ᠬᠠᠷ ᠎ᠠ ᠲᠠᠷᠤᠬᠤ ᠶᠢᠨ ᠢᠯᠡᠷᠡᠯ ᠠᠴᠠ ᠡᠪᠡᠳᠴᠢᠨ ᠢ ᠮᠠᠭᠠᠳᠯᠠᠬᠤ ᠨᠢ
ᠨᠡᠶᠢᠲᠡᠯᠡᠭᠰᠡᠨ ᠴᠠᠭ᠄
2020/11/30
ᠡᠮᠨᠡᠯᠭᠡ ᠶᠢᠨ ᠤᠬᠠᠭᠠᠨᠳᠠᠳ ᠤᠨ ᠤᠷᠳᠤ ᠬᠤᠭᠤᠴᠠᠭᠠᠨ ᠤ ᠰᠤᠳᠤᠯᠭᠠᠨ ᠢᠶᠠᠷ ᠢᠯᠡᠷᠡᠭᠦᠯᠦᠭᠰᠡᠨ ᠢᠶᠠᠷ᠂ ᠰᠡᠳᠬᠢᠴᠡ ᠶᠢᠨ ᠡᠯᠧᠮᠧᠨ᠋ᠲ ᠠᠴᠠ ᠭᠠᠳᠠᠨ᠎ᠠ᠂ ᠦᠷᠭᠦᠯᠵᠢ ᠬᠠᠷ ᠎ᠡ ᠲᠠᠷᠤᠬᠤ ᠨᠢ ᠦᠨᠡᠬᠡᠷ ᠡᠪᠡᠳᠴᠢᠨ ᠤ ᠢᠯᠡᠷᠡᠯ ᠢ ᠬᠠᠷᠠᠭᠤᠯᠬᠤ ᠦᠢᠯᠡᠳᠦᠯ ᠲᠠᠢ᠃ ᠠᠳᠠᠯᠢ ᠪᠤᠰᠤ ᠡᠪᠡᠳᠴᠢᠨ ᠨᠢ ᠠᠳᠠᠯᠢ ᠪᠤᠰᠤ ᠶᠢᠨ ᠵᠡᠭᠦᠳᠦ ᠯᠦᠭᠡ ᠬᠤᠯᠪᠤᠭ᠎ᠠ ᠲᠠᠢ᠂ ᠠᠳᠠᠯᠢ ᠨᠢᠭᠡ ᠡᠪᠡᠳᠴᠢᠨ ᠤ ᠵᠡᠭᠦᠳᠤ ᠨᠢ ᠠᠳᠠᠯᠢᠪᠳᠤᠷ ᠪᠠᠶᠢᠳᠠᠭ᠃ ᠲᠤᠤᠷᠠᠬᠢ ᠬᠠᠷᠢᠭᠤᠯᠳᠠ ᠠᠴᠠ ᠡᠪᠡᠳᠴᠢᠨ ᠤ ᠪᠠᠶᠢᠳᠠᠯ ᠢᠶᠠᠨ ᠮᠡᠳᠡᠵᠤ ᠠᠪᠤᠭᠠᠷᠠᠢ᠄ 1᠂ ᠬᠦᠮᠦᠨ ᠪᠤᠶᠤ ᠬᠠᠴᠢᠨ ᠠᠮᠢᠳᠠᠨ ᠲᠤᠯᠤᠭᠠᠢ ᠶᠢ ᠴᠢᠨᠢ ᠲᠤᠭᠰᠢᠵᠤ᠂ ᠡᠰᠡᠭᠦᠯ ᠎ᠡ ᠲᠠᠪᠤᠨ ᠡᠷᠬᠡᠳᠡᠨ ᠳᠤ ᠴᠢᠨᠢ ᠶᠠᠭᠤᠮ ᠎ᠠ ᠴᠢᠳᠬᠤᠵᠤ ᠪᠠᠶᠢᠨ᠎ᠠ ᠭᠡᠵᠤ ᠵᠡᠭᠦᠳᠦᠯᠡᠬᠦ᠃ ᠰᠠᠨᠠᠭᠤᠯᠤᠮᠵᠢ᠄ ᠲᠠᠷᠢᠬᠢᠨ ᠳᠤ ᠴᠢᠨᠢ ᠬᠠᠪᠤᠳᠠᠷ ᠤᠷᠭᠤᠭᠰᠠᠨ ᠪᠠ ᠮᠡᠳᠡᠷᠡᠯ ᠤᠨ ᠰᠢᠰᠲ᠋ᠧᠮ ᠤᠨ ᠡᠪᠡᠳᠴᠢᠨ ᠤᠯᠤᠭᠰᠠᠨ ᠪᠠᠶᠢᠵᠤ ᠮᠡᠳᠡᠨ᠎ᠡ᠃ 2᠂ ᠰᠤᠨᠢᠨ ᠲᠠᠭᠤ ᠰᠤᠨᠤᠰᠤᠭᠰᠠᠨ ᠭᠡᠵᠤ ᠵᠡᠭᠦᠳᠦᠯᠡᠬᠦ᠃ ᠰᠠᠨᠠᠭᠤᠯᠤᠮᠵᠢ᠄ ᠰᠤᠨᠤᠷ ᠤᠨ ᠲᠦᠪ ᠲᠤ ᠵᠠᠷᠢᠮ ᠡᠪᠡᠳᠴᠢᠨ ᠤ ᠪᠠᠶᠢᠳᠠᠯ ᠢᠯᠡᠷᠡᠭᠰᠡᠨ ᠪᠤᠶᠤ ᠤᠢᠢᠷᠠᠯᠴᠠᠬᠢ ᠴᠢᠰᠤᠨ ᠰᠤᠳᠠᠯ ᠬᠠᠳᠠᠭᠤᠷᠠᠭᠰᠠᠨ ᠪᠠᠶᠢᠵᠤ ᠮᠡᠳᠡᠨ᠎ᠡ᠃ 3᠂ ᠬᠤᠭᠤᠯᠠᠢ ᠬᠠᠭᠠᠭᠳᠠᠵᠤ᠂ ᠠᠮᠢᠰᠬᠤᠭ᠎ᠠ ᠪᠦᠭᠯᠡᠷᠡᠨ᠎ᠡ ᠭᠡᠵᠤ ᠵᠡᠭᠦᠳᠦᠯᠡᠬᠦ᠃ ᠰᠠᠨᠠᠭᠤᠯᠤᠮᠵᠢ᠄ ᠠᠮᠢᠰᠬᠤᠯ ᠤᠨ ᠰᠢᠰᠲ᠋ᠧᠮ ᠡᠪᠡᠳᠴᠢᠯᠡᠭᠰᠡᠨ ᠪᠠᠶᠢᠵᠤ ᠮᠡᠳᠡᠨ᠎ᠡ᠃ 4᠂ ᠬᠦᠭᠡᠭᠡᠭᠳᠡᠵᠤ ᠠᠶᠤᠵᠤ ᠰᠤᠴᠢᠨ᠂ ᠲᠤᠤᠭᠠᠷᠴᠤ ᠭᠠᠷᠬᠤ ᠦᠭᠡᠢ ᠭᠦ᠋ᠶᠤᠵᠤ ᠴᠤ ᠲᠡᠶᠢᠯᠬᠦ ᠦᠭᠡᠢ ᠭᠡᠵᠤ ᠵᠡᠭᠦᠳᠦᠯᠡᠵᠤ᠂ ᠰᠡᠷᠢᠭᠰᠡᠨ ᠤ ᠲᠠᠷᠠᠭ᠎ᠠ ᠠᠶᠢᠳᠠᠰ ᠬᠦᠷᠴᠤ ᠭᠦᠯᠦᠷᠡᠭᠡᠳ ᠵᠢᠷᠦᠬᠡᠨ ᠴᠤᠬᠢᠯᠳᠠ ᠲᠦᠷᠭᠡᠳᠦᠨ᠎ᠡ᠃ ᠰᠠᠨᠠᠭᠤᠯᠤᠮᠵᠢ᠄ ᠵᠢᠷᠦᠬᠡᠨ ᠳᠠᠬᠢ ᠴᠢᠰᠤᠨ ᠤ ᠬᠠᠩᠭᠠᠯᠭ᠎ᠠ ᠭᠦᠢᠴᠡᠳ ᠦᠭᠡᠢ ᠶᠢᠨ ᠢᠯᠡᠷᠡᠯ᠃ 5᠂ ᠵᠡᠭᠦᠳᠦᠨ ᠳᠡᠭᠡᠨ ᠠᠯᠬᠤᠵᠤ ᠬᠢᠰᠬᠢᠬᠦ ᠲᠤᠭᠳᠠᠪᠤᠷᠢ ᠦᠭᠡᠢ᠂ ᠪᠡᠶ ᠎ᠡ ᠬᠠᠷ ᠎ᠡ ᠭᠤᠶᠢᠪᠢᠯᠵᠠᠨ᠂ ᠪᠡᠶ ᠎ᠡ ᠶᠢᠨ ᠬᠦᠨᠳᠤ ᠨᠡᠮᠡᠭᠳᠡᠬᠦ ᠮᠦᠷᠳᠡᠭᠡᠨ ᠠᠮᠢᠰᠬᠤᠭ᠎ᠠ ᠪᠦᠭᠯᠡᠷᠡᠵᠤ᠂ ᠭᠡᠨᠡᠳᠳᠡ ᠰᠤᠴᠢᠨ ᠰᠡᠷᠢᠨ᠎ᠡ᠃ ᠰᠠᠨᠠᠭᠤᠯᠤᠮᠵᠢ᠄ ᠵᠢᠷᠦᠬᠡ ᠪᠠᠵᠠᠯᠠᠨ ᠡᠪᠡᠳᠬᠦ ᠶᠢᠨ ᠢᠯᠡᠷᠡᠯ ᠮᠠᠭᠠᠳ᠃ 6᠂ ᠦᠨᠳᠦᠷ ᠲᠡᠭᠡᠷ ᠎ᠡ ᠠᠴᠠ ᠤᠨᠠᠵᠤ ᠪᠠᠶᠢᠨ᠎ᠠ ᠭᠡᠵᠤ ᠵᠡᠭᠦᠳᠦᠯᠡᠨ᠂ ᠬᠦᠰᠡᠷ ᠲᠤᠯᠬᠤ ᠠᠴᠠ ᠡᠮᠦᠨ᠎ᠡ ᠰᠤᠴᠢᠨ ᠰᠡᠷᠢᠨ᠎ᠡ᠃ ᠰᠠᠨᠠᠭᠤᠯᠤᠮᠵᠢ᠄ ᠵᠢᠷᠦᠬᠡᠨ ᠡᠪᠡᠳᠴᠢᠨ ᠤ ᠢᠯᠡᠷᠡᠯ᠃ 7᠂ ᠭᠠᠯ ᠳᠤ ᠰᠢᠳᠠᠭᠳᠠᠨ᠎ᠠ ᠭᠡᠵᠤ ᠵᠡᠭᠦᠳᠦᠯᠡᠬᠦ᠃ ᠰᠠᠨᠠᠭᠤᠯᠤᠮᠵᠢ᠄ ᠴᠢᠰᠤᠨ ᠲᠠᠷᠤᠯᠳᠠ ᠦᠨᠳᠦᠷ ᠡᠪᠡᠳᠴᠢᠨ ᠪᠠᠶᠢᠵᠤ ᠮᠠᠭᠠᠳ᠃ 8᠂ ᠦᠶᠡᠷ᠂ ᠨᠤᠭᠤ ᠭᠠᠵᠠᠷ᠂ ᠤᠰᠤᠨ ᠳᠤ ᠵᠢᠪᠬᠦ ᠭᠡᠵᠤ ᠵᠡᠭᠦᠳᠦᠯᠡᠬᠦ᠃ ᠰᠠᠨᠠᠭᠤᠯᠤᠮᠵᠢ᠄ ᠡᠯᠢᠭᠡ ᠰᠦᠰᠦᠨ ᠤ ᠰᠢᠰᠲ᠋ᠧᠮ ᠪᠤᠶᠤ ᠪᠦᠭᠡᠷ ᠎ᠡ ᠡᠪᠡᠳᠴᠢᠯᠡᠭᠰᠡᠨ ᠤ ᠲᠡᠮᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号