ᠰᠠᠷ᠎ᠠ ᠶᠢᠨ ᠭᠬᠢᠷ ᠢᠶᠠᠷ ᠡᠪᠡᠳᠬᠦ ᠦᠶ᠎ᠡ ᠳᠤ ᠴᠡᠭᠡᠷᠯᠡᠬᠦ ᠢᠳᠡᠭᠡᠨ
ᠨᠡᠶᠢᠲᠡᠯᠡᠭᠰᠡᠨ ᠴᠠᠭ᠄
2020/11/30
ᠡᠮᠡᠭᠳᠡᠶᠢᠴᠤᠳ ᠰᠠᠷ᠎ᠠ ᠪᠦᠷᠢ ᠶᠢᠨ ᠬᠡᠳᠦᠨ ᠡᠳᠦᠷ ᠲᠤ ᠰᠡᠳᠬᠢᠯ ᠰᠠᠨᠠᠭ᠎ᠠ ᠤᠢᠢᠮᠤᠷᠠᠳᠠᠭ᠂ ᠲᠡᠷᠡ ᠨᠢ ᠲᠡᠭᠦᠨ ᠤ ᠰᠠᠷ᠎ᠠ ᠶᠢᠨ ᠭᠬᠢᠷ ᠢᠷᠡᠭᠰᠡᠨ ᠤ ᠰᠢᠨᠵᠢ ᠲᠡᠮᠳᠡᠭ ᠪᠤᠯᠤᠨ᠎ᠠ᠃ ᠰᠡᠷ᠎ᠠ ᠶᠢᠨ ᠭᠬᠢᠷ ᠤᠨ ᠬᠤᠭᠤᠴᠠᠭᠠᠨ ᠳᠤ ᠤᠯᠠᠩᠬᠢ ᠡᠮᠡᠭᠳᠡᠶᠢᠴᠤᠳ ᠪᠦᠷ ᠨᠢᠷᠤᠭᠤ ᠬᠡᠳᠡᠰᠤ ᠡᠪᠡᠳᠬᠦ ᠰᠢᠨᠠᠯᠭᠠᠯ ᠳᠤ ᠤᠴᠠᠷᠠᠳᠠᠭ᠃ ᠡᠮᠡᠭᠳᠡᠶᠢᠴᠤᠳ ᠰᠠᠷ᠎ᠠ ᠶᠢᠨ ᠭᠬᠢᠷ ᠢᠶᠠᠷ ᠡᠪᠡᠳᠳᠡᠭ ᠨᠢ ᠶᠠᠭᠤᠨ ᠠᠴᠠ ᠪᠤᠯᠤᠭᠰᠠᠨ ᠪᠤᠯ︖ ᠶᠠᠮᠠᠷ ᠢᠳᠡᠭᠡᠨ ᠢ ᠰᠠᠷ᠎ᠠ ᠶᠢᠨ ᠭᠬᠢᠷ ᠤᠨ ᠬᠤᠭᠤᠴᠠᠭᠠᠨ ᠳᠤ ᠴᠡᠭᠡᠷᠯᠡᠬᠦ ᠴᠢᠬᠤᠯᠠ ᠲᠠᠢ ᠪᠤᠢ︖ 1᠂ ᠦᠨᠢᠶᠠᠨ ᠰᠦ ᠲᠠᠷᠠᠭ ᠤᠨ ᠲᠦᠷᠦᠯ ᠤᠨ ᠢᠳᠡᠭᠡᠨ ᠪᠤᠯ ᠰᠠᠷ᠎ᠠ ᠶᠢᠨ ᠭᠬᠢᠷ ᠢᠶᠠᠷ ᠡᠪᠡᠳᠬᠦ ᠶᠢᠨ ᠦᠨᠳᠦᠰᠦ ᠰᠤᠷᠪᠤᠯᠵᠢ ᠶᠢᠨ ᠨᠢᠭᠡ ᠪᠤᠯᠤᠨ᠎ᠠ᠃ ᠲᠤᠬᠠᠢᠢᠯᠠᠪᠠᠯ ᠦᠨᠢᠶᠡᠨ ᠰᠦ᠂ ᠬᠤᠷᠤᠳ᠂ ᠵᠦᠭᠡᠭᠡᠢ᠂ ᠢᠰᠭᠡᠭᠰᠡᠨ ᠰᠦ ᠵᠡᠷᠭᠡ᠃ ᠡᠳᠡᠭᠡᠷ ᠢᠳᠡᠭᠡᠨ ᠮᠠᠬᠨᠢ ᠶᠢ ᠪᠡᠶᠡᠨ ᠳᠤ ᠰᠢᠩᠭᠡᠭᠡᠬᠦ ᠶᠢ ᠬᠠᠷᠰᠢᠯᠠᠨ᠎ᠠ᠃ 2᠂ ᠨᠤᠭᠤᠭᠠᠨ ᠴᠠᠢ ᠡᠮᠡᠭᠳᠡᠢ ᠬᠦᠮᠦᠨ ᠰᠠᠷ᠎ᠠ ᠶᠢᠨ ᠭᠬᠢᠷ ᠪᠠᠷᠠᠭᠰᠠᠨ ᠤ ᠲᠠᠷᠠᠭ᠎ᠠ ᠶᠡᠭᠡ ᠬᠡᠮᠵᠢᠶᠡᠨ ᠤ ᠲᠡᠮᠦᠷᠯᠢᠭ ᠠᠯᠳᠠᠭᠳᠠᠨ᠎ᠠ᠂ ᠡᠶᠢᠮᠤ ᠠᠴᠠ ᠲᠡᠮᠦᠷ ᠨᠦᠬᠦᠪᠦᠷᠢᠯᠡᠬᠦ ᠴᠢᠬᠤᠯᠠ ᠲᠠᠢ ᠪᠠᠶᠢᠳᠠᠭ᠃ ᠬᠡᠬᠦ ᠳᠤ ᠴᠠᠢ ᠶᠢᠨ ᠲᠤᠳᠤᠷ᠎ᠠ 30%᠎ ᠠᠴᠠ ᠲᠡᠭᠡᠭᠰᠢᠬᠢ ᠲᠠᠨᠢᠨ ᠬᠦᠴᠢᠯ ᠲᠠᠢ ᠪᠠᠶᠢᠵᠤ᠂ ᠡᠳᠡᠭᠡᠷ ᠨᠢ ᠬᠡᠳᠡᠰᠦᠨ ᠲᠤᠳᠤᠷ᠎ᠠ ᠠᠮᠠᠷᠬᠠᠨ ᠲᠡᠮᠦᠷ ᠤᠨ ᠢᠶᠤᠨ ᠲᠠᠢ ᠨᠡᠶᠢᠯᠡᠯᠳᠤᠵᠤ ᠲᠤᠨᠤᠳᠠᠰᠤ ᠡᠭᠦᠰᠴᠤ᠂ ᠬᠤᠳᠤᠭᠤᠳᠤᠨ ᠤ ᠰᠡᠯᠢᠰᠤᠳᠤ ᠪᠦᠷᠬᠦᠪᠴᠢ ᠶᠢᠨ ᠲᠡᠮᠦᠷ ᠢ ᠰᠢᠩᠭᠡᠭᠡᠨ ᠠᠪᠬᠤ ᠶᠢ ᠬᠠᠷᠰᠢᠯᠠᠨ᠎ᠠ᠃ 3᠂ ᠲᠠᠪᠤᠰᠤ ᠬᠡᠳᠦ ᠲᠠᠪᠤᠰᠤᠯᠢᠭ ᠢᠳᠡᠭᠡᠨ ᠨᠢ ᠪᠡᠶ᠎ᠡ ᠶᠢᠨ ᠲᠤᠳᠤᠷᠠᠬᠢ ᠲᠠᠪᠤᠰᠤ ᠪᠤᠯᠤᠨ ᠤᠰᠤᠨ ᠤ ᠬᠠᠳᠠᠭᠠᠯᠠᠭᠳᠠᠴᠠ ᠶᠢᠨ ᠬᠡᠮᠵᠢᠶ᠎ᠡ ᠶᠢ ᠨᠡᠮᠡᠭᠳᠡᠬᠦᠯᠵᠤ᠂ ᠡᠭᠦᠨ ᠤ ᠤᠯᠠᠮ ᠠᠴᠠ ᠰᠠᠷ᠎ᠠ ᠶᠢᠨ ᠭᠬᠢᠷ ᠢᠷᠡᠬᠦ ᠦᠶ᠎ᠡ ᠳᠤ ᠲᠤᠯᠤᠭᠠᠢ ᠡᠪᠡᠳᠬᠦ᠂ ᠰᠡᠳᠬᠢᠯ ᠬᠦᠭᠰᠡᠬᠦ᠂ ᠠᠮᠠᠷᠬᠠᠨ ᠠᠭᠤᠷᠯᠠᠬᠤ ᠵᠡᠷᠭᠡ ᠪᠠᠶᠢᠳᠠᠯ ᠲᠠᠢ ᠪᠤᠯᠳᠠᠭ᠃ 4᠂ ᠴᠤᠺᠤᠯᠠᠳ᠋ ᠴᠤᠺᠤᠯᠠᠳ᠋ ᠢᠳᠡᠬᠦ ᠨᠢ ᠬᠦᠮᠦᠨ ᠢ ᠠᠮᠠᠷᠬᠠᠨ ᠮᠠᠷᠢᠶᠠᠯᠠᠭᠤᠯᠬᠤ ᠠᠴᠠ ᠭᠠᠳᠠᠨ᠎ᠠ ᠪᠡᠶ᠎ᠡ ᠳᠠᠬᠢ ᠸᠢᠲ᠋ᠠᠮᠢᠨ B᠎ ᠶᠢᠨ ᠱᠠᠭᠠᠷᠳᠠᠯᠭ᠎ᠠ ᠶᠢ ᠨᠡᠮᠡᠭᠳᠡᠬᠦᠯᠳᠡᠭ᠃ ᠡᠭᠦᠨ ᠤ ᠬᠠᠮᠳᠤ ᠰᠢᠬᠢᠷ ᠪᠡᠶ᠎ᠡ ᠶᠢᠨ ᠲᠤᠳᠤᠷᠠᠬᠢ ᠸᠢᠲ᠋ᠠᠮᠢᠨ B ᠪᠤᠯᠤᠨ ᠡᠷᠦᠳᠡᠰᠦ ᠶᠢ ᠵᠠᠷᠤᠴᠠᠭᠤᠯᠵᠤ᠂ ᠬᠦᠮᠦᠨ ᠤᠯᠠᠮ ᠰᠢᠬᠢᠷᠯᠢᠭ ᠢᠳᠡᠭᠡᠨ ᠢᠳᠡᠬᠦ ᠲᠤᠷᠠᠳᠠᠢ ᠪᠤᠯᠭᠠᠳᠠᠭ᠃ ᠦᠨᠳᠦᠷ ᠰᠢᠬᠢᠷᠯᠢᠭ ᠲᠦᠷᠦᠯ ᠤᠨ ᠢᠳᠡᠭᠡᠨ ᠢᠳᠡᠬᠦ ᠨᠢ ᠰᠠᠷ᠎ᠠ ᠶᠢᠨ ᠭᠬᠢᠷ ᠤᠨ ᠬᠤᠭᠤᠴᠠᠭᠠᠨ ᠤ ᠪᠡᠶ᠎ᠡ ᠶᠢᠨ ᠴᠢᠰᠤᠨ ᠰᠢᠬᠢᠷ ᠢ ᠲᠤᠭᠳᠠᠭᠤᠨ ᠪᠤᠰᠤ ᠪᠤᠯᠭᠠᠵᠤ᠂ ᠪᠡᠶ᠎ᠡ ᠶᠢᠨ ᠲᠤᠳᠤᠷᠠᠬᠢ ᠬᠤᠷᠮᠤᠨ ᠤ ᠲᠡᠩᠴᠡᠬᠦᠷᠢ ᠶᠢ ᠠᠯᠳᠠᠭᠤᠯᠵᠤ᠂ ᠪᠡᠶ᠎ᠡ ᠶᠢ ᠤᠯᠠᠮ ᠡᠪ ᠦᠭᠡᠢ ᠲᠦᠷᠦᠭᠳᠡᠯ ᠲᠠᠢ ᠪᠤᠯᠭᠠᠳᠠᠭ᠃ 5᠂ ᠱᠠᠪᠳᠠᠯ᠎ᠠ ᠱᠠᠪᠳᠠᠯ᠎ᠠ ᠲᠤᠳᠤᠷ᠎ᠠ ᠲᠠᠨᠢᠨ ᠬᠦᠴᠢᠯ ᠠᠭᠤᠯᠤᠭᠳᠠᠵᠤ᠂ ᠲᠡᠮᠦᠷ ᠲᠠᠢ ᠨᠡᠶᠢᠯᠡᠯᠳᠤᠵᠤ ᠬᠦᠮᠦᠨ ᠤ ᠪᠡᠶ᠎ᠡ ᠶᠢᠨ ᠢᠳᠡᠭᠡᠨ ᠤ ᠲᠤᠮᠳᠠ ᠠᠴᠠ ᠲᠡᠮᠦᠷ ᠰᠢᠩᠭᠡᠭᠡᠨ ᠠᠪᠬᠤ ᠶᠢ ᠬᠠᠷᠰᠢᠯᠠᠨ᠎ᠠ᠂ ᠡᠮᠡᠭᠳᠡᠢ ᠬᠦᠮᠦᠨ ᠰᠠᠷ᠎ᠠ ᠶᠢᠨ ᠭᠬᠢᠷ ᠤᠨ ᠬᠤᠭᠤᠴᠠᠭᠠᠨ ᠳᠤ ᠶᠡᠭᠡ ᠬᠡᠮᠵᠢᠶᠡᠨ ᠤ ᠴᠢᠰᠤ ᠠᠯᠳᠠᠭᠳᠠᠬᠤ ᠤᠴᠢᠷ ᠠᠴᠠ ᠲᠡᠮᠦᠷ ᠨᠦᠭᠦᠪᠦᠷᠢᠯᠡᠬᠦ ᠴᠢᠬᠤᠯᠠ ᠲᠠᠢ᠂ ᠡᠶᠢᠮᠤ ᠠᠴᠠ ᠱᠠᠪᠳᠠᠯ᠎ᠠ ᠢᠳᠡᠵᠤ ᠪᠤᠯᠬᠤ ᠦᠭᠡᠢ᠃ 6᠂ ᠺᠤᠹᠧᠶ᠋ᠢᠨ ᠠᠭᠤᠯᠤᠭᠰᠠᠨ ᠤᠮᠳᠠᠭᠠᠨ ᠺᠤᠹᠧᠶ᠋ᠢᠨ ᠠᠭᠤᠯᠤᠭᠰᠠᠨ ᠤᠮᠳᠠᠭᠠᠨ ᠨᠢ ᠬᠦᠬᠦ ᠶᠢ ᠴᠢᠨᠤᠷᠠᠨ ᠡᠪᠡᠳᠭᠡᠬᠦ᠂ ᠰᠠᠨᠠᠭ᠎ᠠ ᠰᠡᠳᠬᠢᠯ ᠢ ᠤᠢᠢᠮᠤᠷᠠᠭᠤᠯᠵᠤ᠂ ᠠᠮᠠᠷᠬᠠᠨ ᠠᠭᠤᠷᠯᠠᠬᠤ᠂ ᠤᠷᠮ᠎ᠠ ᠰᠡᠳᠬᠢᠯᠭᠡ ᠲᠤᠭᠳᠠᠭᠤᠨ ᠪᠤᠰᠤ ᠪᠤᠯᠭᠠᠬᠤ ᠶᠢᠨ ᠬᠠᠮᠳᠤ ᠪᠡᠶ᠎ᠡ ᠶᠢᠨ ᠲᠤᠳᠤᠷ᠎ᠠ ᠠᠭᠤᠯᠤᠭᠳᠠᠵᠤ ᠪᠠᠶᠢᠭᠰᠠᠨ ᠸᠢᠲ᠋ᠠᠮᠢᠨ B ᠪᠤᠯᠤᠨ ᠡᠷᠦᠳᠡᠰᠦ ᠶᠢ ᠵᠠᠷᠤᠴᠠᠭᠤᠯᠵᠤ᠂ ᠨᠡᠭᠦᠷᠡᠰᠦ ᠤᠰᠤᠨ ᠤ ᠨᠢᠭᠡᠳᠭᠡᠪᠦᠷᠢ ᠶᠢᠨ ᠰᠢᠨ᠎ᠡ ᠬᠠᠭᠤᠴᠢᠨ ᠤ ᠰᠤᠯᠢᠯᠴᠠᠭ᠎ᠠ ᠶᠢ ᠡᠪᠳᠡᠨ᠎ᠠ᠃ 7᠂ ᠠᠷᠢᠬᠢ ᠠᠷᠢᠬᠢ ᠪᠡᠶ᠎ᠡ ᠶᠢᠨ ᠲᠤᠳᠤᠷᠠᠬᠢ ᠸᠢᠲ᠋ᠠᠮᠢᠨ B ᠪᠤᠯᠤᠨ ᠡᠷᠦᠳᠡᠰᠦ ᠶᠢ ᠵᠠᠷᠤᠴᠠᠭᠤᠯᠵᠤ᠂ ᠨᠡᠭᠦᠷᠡᠰᠦ ᠤᠰᠤᠨ ᠤ ᠨᠢᠭᠡᠳᠭᠡᠪᠦᠷᠢ ᠶᠢᠨ ᠰᠢᠨ᠎ᠠ ᠬᠠᠭᠤᠴᠢᠨ ᠤ ᠰᠤᠯᠢᠯᠴᠠᠭ᠎ᠠ ᠶᠢ ᠡᠪᠳᠡᠳᠡᠭ ᠮᠦᠷᠳᠡᠭᠡᠨ ᠨᠡᠩ ᠤᠯᠠᠨ ᠰᠡᠳᠬᠢᠯ ᠬᠦᠭᠰᠡᠬᠦ ᠡᠳ᠋ ᠢ ᠪᠤᠢ ᠪᠤᠯᠭᠠᠵᠤ᠂ ᠴᠢᠰᠤᠨ ᠰᠤᠳᠠᠯ ᠳᠤ ᠰᠡᠳᠡᠯᠳᠡ ᠦᠭᠭᠦᠨ ᠲᠡᠯᠡᠭᠦᠯᠵᠤ᠂ ᠰᠠᠷ᠎ᠠ ᠶᠢᠨ ᠭᠬᠢᠷ ᠢ ᠤᠷᠢᠳᠴᠢᠯᠠᠭᠤᠯᠬᠤ ᠪᠠ ᠰᠠᠷ᠎ᠠ ᠶᠢᠨ ᠭᠬᠢᠷ ᠢ ᠬᠡᠳᠦ ᠠᠷᠪᠢᠨ ᠪᠤᠯᠭᠠᠨ᠎ᠠ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号