠢᠵᠦ᠂ ᠡᠬᠦᠨ ᠠᠴᠠ ᠪᠣᠯᠵᠦ ᠨᠢᠭᠤᠷ | ᠣᠬᠢᠶᠠᠬᠤ ᠡᠳ᠋ ᠤᠨ ᠵᠢᠰᠦ ᠭᠤᠶᠣᠯᠠᠬᠤ ᠦᠢᠯᠡᠲᠦᠯ ᠢ ᠪᠠᠭᠤᠷᠠᠭᠤᠯᠣᠨ᠂ ᠬᠠᠶᠠ ᠵᠠᠷᠢᠮ ᠳᠠᠭᠠᠨ ᠰᠦᠷᠭᠡᠦ ᠦᠢᠯᠡᠲᠦᠯ | ᠦᠵᠡᠬᠦᠯᠬᠦ ᠪᠣᠯᠣᠨ᠎ᠠ᠃ | ᠠᠯᠬᠤᠮ ᠲᠠᠷᠠᠭ᠎ᠠ᠄ | 1. ᠪᠦᠯᠢᠶᠠᠨ ᠣᠰᠣ ᠪᠠᠷ ᠨᠢᠭᠤᠷ ᠢᠶᠠᠨ ᠣᠬᠢᠶᠠᠵᠦ᠂ ᠦᠰᠦᠨ ᠤ ᠰᠦᠪᠡ ᠶᠢ ᠪᠦᠷᠢᠮᠦᠰᠦᠨ ᠲᠡᠨᠢᠢᠯᠭᠡᠬᠦ ᠮᠦᠷᠲᠡᠭᠡᠨ | ᠠᠷᠠᠰᠣᠨ ᠤ ᠲᠦᠷᠦᠯᠬᠢ ᠶᠢᠨ ᠴᠢᠬᠢᠭ ᠢ ᠪᠠᠲᠣᠯᠠᠬᠤ ᠲᠣᠰᠣ ᠬᠡᠲᠦ ᠠᠯᠲᠠᠬᠲᠠᠬᠤ ᠠᠴᠠ ᠰᠡᠷᠭᠡᠶᠢᠯᠡᠨ᠎ᠡ᠃ | 2. ᠲᠣᠬᠲᠠᠬᠰᠠᠨ ᠬᠡᠮᠵᠢᠶᠡᠨ ᠤ ᠨᠢᠭᠤᠷ ᠣᠬᠢᠶᠠᠬᠤ ᠡᠳ᠋ ᠢ ᠠᠯᠠᠭᠠᠨ ᠲᠡᠭᠡᠷ᠎ᠡ ᠪᠠᠨ ᠲᠣᠰᠣᠯᠭᠠᠨᠠ᠃ | 3. ᠵᠢᠭᠠᠬᠠᠨ ᠣᠰᠣ ᠬᠤᠯᠢᠬᠰᠠᠨ ᠤ ᠲᠠᠷᠠᠭ᠎ᠠ ᠬᠤᠶᠠᠷ ᠭᠠᠷ ᠤᠨ ᠠᠯᠠᠭ᠎ᠠ ᠪᠠᠨ ᠱᠦᠷᠬᠦᠭᠡᠵᠦ ᠨᠢᠭᠤᠷ ᠣᠬᠢᠶᠠᠬᠤ ᠡᠳ᠋ ᠢ | ᠪᠦᠷᠢᠮᠦᠰᠦᠨ ᠨᠡᠶᠢᠯᠡᠬᠦᠯᠵᠦ ᠬᠦᠭᠡᠰᠦ ᠭᠠᠷᠬᠤ ᠬᠡᠮᠵᠢᠶᠡᠨ ᠳᠤ ᠬᠦᠷᠭᠡᠨ᠎ᠡ᠃ | 4. ᠬᠦᠭᠡᠰᠦ ᠶᠢ ᠨᠢ ᠨᠢᠭᠤᠷ ᠲᠡᠭᠡᠷ᠎ᠡ ᠪᠠᠨ ᠲᠦᠷᠬᠢᠬᠦ ᠶᠢᠨ ᠬᠠᠮᠲᠣ ᠲᠣᠭᠤᠷᠢᠬ ᠬᠡᠯᠪᠡᠷᠢᠲᠡᠢ ᠪᠠᠷ ᠬᠦᠩᠭᠡᠭᠡᠨ ᠭᠡᠭᠴᠢ ᠢᠯᠢᠵᠦ | ᠨᠣᠬᠤᠯᠠᠨ᠂ ᠠᠲᠣᠷᠢᠶᠠ ᠭᠠᠷᠬᠤ ᠠᠴᠠ ᠰᠡᠷᠭᠡᠶᠢᠯᠡᠨ᠎ᠡ᠃ ᠡᠨᠡ ᠮᠡᠲᠦ ᠪᠠᠷ 15 ᠣᠲᠠᠭ᠎ᠠ ᠢᠯᠢᠵᠦ ᠨᠣᠬᠤᠯᠠᠨ ᠨᠢᠭᠤᠷ | ᠣᠬᠢᠶᠠᠬᠤ ᠡᠳ᠋ ᠤᠨ ᠬᠦᠭᠡᠰᠦ ᠪᠠᠷ ᠨᠢᠭᠤᠷ ᠤᠨ ᠬᠡᠰᠡᠭ ᠢᠶᠠᠨ ᠪᠦᠷᠬᠦᠨᠠ᠃ ᠭᠡᠬᠦ ᠳᠡᠭᠡᠨ ᠨᠢᠭᠤᠷ ᠤᠨ ᠬᠡᠰᠡᠭ ᠲᠤ | ᠦᠯᠡᠲᠡᠭᠰᠡᠨ ᠨᠢᠭᠤᠷ ᠣᠬᠢᠶᠠᠬᠤ ᠡᠳ᠋ ᠢ 1 ᠮᠢᠨᠦ᠋ᠲ ᠠᠴᠠ ᠬᠡᠲᠦᠷᠡᠬᠦᠯᠵᠦ ᠪᠣᠯᠬᠤ ᠦᠭᠡᠢ᠃ | 5. ᠨᠦᠢᠲᠠᠨ ᠠᠯᠴᠢᠭᠤᠷ ᠢᠶᠠᠷ ᠨᠢᠭᠤᠷ ᠢᠶᠠᠨ ᠬᠡᠲᠦ ᠣᠲᠠᠭ᠎ᠠ ᠵᠦᠯᠬᠦᠭᠰᠡᠨ ᠤ ᠲᠠᠷᠠᠭ᠎ᠠ ᠨᠢᠭᠤᠷ ᠤᠨ ᠬᠡᠰᠡᠭ ᠤᠨ ᠨᠢᠭᠤᠷ | ᠣᠬᠢᠶᠠᠬᠤ ᠡᠳ᠋ ᠢ ᠠᠷᠢᠯᠭᠠᠬᠤ ᠪᠦᠭᠡᠳ ᠠᠷᠠᠰᠣ ᠶᠢ ᠬᠡᠮᠲᠦᠭᠡᠬᠦ ᠦᠭᠡᠢ ᠪᠠᠶᠢᠲᠠᠬ᠃ ᠲᠠᠬᠢᠨ ᠬᠤᠶᠠᠷ ᠭᠠᠷ ᠢᠶᠠᠨ ᠪᠢᠲᠡᠬᠦᠯᠡᠨ | ᠬᠦᠢᠲᠡᠨ ᠣᠰᠣ ᠲᠣᠰᠴᠦ᠂ ᠨᠢᠭᠤᠷ ᠤᠨ ᠬᠡᠰᠡᠭ ᠢᠶᠠᠨ 20 ᠭᠠᠷᠣᠢ ᠣᠲᠠᠭ᠎ᠠ ᠰᠦᠷᠴᠢᠨ ᠣᠬᠢᠶᠠᠨ᠎ᠠ᠃ ᠡᠬᠦᠨ ᠤ ᠬᠠᠮᠲᠣ | ᠬᠦᠢᠲᠡᠨ ᠣᠰᠣᠨ ᠳᠤ ᠲᠦᠷᠦᠭᠰᠡᠨ ᠠᠯᠴᠢᠭᠤᠷ ᠢᠶᠠᠷ ᠨᠢᠭᠤᠷ ᠢᠶᠠᠨ ᠵᠦᠯᠬᠦᠨᠠ᠃ ᠡᠨᠡ ᠨᠢ ᠦᠰᠦᠨ ᠤ ᠰᠦᠪᠡ ᠶᠢ | ᠠᠪᠴᠢᠭᠠᠵᠦ᠂ ᠴᠢᠷᠠᠢ ᠶᠢᠨ ᠬᠡᠰᠡᠭ ᠤᠨ ᠴᠢᠰᠣᠨ ᠰᠣᠲᠠᠯ ᠤᠨ ᠡᠷᠬᠢᠯᠲᠡ ᠶᠢ ᠠᠬᠢᠭᠤᠯᠬᠤ ᠦᠢᠯᠡᠲᠦᠯ ᠲᠠᠢ ᠪᠢᠯᠡ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |