ᠮᠢᠬ᠎ᠠ ᠪᠠᠭ᠎ᠠ ᠢᠳᠡᠬᠦ ᠤᠯᠠᠠ ᠰᠠᠶᠢᠡᠳᠡᠢ
ᠨᠡᠶᠢᠲᠡᠯᠡᠭᠰᠡᠨ ᠴᠠᠭ᠄
2020/11/30
ᠠᠮᠧᠷᠢᠺᠠ ᠶᠢᠨ ︽ᠡᠷᠡᠭᠦᠯ ᠡᠩᠭᠡ︾ ᠰᠡᠳᠭᠦᠯ ᠤᠢᠢᠷ᠎ᠠ ᠳᠤ ᠮᠡᠳᠡᠭᠡᠯᠡᠯ ᠨᠡᠶᠢᠳᠡᠯᠡᠵᠦ᠂ ᠮᠢᠬ᠎ᠠ ᠴᠦᠬᠡᠨ ᠢᠳᠡᠬᠦ ᠶᠢᠨ 10 ᠰᠠᠶᠢᠨᠳᠠᠢ ᠲᠠᠯ᠎ᠠ ᠶᠢ ᠬᠤᠷᠢᠶᠠᠩᠭᠤᠢᠢᠯᠠᠭᠰᠠᠨ ᠪᠠᠶᠢᠨ᠎ᠠ᠃ ᠪᠡᠶ᠎ᠠ ᠶᠢᠨ ᠬᠦᠨᠳᠦ ᠶᠢ ᠪᠠᠭᠤᠷᠠᠭᠤᠯᠤᠨ᠎ᠠ᠃ ᠲᠤᠰ ᠰᠡᠳᠭᠦᠯ ᠤᠨ 5 ᠵᠢᠯ ᠤᠨ ᠮᠦᠷᠳᠡᠨ ᠪᠠᠶᠢᠴᠠᠭᠠᠯᠳᠠ ᠳᠤ ᠬᠠᠷᠠᠭᠤᠯᠤᠭᠰᠠᠨ ᠢᠶᠠᠷ᠂ ᠬᠠᠷᠡᠰᠤ ᠬᠦᠮᠦᠨ ᠤ ᠲᠡᠭᠰᠢᠳᠭᠡᠭᠰᠡᠨ ᠪᠡᠶ᠎ᠠ ᠶᠢᠨ ᠦᠨᠳᠦᠷ᠂ ᠪᠡᠶ᠎ᠠ ᠶᠢᠨ ᠬᠦᠨᠳᠦ ᠶᠢᠨ ᠵᠢᠭᠠᠯᠳᠠ ᠲᠤᠭ᠎ᠠ ᠨᠢ ᠪᠦᠷ ᠮᠢᠬ᠎ᠠ ᠢᠳᠡᠳᠡᠭ ᠬᠦᠮᠦᠨ ᠤ ᠬᠢ ᠠᠴᠠ ᠲᠤᠤᠷ᠎ᠠ᠂ ᠬᠠᠷᠡᠰᠤ ᠬᠦᠮᠦᠨ ᠨᠢ ᠬᠤᠯᠢᠮᠠᠭ ᠢᠳᠡᠰᠢᠳᠡᠨ ᠪᠤᠯᠬᠤᠷ ᠲᠠᠷᠭᠤᠯᠠᠬᠤ ᠬᠡᠮ ᠤᠯᠬᠤ ᠨᠤᠷᠮ᠎ᠠ ᠨᠢ ᠮᠡᠳᠡᠭᠳᠡᠮ᠎ᠠ ᠲᠤᠤᠷ᠎ᠠ᠃ ᠰᠢᠩᠭᠡᠭᠡᠭᠰᠡᠨ ᠢᠯᠴᠢ ᠶᠢᠨ ᠬᠡᠮᠵᠢᠶ᠎ᠠ ᠨᠢ ᠠᠳᠠᠯᠢᠪᠳᠤᠷ ᠴᠦ ᠮᠢᠬ᠎ᠠ ᠪᠠᠭ᠎ᠠ ᠢᠳᠡᠳᠡᠭ ᠬᠦᠮᠦᠨ ᠨᠢ ᠨᠡᠩ ᠭᠤᠸᠠᠯᠢᠭ ᠲᠤᠶᠠᠬᠠᠨ ᠪᠠᠶᠢᠳᠠᠭ᠃ ᠵᠢᠷᠦᠭᠡ ᠴᠢᠰᠤᠨ ᠰᠤᠳᠠᠯ ᠤᠨ ᠡᠪᠡᠳᠴᠢᠨ ᠳᠤ ᠠᠮᠠᠷᠬᠠᠨ ᠨᠡᠷᠪᠡᠭᠳᠡᠬᠦ ᠦᠭᠡᠢ᠃ ᠬᠡᠲᠦᠷᠬᠡᠢ ᠠᠷᠪᠢᠨ ᠮᠢᠬ᠎ᠠ ᠪᠠ ᠴᠠᠭᠠᠨ ᠎ ᠳᠡᠭᠡᠨ ᠢᠳᠡᠬᠦ ᠨᠢ ᠴᠢᠰᠤᠨ ᠲᠤᠳᠤᠷᠠᠬᠢ ᠰᠦᠰᠦᠨ ᠤ ᠭᠤᠨᠠᠨ ᠠᠯᠺᠤᠤᠯ ᠤᠨ ᠠᠭᠤᠯᠤᠭᠳᠠᠴᠠ ᠶᠢ ᠨᠡᠮᠡᠭᠳᠡᠭᠦᠯᠦᠨ᠎ᠠ᠂ ᠴᠢᠰᠤᠨ ᠲᠤᠳᠤᠷᠠᠬᠢ ᠰᠦᠰᠦᠨ ᠤ ᠭᠤᠨᠠᠨ ᠠᠯᠺᠤᠤᠯ ᠤᠨ ᠠᠭᠤᠯᠤᠭᠳᠠᠴᠠ ᠬᠡᠳᠦᠷᠬᠡᠢ ᠦᠨᠳᠦᠷ ᠪᠤᠯᠪᠠᠯ ᠵᠢᠷᠦᠭᠡᠨ ᠡᠪᠡᠳᠴᠢᠨ ᠤᠯᠬᠤ ᠲᠦᠭᠰᠢᠭᠦᠷᠢ ᠶᠢ ᠨᠡᠮᠡᠭᠳᠡᠭᠦᠯᠦᠨ᠎ᠠ᠃ ᠴᠢᠰᠤᠨ ᠲᠠᠷᠤᠯᠳᠠ ᠶᠢ ᠪᠠᠭᠤᠷᠠᠭᠤᠯᠤᠨ᠎ᠠ᠃ ᠲᠤᠰ ᠰᠡᠳᠭᠦᠯ ᠤᠨ ᠰᠤᠳᠤᠯᠭᠠᠨ ᠤ ᠳ᠋ᠦᠩ ᠳᠤ ᠬᠠᠷᠠᠭᠤᠯᠤᠭᠰᠠᠨ ᠢᠶᠠᠷ᠂ ᠬᠠᠷᠡᠰᠤ ᠬᠦᠮᠦᠨ ᠤ ᠴᠢᠰᠤᠨ ᠲᠠᠷᠤᠯᠳᠠ ᠦᠨᠳᠦᠷ ᠡᠪᠡᠳᠴᠢᠨ ᠳᠤ ᠨᠡᠷᠪᠡᠭᠳᠡᠬᠦ ᠨᠤᠷᠮ᠎ᠠ ᠨᠢ ᠮᠢᠬ᠎ᠠ ᠠᠷᠪᠢᠨ ᠢᠳᠡᠳᠡᠭ ᠬᠦᠮᠦᠨ ᠤ ᠬᠢ ᠠᠴᠠ ᠲᠤᠤᠷ᠎ᠠ ᠪᠠᠶᠢᠳᠠᠭ᠃ ᠡᠨᠡ ᠨᠢ ᠬᠠᠷᠡᠰᠤ ᠬᠦᠮᠦᠨ ᠦᠷᠭᠦᠯᠵᠢ ᠶᠡᠭᠡ ᠬᠡᠮᠵᠢᠶᠡᠨ ᠤ ᠨᠤᠭᠤᠭ᠎ᠠ ᠵᠢᠮᠢᠰ ᠢᠳᠡᠵᠦ᠂ ᠪᠡᠶ᠎ᠠ ᠶᠢᠨ ᠬᠦᠨᠳᠦ ᠨᠢ ᠬᠠᠷᠢᠴᠠᠩᠭᠤᠢ ᠲᠤᠤᠷ᠎ᠠ ᠲᠠᠢ ᠬᠤᠯᠪᠤᠭ᠎ᠠ ᠲᠠᠢ᠃ ᠰᠢᠬᠢᠷ ᠰᠢᠵᠢᠩ ᠡᠪᠡᠳᠴᠢᠨ ᠤ ᠲᠦᠭᠰᠢᠭᠦᠷᠢ ᠶᠢ ᠪᠠᠭᠠᠰᠬᠠᠨ᠎ᠠ᠃ ᠠᠮᠧᠷᠢᠺᠠ ᠶᠢᠨ ᠰᠢᠬᠢᠷ ᠰᠢᠵᠢᠩ ᠡᠪᠡᠳᠴᠢᠨ ᠤ ᠨᠡᠶᠢᠭᠡᠮᠯᠢᠭ ᠤᠨ ᠨᠢᠭᠡᠨ ᠰᠤᠳᠤᠯᠭᠠᠨ ᠳᠤ ᠬᠠᠷᠠᠭᠤᠯᠤᠭᠰᠠᠨ ᠢᠶᠠᠷ᠂ ᠮᠢᠬ᠎ᠠ ᠪᠠᠭ᠎ᠠ ᠢᠳᠡᠬᠦ ᠨᠢ ᠰᠢᠨ᠎ᠠ ᠬᠠᠭᠤᠴᠢᠨ ᠤ ᠰᠤᠯᠢᠯᠴᠠᠭ᠎ᠠ ᠶᠢᠨ ᠨᠡᠶᠢᠯᠡᠭ ᠭᠡᠮ ᠤᠯᠬᠤ ᠲᠦᠭᠰᠢᠭᠦᠷᠢ ᠶᠢ ᠪᠠᠭᠠᠰᠬᠠᠨ᠎ᠠ᠂ ᠡᠨᠡᠬᠦ ᠨᠡᠶᠢᠯᠡᠭ ᠭᠡᠮ ᠨᠢ 2 ᠬᠡᠯᠪᠡᠷᠢ ᠶᠢᠨ ᠰᠢᠬᠢᠷ ᠰᠢᠵᠢᠩ ᠡᠪᠡᠳᠴᠢᠨ᠂ ᠰᠠ ᠲᠠᠭᠠᠷᠢᠬᠤ ᠪᠠ ᠵᠢᠷᠦᠭᠡᠨ ᠡᠪᠡᠳᠴᠢᠨ ᠲᠠᠢ ᠬᠤᠯᠪᠤᠭᠳᠠᠬᠤ ᠲᠦᠭᠰᠢᠭᠦᠷᠢ ᠶᠢᠨ ᠡᠯᠧᠮᠧᠨ᠋ᠲ ᠪᠤᠯᠤᠨ᠎ᠠ᠃ ᠰᠢᠩᠭᠡᠭᠡᠯᠳᠡ ᠶᠢᠨ ᠴᠢᠳᠠᠪᠤᠷᠢ ᠶᠢ ᠰᠠᠶᠢᠵᠢᠷᠠᠭᠤᠯᠤᠨ᠎ᠠ᠃ ᠵᠢᠮᠢᠰ ᠨᠤᠭᠤᠭ᠎ᠠ ᠪᠤᠯᠤᠨ ᠪᠤᠷᠴᠠᠭ ᠤᠨ ᠵᠦᠢᠯ ᠢ ᠠᠷᠪᠢᠨ ᠢᠳᠡᠪᠡᠯ ᠢᠳᠡᠰᠢᠨ ᠤ ᠰᠢᠷᠭᠡᠭᠯᠢᠭ ᠢ ᠰᠢᠩᠭᠡᠭᠡᠬᠦ ᠬᠡᠮᠵᠢᠶ᠎ᠠ ᠶᠢ ᠨᠡᠮᠡᠭᠳᠡᠭᠦᠯᠵᠦ᠂ ᠪᠦᠬᠦ᠋ᠢᠯᠡ ᠴᠤᠭᠴᠠ ᠶᠢᠨ ᠰᠢᠩᠭᠡᠭᠡᠯᠳᠡ ᠶᠢᠨ ᠴᠢᠳᠠᠪᠤᠷᠢ ᠶᠢ ᠰᠠᠶᠢᠵᠢᠷᠠᠭᠤᠯᠬᠤ ᠳᠤ ᠠᠰᠢᠭᠳᠠᠢ᠂ ᠬᠤᠷᠭᠤᠰᠤᠯᠠᠬᠤ ᠶᠢ ᠨᠠᠮᠳᠠᠭᠠᠨ᠎ᠠ᠃ ᠦᠮᠡᠨ ᠤᠯᠬᠤ ᠲᠦᠭᠰᠢᠭᠦᠷᠢ ᠶᠢ ᠪᠠᠭᠠᠰᠬᠠᠨ᠎ᠠ᠃ 2002 ᠤᠨ ᠳᠤ ᠠᠮᠧᠷᠢᠺᠠ ᠶᠢᠨ ᠨᠢᠭᠡᠨ ᠶᠡᠭᠡ ᠰᠤᠷᠭᠠᠭᠤᠯᠢ ᠶᠢᠨ ᠰᠤᠳᠤᠯᠭᠠᠳᠠᠳ 7 ᠲᠦᠮᠡᠨ ᠰᠠᠶᠤᠤ ᠾᠧᠷᠢᠰᠲ᠋ᠤᠰ ᠤᠨ ᠱᠠᠰᠢᠨᠳᠠᠨ ᠳᠤ 10 ᠵᠢᠯ ᠤᠨ ᠬᠤᠭᠤᠴᠠᠭ᠎ᠠ ᠲᠠᠢ ᠮᠦᠷᠳᠡᠨ ᠪᠠᠶᠢᠴᠠᠭᠠᠯᠳᠠ ᠬᠢᠵᠡᠢ᠃ ᠪᠠᠶᠢᠴᠠᠭᠠᠯᠳᠠ ᠶᠢᠨ ᠳ᠋ᠦᠩ ᠳᠤ᠂ ᠬᠠᠷᠠᠰᠤ ᠢᠳᠡᠬᠦ ᠨᠢ ᠪᠤᠢ ᠪᠦᠬᠦᠢ ᠦᠮᠡᠨ ᠳᠤ ᠨᠡᠷᠪᠡᠭᠳᠡᠬᠦ ᠨᠤᠷᠮ᠎ᠠ ᠶᠢ ᠴᠦᠮ ᠪᠠᠭᠠᠰᠬᠠᠬᠤ ᠶᠢ ᠤᠯᠵᠤ ᠮᠡᠳᠡᠵᠡᠢ᠃ ᠠᠷᠠᠰᠤ ᠨᠡᠩ ᠭᠢᠯᠠᠭᠠᠷ ᠪᠤᠯᠤᠨ᠎ᠠ᠃ ᠦᠷᠭᠦᠯᠵᠢ ᠬᠠᠷᠠᠰᠤ ᠢᠳᠡᠬᠦ ᠨᠢ ᠠᠷᠠᠰᠤᠨ ᠳᠤ ᠬᠠᠮᠤᠭ ᠤᠨ ᠠᠰᠢᠭᠳᠠᠢ ᠢᠳᠡᠭᠡᠨ ᠤᠮᠳᠠᠭᠠᠨ ᠤ ᠠᠷᠭ᠎ᠠ ᠪᠤᠯᠤᠨ᠎ᠠ᠃ ᠦᠷᠭᠦᠯᠵᠢ ᠰᠢᠨ᠎ᠠ ᠰᠤᠷᠭᠤᠭ ᠵᠢᠮᠢᠰ ᠨᠤᠭᠤᠭ᠎ᠠ ᠪᠤᠯᠤᠨ ᠪᠦᠳᠦᠭᠦᠯᠢᠭ ᠠᠮᠤ ᠢᠳᠡᠬᠦ ᠨᠢ ᠢᠰᠦᠯᠳᠦᠭᠦᠯᠦᠭᠴᠢ ᠶᠢᠨ ᠤᠷᠤᠭᠤᠯᠤᠯᠳᠠ ᠶᠢᠨ ᠬᠡᠮᠵᠢᠶ᠎ᠠ ᠶᠢ ᠬᠢᠵᠠᠭᠠᠷᠯᠠᠵᠤ᠂ ᠢᠰᠦᠯᠳᠦᠭᠦᠯᠦᠭᠴᠢ ᠶᠢ ᠡᠰᠡᠷᠭᠦᠴᠡᠭᠴᠢ ᠨᠢ ᠠᠷᠠᠰᠤᠨ ᠤ ᠠᠳᠤᠷᠢᠶ᠎ᠠ᠂ ᠬᠦᠷᠡᠩ ᠲᠤᠯᠪᠤ ᠪᠤᠯᠤᠨ ᠪᠤᠰᠤᠳ ᠦᠳᠡᠯᠦᠭᠦᠯᠬᠦ ᠰᠢᠨᠵᠢ ᠲᠡᠮᠳᠡᠭ ᠪᠦᠬᠦᠢ ᠵᠦᠢᠯᠡᠰ ᠢ ᠬᠢᠵᠠᠭᠠᠷᠯᠠᠵᠤ ᠲᠡᠶᠢᠯᠦᠨ᠎ᠠ᠃ ᠪᠡᠶ᠎ᠠ ᠶᠢᠨ ᠦᠨᠦᠷ ᠢ ᠨᠡᠩ ᠰᠠᠶᠢᠬᠠᠨ ᠪᠤᠯᠭᠠᠨ᠎ᠠ᠃ ︽ᠬᠢᠮᠢ ᠶᠢᠨ ᠰᠡᠷᠡᠯ ᠤᠨ ᠡᠷᠭᠡᠳᠡᠨ ᠰᠡᠳᠭᠦᠯ︾᠎ ᠤᠨ ᠨᠢᠭᠡᠨ ᠰᠤᠳᠤᠯᠭᠠᠨ ᠳᠤ ᠬᠠᠷᠠᠭᠤᠯᠤᠭᠰᠠᠨ ᠢᠶᠠᠷ᠂ ᠬᠠᠷᠠᠰᠤ ᠢᠳᠡᠬᠦ ᠨᠢ ᠤᠨᠳᠤᠤ ᠬᠦᠢᠰᠦᠳᠡᠨ ᠳᠤ ᠴᠢᠨᠦ ᠪᠡᠶ᠎ᠠ ᠶᠢᠨ ᠦᠨᠦᠷ ᠴᠢᠨᠢ ᠨᠡᠩ ᠰᠠᠶᠢᠬᠠᠨ᠂ ᠨᠡᠩ ᠲᠠᠳᠠᠬᠤ ᠬᠦᠴᠦᠨ ᠲᠠᠢ᠂ ᠬᠦᠮᠦᠰ ᠢ ᠨᠡᠩ ᠪᠠᠶᠠᠷ ᠵᠢᠷᠭᠠᠯᠳᠠᠢ ᠪᠤᠯᠭᠠᠬᠤ ᠲᠦᠷᠦᠭᠳᠡᠯ ᠤᠯᠭᠤᠳᠠᠭ᠃ ᠦᠪᠡᠷ ᠢᠶᠠᠨ ᠨᠡᠩ ᠵᠢᠷᠭᠠᠯᠳᠠᠢ ᠰᠠᠨᠠᠭᠳᠠᠳᠠᠭ᠃ ᠠᠩᠭᠡᠯᠢ ᠶᠢᠨ ᠨᠢᠭᠡᠨ ᠶᠡᠭᠡ ᠰᠤᠷᠭᠠᠭᠤᠯᠢ ᠶᠢᠨ ᠬᠢᠨ ᠲᠤᠰ ᠤᠯᠤᠰ ᠤᠨ ᠢᠶᠠᠨ 8 ᠲᠦᠮᠡᠨ ᠬᠦᠮᠦᠨ ᠤ ᠢᠳᠡᠭᠡᠨ ᠤᠮᠳᠠᠭᠠᠨ ᠤ ᠲᠠᠳᠬᠠᠯ ᠳᠤ ᠪᠠᠶᠢᠴᠠᠭᠠᠯᠳᠠ ᠬᠢᠭᠡᠳ᠂ ᠡᠳᠦᠷ ᠪᠤᠯᠭᠠᠨ 7 ᠬᠤᠪᠢ ᠵᠢᠮᠢᠰ ᠨᠤᠭᠤᠭ᠎ᠠ ᠢᠳᠡᠳᠡᠭ ᠬᠦᠮᠦᠨ ᠤ ᠪᠠᠶᠠᠷ ᠵᠢᠷᠭᠠᠯᠳᠤ ᠰᠡᠳᠭᠢᠯᠭᠡ ᠨᠢ ᠨᠡᠩ ᠦᠨᠳᠦᠷ᠂ ᠭᠡᠬᠦ ᠳᠤ ᠡᠩ ᠤᠨ ᠬᠦᠮᠦᠨ ᠤ ᠢᠳᠡᠵᠦ ᠪᠤᠢ ᠵᠢᠮᠢᠰ ᠨᠤᠭᠤᠭ᠎ᠠ ᠨᠢ ᠡᠳᠦᠷ ᠲᠤ 3 ᠬᠤᠪᠢ ᠴᠦ ᠬᠦᠷᠬᠦ ᠦᠭᠡᠢ᠃ ᠪᠡᠶ᠎ᠠ ᠮᠠᠬᠠᠪᠤᠳ ᠤᠨ ᠡᠨᠧᠷᠬᠢ ᠶᠢᠨ ᠲᠦᠪᠰᠢᠨ ᠲᠡᠭᠡᠭᠰᠢᠯᠡᠳᠡᠭ᠃ ᠦᠷᠭᠡᠰᠦᠳᠦ ᠨᠤᠭᠤᠭ᠎ᠠ ᠪᠤᠯᠤᠨ ᠪᠤᠷᠴᠠᠭ ᠤᠨ ᠵᠦᠢᠯ ᠵᠡᠷᠭᠡ ᠢᠳᠡᠰᠢᠨ ᠤ ᠠᠽᠤᠲ ᠬᠦᠴᠢᠯ ᠤᠨ ᠲᠠᠪᠤᠰᠤ ᠡᠯᠪᠡᠭ ᠠᠭᠤᠯᠤᠭᠰᠠᠨ ᠢᠳᠡᠭᠡᠨ ᠨᠢ ᠬᠦᠮᠦᠰ ᠢ ᠴᠤᠭ ᠵᠢᠪᠬᠤᠭ᠎ᠠ ᠲᠡᠭᠦᠯᠳᠡᠷ ᠪᠤᠯᠭᠠᠳᠠᠭ᠃ ᠠᠽᠤᠲ ᠬᠦᠴᠢᠯ ᠤᠨ ᠲᠠᠪᠤᠰᠤ ᠨᠢ ᠴᠢᠰᠤᠨ ᠰᠤᠳᠠᠯ ᠤᠨ ᠡᠷᠡᠭᠦᠯ ᠮᠡᠨᠳᠦ ᠳᠤ ᠲᠤᠰᠠᠳᠠᠢ᠂ ᠲᠡᠷᠡ ᠨᠢ ᠴᠢᠰᠤᠨ ᠰᠤᠳᠠᠯ ᠢ ᠲᠡᠯᠡᠵᠦ᠂ ᠴᠢᠰᠤᠨ ᠲᠠᠷᠤᠯᠳᠠ ᠶᠢ ᠲᠤᠷᠤᠭᠰᠢᠯᠠᠭᠤᠯᠤᠨ᠂ ᠬᠦᠳᠡᠯᠭᠡᠭᠡᠨ ᠤ ᠴᠢᠳᠠᠪᠤᠷᠢ ᠶᠢ ᠲᠡᠭᠡᠭᠰᠢᠯᠡᠭᠦᠯᠳᠡᠭ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号