ᠮᠠᠯᠴᠢᠨ ᠠᠵᠤ ᠠᠬᠤᠶᠢᠯᠠᠯᠳᠠᠨ ᠤᠯᠠᠭᠠᠨᠬᠦᠦ ᠮᠠᠩᠬᠠᠨ ᠨᠤᠳᠤᠭ ᠢᠶᠠᠨ ᠤᠶᠢᠵᠢᠭᠤᠯᠵᠤ ᠶᠠᠭᠠᠷᠠᠨ᠎ᠠ
ᠨᠡᠶᠢᠲᠡᠯᠡᠭᠰᠡᠨ ᠴᠠᠭ᠄
2020/12/22
                  ᠠᠯᠠᠱᠠ ᠵᠡᠬᠦᠨ ᠬᠤᠰᠢᠭᠤᠨ ᠤ ᠡᠷᠬᠡᠬᠠᠰᠢᠬ᠎ᠠ ᠰᠤᠮᠤᠨ ᠤ ᠮᠠᠯᠴᠢᠨ ᠤᠯᠠᠭᠠᠨᠬᠦᠦ ︽ᠠᠯᠠᠱᠠ ᠵᠡᠬᠦᠨ ᠬᠤᠰᠢᠭᠤᠨ ᠤ ᠮᠠᠩᠬᠠᠨ ᠪᠦᠷᠢᠳᠦ ᠳᠠᠷᠢᠶᠠᠴᠢᠨ ᠤ ᠳᠤᠰᠬᠠᠢ ᠠᠵᠢᠯ ᠤᠨ ᠬᠤᠷᠰᠢᠶᠠᠵᠢᠯ︾᠎ ᠢ ᠪᠠᠶᠢᠭᠤᠯᠵᠤ᠂ ᠨᠤᠳᠤᠭ ᠎ ᠤᠨ ᠮᠠᠯᠴᠢᠨ ᠤ ᠡᠯᠡᠰᠦᠷᠬᠡᠭ ᠪᠡᠯᠴᠢᠬᠡᠷ ᠢ ᠳᠦᠷᠢᠶᠡᠰᠦᠯᠠᠨ ᠭᠤᠷᠪᠠᠨ ᠵᠢᠯ ᠳᠤ 7 ᠳᠦᠮᠡᠨ ᠮᠤ᠋ ᠳᠠᠯᠠᠨ ᠬᠠᠯᠢᠰᠦ ᠳᠠᠷᠢᠭᠠᠳ ᠮᠠᠯᠴᠢᠳ ᠪᠠ ᠬᠤᠪᠢ ᠶᠢᠨ ᠤᠷᠤᠯᠭ᠎ᠠ ᠪᠠᠨ ᠨᠡᠮᠡᠭᠳᠡᠬᠦᠯᠵᠦ᠂ ᠠᠶᠢᠯ ᠠᠶᠢᠮᠠᠭ ᠤᠨ ᠬᠢᠨ ᠳᠡᠭᠡᠨ ︽ᠨᠤᠳᠤᠭ ᠢᠶᠠᠨ ᠤᠶᠢᠵᠢᠭᠤᠯᠤᠭᠰᠠᠨ ᠨᠤᠭᠤᠭᠠᠨ ᠬᠦᠦ︾ ᠬᠡᠵᠦ ᠮᠠᠭᠳᠠᠭᠳᠠᠵᠦ ᠪᠠᠶᠢᠨ᠎ᠠ᠃
    ᠤᠯᠠᠭᠠᠭᠬᠦᠦ ᠡᠷᠬᠡᠬᠠᠰᠢᠬ᠎ᠠ ᠰᠤᠮᠤᠨ ᠤ ᠤᠷᠳᠦᠬᠦ᠋ᠯ ᠭᠠᠴᠠᠭᠠᠨ ᠤ ᠤᠤᠭᠠᠯ᠃ 1993 ᠤᠨ ᠳᠤ ᠠᠯᠠᠱᠠ ᠵᠡᠬᠦᠨ ᠬᠤᠰᠢᠭᠤᠨ ᠤ ᠬᠤᠶᠠᠳᠤᠭᠠᠷ ᠳᠤᠮᠳᠠᠳᠤ ᠰᠤᠷᠭᠠᠭᠤᠯᠢ ᠶᠢᠨ ᠳᠡᠭᠡᠳᠦ ᠬᠤᠶᠠᠷ ᠤᠨ ᠳᠤ ᠰᠤᠷᠤᠯᠴᠠᠵᠦ ᠪᠠᠶᠢᠭᠠᠳ ᠰᠤᠷᠤᠯᠭ᠎ᠠ ᠪᠠᠨ ᠳᠤᠷᠭᠤᠨ ᠵᠤᠭᠰᠤᠭᠠᠵᠦ᠂ ᠪᠡᠬᠡᠵᠢᠩ ᠳᠤ ᠤᠴᠢᠵᠦ ᠠᠵᠢᠯ ᠬᠢᠵᠡᠢ᠃ ᠳᠡᠷᠡ ᠪᠡᠬᠡᠵᠢᠩ ᠎ ᠳᠤ ᠠᠷᠢᠬᠢᠨ ᠪᠠᠭᠠᠷ ᠵᠡᠷᠬᠡ ᠬᠤᠳᠠᠯᠳᠤᠭᠠᠨ ᠤ ᠭᠠᠵᠠᠷ ᠲᠤ ᠠᠵᠢᠯᠯᠠᠨ᠂ ᠠᠵᠢᠯᠴᠢ ᠪᠤᠷᠤᠭᠵᠢᠭᠤᠨ᠂ ᠦᠨᠡᠨᠴᠢ ᠯᠠᠪᠳᠠᠭᠤᠨ ᠵᠠᠩ ᠢᠶᠠᠷ ᠢᠶᠠᠨ ᠵᠡᠩᠬᠦᠶᠢᠳᠡ ᠳᠠᠭᠠᠨ ᠳᠤᠭᠤᠭᠳᠠᠵᠦ᠂ ᠬᠤᠪᠢᠶᠠᠷᠢ ᠳᠡᠯᠬᠡᠬᠦᠷ ᠢ ᠬᠠᠮᠢᠶᠠᠷᠤᠨ ᠡᠵᠡᠩᠨᠡᠬᠦ ᠪᠤᠯᠤᠭᠰᠠᠨ ᠪᠠᠶᠢᠨ᠎ᠠ᠃ ︽ᠬᠦᠮᠦᠨ ᠤ ᠭᠠᠵᠠᠷ ᠵᠠᠷᠤᠴᠠ ᠪᠤᠯᠬᠤ ᠪᠠᠷ ᠦᠪᠡᠷ ᠨᠤᠳᠤᠭ ᠲᠠᠭᠠᠨ ᠡᠵᠡᠨ ᠰᠠᠭᠤᠶ᠎ᠠ︾ ᠬᠡᠬᠦ ᠪᠤᠳᠤᠯ ᠢᠶᠠᠷ ᠳᠡᠨᠳᠡᠬᠢ ᠦᠨᠳᠦᠷ ᠬᠠᠷᠠᠮᠵᠢ ᠲᠠᠢ ᠠᠵᠢᠯ ᠢᠶᠠᠨ ᠬᠠᠶᠠᠵᠦ 2001 ᠤᠨ ᠳᠤ ᠠᠯᠠᠱᠠ ᠳᠠᠭᠠᠨ ᠪᠤᠴᠠᠵᠦ ᠢᠷᠡᠪᠡ᠃ ᠳᠡᠬᠡᠬᠡᠳ ᠪᠠᠶᠠᠬᠤᠳᠠ ᠳᠤ ᠤᠷᠢᠳ ᠬᠤᠵᠢᠳ ︽ᠦᠨᠦᠳᠦᠷ ᠤᠨ 8 ᠴᠠᠭ︾᠂ ︽ᠰᠠᠢ ᠲᠸᠡᠭ ᠪᠠᠭᠠᠷ︾᠂ ︽ᠳᠠᠷᠬᠠᠨ︾ ᠬᠤᠭᠤᠯᠠᠨ ᠭᠡᠷ ᠡᠷᠬᠢᠯᠡᠵᠡᠢ᠃ ᠬᠦᠭᠵᠢᠭᠰᠡᠨ ᠤᠷᠤᠨ ᠳᠤ ᠤᠯᠠᠨ ᠠᠷᠪᠢᠨ ᠬᠤᠳᠠᠯᠳᠤᠭᠠᠨ ᠤ ᠤᠷ᠎ᠠ ᠮᠡᠷᠬᠡᠵᠢᠯ ᠢ ᠰᠤᠷᠴᠦ ᠡᠵᠡᠮᠰᠢᠭᠰᠡᠨ ᠤ ᠬᠢ ᠪᠢᠵᠠ᠂ ᠠᠷᠢᠬᠢᠨ ᠪᠠᠭᠠᠷ ᠬᠤᠭᠤᠯᠠᠨ ᠬᠡᠷ ᠨᠢ ᠴᠦᠮ ᠬᠦᠭᠵᠢᠶᠡᠨ ᠲᠠᠢ᠂ ᠬᠡᠷᠡᠭᠯᠡᠭᠴᠢᠳ ᠤᠨ ᠳᠠᠭᠠᠰᠢᠶᠠᠯ ᠢ ᠤᠯᠵᠤ ᠨᠡᠷ᠎ᠠ ᠠᠯᠳᠠᠷᠰᠢᠯ ᠨᠢ ᠮᠠᠨᠳᠤᠭᠰᠠᠨ ᠪᠠᠶᠢᠯ᠎ᠠ᠃ ᠳᠡᠷᠡ ᠡᠵᠡᠩᠨᠡᠯᠳᠡ ᠪᠠᠨ ᠳᠠᠰᠤᠷᠠᠯᠳᠠ ᠦᠬᠡᠢ ᠦᠷᠬᠡᠳᠬᠡᠵᠦ᠂ ᠪᠠᠶᠠᠨᠬᠤᠳᠠ ᠶᠢᠨ ᠪᠠᠶᠠᠨᠬᠦ᠋ᠳᠡᠭᠡ ᠳᠤ ︽ᠤᠳᠤᠷ ᠤᠨ ᠵᠤᠭᠤᠭ︾ ᠮᠤᠩᠭᠤᠯ ᠬᠤᠭᠤᠯᠠᠨ ᠬᠡᠷ ᠡᠷᠬᠢᠯᠡᠭᠰᠡᠨ ᠪᠦᠬᠡᠳ 2018 ᠤᠨ ᠳᠤ 120 ᠳᠦᠮᠡᠨ ᠳᠦᠬᠦᠷᠢᠭ ᠤᠨ ᠪᠡᠯᠡ ᠤᠷᠤᠭᠤᠯᠤᠨ ᠡᠷᠬᠡᠬᠠᠰᠢᠬ᠎ᠠ ᠰᠤᠮᠤᠨ ᠳᠠᠭᠠᠨ ︽ᠳ᠋ᠠᠨᠳᠠᠷ︾ ᠪᠠᠭᠤᠳᠠᠯ ᠭᠠᠷᠭᠠᠵᠤ ᠮᠤᠩᠭᠤᠯ ᠬᠤᠭᠤᠯᠠ᠂ ᠵᠤᠴᠢᠳ ᠤᠨ ᠪᠠᠭᠤᠳᠠᠯ ᠢ ᠬᠤᠤᠰᠯᠠᠭᠤᠯᠤᠨ ᠡᠵᠡᠩᠨᠡᠵᠡᠢ᠃
    ᠤᠯᠠᠭᠠᠨᠬᠦᠦ ᠨᠤᠳᠤᠭ ᠲᠠᠭᠠᠨ ᠢᠷᠡᠵᠦ ᠡᠵᠡᠩᠨᠡᠯᠳᠡ ᠬᠢᠬᠦ ᠳᠤᠮᠳᠠ ᠳᠠᠯᠠᠨ ᠬᠠᠯᠢᠰᠦ ᠶᠢ ᠡᠯᠡᠰᠦᠨ ᠳᠤ ᠳᠠᠷᠢᠵᠦ ᠤᠷᠭᠤᠭᠤᠯᠬᠤ ᠳᠤ ᠳᠤᠬᠢᠷᠠᠮᠵᠢᠳᠠᠢ ᠤᠷᠭᠤᠮᠠᠯ ᠪᠤᠯᠬᠤ ᠶᠢ ᠤᠶᠢᠯᠠᠭᠠᠵᠦ ᠮᠡᠳᠡᠵᠡᠢ᠃ ᠳᠡᠷᠡ ᠮᠦᠷᠳᠡᠬᠡᠨ ᠳᠠᠯᠠᠨ ᠬᠠᠯᠢᠰᠦ ᠶᠢ ᠳᠠᠷᠢᠵᠦ ᠤᠷᠭᠤᠭᠤᠯᠪᠠᠯ ᠡᠳᠡᠭᠡᠷᠡᠯᠳᠡ ᠶᠢᠨ ᠨᠤᠷᠮ᠎ᠠ ᠨᠢ ᠪᠠᠷᠢᠮᠵᠢᠶ᠎ᠠ ᠳᠤ ᠬᠦᠷᠦᠭᠰᠡᠨ ᠤᠶᠢᠵᠢᠭᠤᠯᠤᠯᠳᠠ ᠎ ᠳᠤ ᠮᠤ᠋ ᠪᠦᠷᠢ ᠶᠢᠨ 200 ᠳᠦᠬᠦᠷᠢᠭ ᠤᠨ ᠨᠦᠬᠦᠪᠦᠷᠢ ᠤᠯᠭᠤᠬᠤ ᠵᠠᠰᠠᠭ ᠤᠨ ᠤᠷᠳᠤᠨ ᠤ ᠳᠦᠷᠦ ᠶᠢᠨ ᠪᠤᠳᠤᠯᠭ᠎ᠠ ᠲᠠᠢ ᠵᠤᠬᠢᠴᠠᠯᠳᠤᠵᠤ ᠮᠠᠰᠢ ᠰᠠᠶᠢᠬᠠᠨ ᠠᠰᠢᠭ ᠤᠷᠤᠯᠭ᠎ᠠ ᠶᠢᠨ ᠳᠤᠬᠢᠶᠠᠯ ᠪᠤᠯᠬᠤ ᠶᠢ ᠰᠠᠷᠠᠵᠦ ᠮᠡᠳᠡᠭᠰᠡᠨ ᠪᠠᠶᠢᠨ᠎ᠠ᠃ ᠳᠡᠬᠡᠬᠡᠳ ᠤᠯᠠᠭᠠᠨᠬᠦᠦ 2017 ᠤᠨ ᠳᠤ ᠦᠪᠡᠷ ᠤᠨ ᠪᠡᠯᠴᠢᠬᠡᠷ ᠲᠡᠭᠡᠨ 3000 ᠮᠤ᠋ ᠳᠠᠯᠠᠨ ᠬᠠᠯᠢᠰᠦ ᠳᠤᠷᠰᠢᠨ ᠳᠠᠷᠢᠵᠦ᠂ 2018 ᠤᠨ ᠳᠤ ︽ᠠᠯᠠᠱᠠ ᠵᠡᠬᠦᠨ ᠬᠤᠰᠢᠭᠤᠨ ᠤ ᠮᠠᠩᠬᠠᠨ ᠪᠦᠷᠢᠳᠦ ᠳᠠᠷᠢᠶᠠᠴᠢᠨ ᠤ ᠳᠤᠰᠬᠠᠢ ᠠᠵᠢᠯ ᠤᠨ ᠬᠤᠷᠰᠢᠶᠠᠵᠢᠯ︾᠎ ᠢ ᠪᠠᠶᠢᠭᠤᠯᠤᠨ᠂ ᠳᠠᠯᠠᠨ ᠬᠠᠯᠢᠰᠦ ᠶᠢ ᠪᠦᠬᠦ ᠰᠤᠮᠤᠨ ᠤ ᠬᠡᠪᠴᠢᠶᠡᠨ ᠠᠴᠠ ᠭᠠᠵᠠᠷ ᠳᠦᠷᠢᠶᠡᠰᠦᠯᠡᠨ ᠳᠠᠷᠢᠵᠦ ᠡᠬᠢᠯᠡᠵᠡᠢ᠃
    ︽ᠠᠯᠠᠱᠠ ᠵᠡᠬᠦᠨ ᠬᠤᠰᠢᠭᠤᠨ ᠤ ᠮᠠᠩᠬᠠᠨ ᠪᠦᠷᠢᠳᠦ ᠳᠠᠷᠢᠶᠠᠴᠢᠨ ᠤ ᠳᠤᠰᠬᠠᠢ ᠠᠵᠢᠯ ᠤᠨ ᠬᠤᠷᠰᠢᠶᠠᠵᠢᠯ︾ ᠎ ᠨᠢ ᠤᠯᠠᠭᠠᠨᠬᠦᠦ ᠠᠴᠠ ᠭᠠᠳᠠᠨ᠎ᠠ ᠨᠤᠳᠤᠭ ᠤᠨ 5 ᠡᠷᠦᠬᠡ ᠮᠠᠯᠴᠢᠨ ᠬᠡᠰᠢᠬᠦᠨ ᠲᠠᠢ᠃ ᠪᠦᠷ ᠶᠠᠳᠠᠭᠤ ᠬᠦᠴᠢᠷᠲᠡᠯᠲᠡᠢ ᠡᠷᠦᠬᠡ ᠪᠠᠶᠢᠪᠠ᠃ ᠤᠯᠠᠭᠠᠨᠬᠦᠦ ᠬᠤᠷᠰᠢᠶᠠᠵᠢᠯ ᠤᠨ ᠵᠤᠭᠤᠰ ᠮᠦᠩᠬᠦᠨ ᠤ ᠢᠷᠡᠯᠳᠡ᠂ ᠳᠦᠷᠦᠯ ᠵᠦᠢᠯ ᠢ ᠤᠯᠬᠤ᠂ ᠬᠠᠮᠢᠶᠠᠷᠤᠯᠳᠠ ᠬᠢᠬᠦ᠂ ᠮᠡᠷᠬᠡᠵᠢᠯ ᠬᠠᠩᠭᠠᠬᠤ᠂ ᠬᠠᠷᠢᠴᠠᠬᠤ ᠵᠡᠷᠬᠡ ᠪᠦᠬᠦ ᠳᠠᠯ᠎ᠠ ᠶᠢᠨ ᠠᠵᠢᠯ ᠢ ᠬᠠᠷᠢᠭᠤᠴᠠᠨ ᠬᠢᠳᠡᠭ ᠠᠵᠢ᠃ ᠳᠡᠷᠡ᠄ ︽ᠳᠠᠯᠠᠨ ᠬᠠᠯᠢᠰᠦ ᠶᠢ ᠵᠢᠯ ᠪᠤᠯᠭᠠᠨ 2—3 ᠳᠦᠮᠡᠨ ᠮᠤ᠋ ᠳᠠᠷᠢᠵᠦ ᠪᠤᠢ᠃ ᠡᠬᠢᠨ ᠤ ᠨᠢᠬᠡ ᠬᠤᠶᠠᠷ ᠵᠢᠯ ᠵᠠᠷᠤᠯᠭ᠎ᠠ ᠶᠡᠭᠡ᠂ ᠭᠤᠷᠪᠠᠳᠤᠭᠠᠷ ᠵᠢᠯ ᠳᠤᠨᠢ ᠤᠷᠤᠯᠭ᠎ᠠ ᠰᠠᠶᠢᠳᠠᠢ ᠪᠤᠯᠳᠠᠭ᠃ ᠭᠤᠤᠯᠳᠠᠭᠤ ᠬᠠᠪᠤᠷ ᠨᠠᠮᠤᠷ ᠲᠤᠨᠢ ᠳᠤᠰ ᠪᠦᠷᠢ ᠨᠢᠬᠡ ᠰᠠᠷ᠎ᠠ ᠶᠢᠨ ᠬᠤᠭᠤᠴᠠᠭ᠎ᠠ ᠲᠠᠢ ᠳᠠᠷᠢᠨ᠎ᠠ᠃ ᠦᠷ᠎ᠠ ᠪᠠᠷ ᠳᠠᠷᠢᠬᠤ ᠪᠤᠶᠤ ᠴᠢᠬᠢ ᠮᠤᠳᠤ ᠪᠠᠷ ᠳᠠᠷᠢᠬᠤ ᠬᠡᠵᠦ ᠬᠤᠶᠠᠷ ᠵᠦᠢᠯ ᠤᠨ ᠠᠷᠭ᠎ᠠ ᠪᠤᠢ᠃ ᠦᠷ᠎ᠠ ᠪᠠᠷ ᠳᠠᠷᠢᠬᠤ ᠳᠤ ᠪᠤᠷᠤᠭᠠᠨ ᠲᠠᠢ ᠵᠢᠯ ᠪᠤᠯ ᠤᠷᠭᠤᠴᠠ ᠰᠠᠶᠢᠨ᠂ ᠭᠠᠨᠭ᠌ ᠲᠠᠢ ᠪᠤᠯ ᠤᠷᠭᠤᠴᠠ ᠮᠠᠭᠤ ᠪᠠᠶᠢᠳᠠᠭ᠃ ᠪᠢᠳᠠ ᠴᠢᠬᠢ ᠮᠤᠳᠤ ᠪᠠᠷ ᠳᠠᠷᠢᠬᠤ ᠶᠢ ᠭᠤᠤᠯᠳᠠᠭᠤᠯᠳᠠᠭ᠃ ᠴᠢᠬᠢ ᠮᠤᠳᠤ ᠪᠠᠨ ᠭᠠᠨᠰᠦ ᠠᠴᠠ ᠤᠷᠤᠭᠤᠯᠵᠤ ᠪᠤᠢ᠃ ᠮᠤᠳᠤ ᠳᠠᠷᠢᠬᠤ ᠳᠤ ᠬᠦᠮᠦᠨ ᠬᠦᠯᠦᠰᠦᠯᠡᠨ᠎ᠠ᠃ ᠨᠢᠬᠡ ᠨᠦᠬᠡ ᠮᠠᠯᠳᠠᠬᠤ ᠳᠤ 30 ᠮᠦᠩᠬᠦ ᠶᠢᠨ ᠬᠦᠯᠦᠰᠦ ᠦᠭᠳᠡᠭ᠃ ᠳᠠᠷᠢᠭᠰᠠᠨ ᠳᠠᠯᠠᠨ ᠬᠠᠯᠢᠰᠦ ᠪᠠᠨ ᠪᠠᠰᠠ ᠳᠤᠤᠷᠯᠠᠨ ᠬᠦᠮᠦᠨ ᠬᠦᠯᠦᠰᠦᠯᠡᠨ ᠬᠠᠷᠠᠭᠤᠯᠳᠠᠭ᠃ ᠡᠶᠢᠮᠦ ᠠᠴᠠ ᠪᠡᠯᠡ ᠤᠷᠤᠭᠤᠯᠤᠯᠳᠠ ᠶᠡᠭᠡ ᠃ ᠤᠢ ᠰᠢᠭᠤᠢ ᠶᠢᠨ ᠰᠠᠯᠠᠭ᠎ᠠ ᠮᠦᠴᠢᠷ ᠤᠨ ᠨᠤᠭᠤᠭᠠᠷᠠᠭᠤᠯᠤᠯᠳᠠ ᠳᠦᠷᠦᠯ ᠵᠦᠢᠯ ᠨᠢ ᠮᠤ᠋ ᠪᠦᠷᠢ ᠳᠡᠭᠡᠨ 200 ᠳᠦᠭᠦᠷᠢᠭ ᠤᠨ ᠨᠦᠬᠦᠪᠦᠷᠢ ᠲᠠᠢ᠂ ᠭᠤᠷᠪᠠᠨ ᠵᠢᠯ ᠳᠤ 4᠄ 3᠄ 3᠎ ᠶᠢᠨ ᠬᠠᠷᠢᠴᠠᠯ ᠢᠶᠠᠷ ᠤᠯᠭᠤᠳᠠᠭ ᠶᠤᠮ᠃ ᠰᠠᠶᠢᠬᠠᠨ ᠳᠠᠷᠢᠵᠦ ᠪᠡᠶᠡᠯᠡᠬᠦᠯᠪᠡᠯ ᠤᠷᠤᠯᠭ᠎ᠠ ᠰᠠᠶᠢᠳᠠᠢ ᠠᠵᠢᠯ᠂ ᠬᠡᠪᠡᠴᠦ ᠨᠦᠬᠦᠵᠦ ᠳᠠᠷᠢᠬᠤ ᠳᠠᠯᠠᠪᠠᠢ ᠶᠡᠭᠡ ᠪᠤᠯ ᠠᠯᠳᠠᠪᠤᠷᠢ ᠴᠦ ᠡᠬᠦᠰᠴᠦ ᠮᠡᠳᠡᠨ᠎ᠠ︾ ᠬᠡᠵᠦ ᠪᠢᠳᠠᠨ ᠳᠤ ᠳᠠᠶᠢᠯᠪᠤᠷᠢᠯᠠᠵᠦ ᠪᠢᠯᠡ᠃
      ᠤᠯᠠᠭᠠᠨᠬᠦᠦ ᠪᠠᠰᠠ᠄ ︽ᠪᠢᠳᠠ ᠮᠠᠯᠴᠢᠳ ᠤᠨ ᠭᠠᠵᠠᠷ ᠢ ᠮᠤ᠋ ᠪᠦᠷᠢ ᠳᠤ 10 ᠳᠦᠬᠦᠷᠢᠭ ᠢᠶᠠᠷ ᠳᠦᠷᠢᠶᠡᠰᠦᠯᠡᠵᠦ ᠳᠠᠷᠢᠳᠠᠭ᠃ ᠤᠶᠢᠷ᠎ᠠ ᠶᠢᠨ ᠬᠡᠳᠦᠨ ᠵᠢᠯ ᠳᠤ 7 ᠲᠦᠮᠡᠨ ᠮᠤ᠋ ᠭᠠᠵᠠᠷ ᠢ ᠳᠦᠷᠢᠶᠡᠯᠡᠵᠦ ᠳᠠᠷᠢᠭᠰᠠᠨ ᠃ ᠳᠠᠷᠤᠢ ᠮᠠᠯᠴᠢᠳ ᠲᠤ 70 ᠳᠦᠮᠡᠨ ᠳᠦᠬᠦᠷᠢᠭ ᠤᠨ ᠤᠷᠤᠯᠭ᠎ᠠ ᠨᠡᠮᠡᠭᠳᠡᠬᠦᠯᠦᠭᠰᠡᠨ ᠪᠠᠶᠢᠨ᠎ᠠ᠃ ᠮᠠᠯᠴᠢᠳ ᠤᠨ ᠪᠡᠯᠴᠢᠬᠡᠷ ᠨᠤᠭᠤᠭᠠᠷᠠᠵᠦ ᠤᠷᠴᠢᠨ ᠠᠬᠤᠢ ᠰᠠᠶᠢᠵᠢᠷᠠᠭᠰᠠᠨ ᠮᠦᠷᠳᠡᠬᠡᠨ ᠳᠠᠯᠠᠨ ᠬᠠᠯᠢᠰᠦ ᠶᠢᠨ ᠦᠷ᠎ᠠ ᠶᠢ ᠳᠡᠬᠦᠵᠦ ᠬᠤᠳᠠᠯᠳᠤᠭᠠᠳ ᠪᠠᠰᠠ ᠳᠠᠬᠢᠨᠳᠠ ᠤᠷᠤᠯᠭ᠎ᠠ ᠪᠠᠨ ᠨᠡᠮᠡᠭᠳᠡᠬᠦᠯᠵᠦ ᠪᠠᠶᠢᠨ᠎ᠠ᠃ ᠮᠠᠨ ᠤ ᠬᠤᠷᠰᠢᠶᠠᠵᠢᠯ ᠤᠨ ᠪᠤᠰᠤᠳ ᠳᠠᠪᠤᠨ ᠡᠷᠦᠬᠡ ᠴᠦ ᠳᠠᠯᠠᠨ ᠬᠠᠯᠢᠰᠦ ᠬᠠᠮᠵᠢᠵᠦ ᠳᠠᠷᠢᠬᠤ᠂ ᠬᠠᠷᠠᠵᠦ ᠪᠤᠯᠭᠤᠭᠠᠬᠤ᠂ ᠠᠵᠢᠯᠴᠢᠨ ᠢ ᠳᠤᠬᠢᠷᠠᠭᠤᠯᠬᠤ᠂ ᠬᠤᠭᠤᠯᠠ ᠬᠦᠨᠡᠰᠦ ᠶᠢ ᠪᠡᠯᠡᠳᠬᠡᠬᠦ ᠮᠡᠳᠦ ᠶᠢᠨ ᠠᠵᠢᠯ ᠢ ᠬᠢᠵᠦ ᠳᠦᠷᠦᠯ ᠵᠦᠢᠯ ᠠᠴᠠ ᠤᠷᠤᠯᠭ᠎ᠠ ᠤᠯᠵᠤ᠂ ᠪᠦᠬᠦᠳᠡ ᠪᠠᠷ ᠶᠠᠳᠠᠭᠤ ᠠᠴᠠ ᠠᠩᠬᠢᠵᠢᠷᠠᠵᠦ ᠴᠢᠳᠠᠭᠰᠠᠨ ᠪᠠᠶᠢᠨ᠎ᠠ︾ ᠭᠡᠰᠡᠨ ᠪᠠᠶᠢᠨ᠎ᠠ᠃      ᠡᠷᠬᠡᠬᠠᠰᠢᠬ᠎ᠠ ᠰᠤᠮᠤᠨ ᠤ ᠤᠷᠳᠤᠬᠦ᠋ᠯ ᠭᠠᠴᠠᠭᠠᠨ ᠤ ᠨᠠᠮ ᠤᠨ ᠡᠬᠦᠷ ᠤᠨ ᠱᠦᠵᠢ᠂ ᠭᠠᠴᠠᠭᠠᠨ ᠳᠠᠷᠤᠭ᠎ᠠ ᠪᠦᠬᠡᠪᠡᠶᠠᠷ ᠭᠤᠸᠠᠢ᠄ ︽ᠤᠯᠠᠭᠠᠨᠬᠦᠦ ᠮᠠᠨ ᠤ ᠭᠠᠴᠠᠭᠠᠨ ᠠᠴᠠ ᠭᠠᠷᠤᠭᠰᠠᠨ ᠵᠠᠯᠠᠭᠤ ᠠᠵᠤ ᠠᠬᠤᠶᠢᠯᠠᠯᠳᠠᠨ᠂ ᠦᠪᠡᠷ ᠎ ᠤᠨ ᠬᠦᠴᠦ ᠪᠠᠷ ᠳᠡᠭᠵᠢᠷᠡᠭᠰᠡᠨ ᠦᠢᠯᠡᠰ  ᠪᠦᠳᠦᠭᠡᠭᠴᠢ ᠪᠦᠭᠡᠳ ᠮᠠᠯᠴᠢᠳ ᠢᠶᠠᠨ ᠪᠠᠶᠠᠵᠢᠯ ᠢᠶᠠᠨ ᠵᠠᠮ ᠢᠶᠠᠷ ᠳᠠᠭᠠᠭᠤᠯᠤᠭᠴᠢ ᠪᠠᠶᠢᠭ᠎ᠠ ᠶᠤᠮ᠃ ᠳᠡᠬᠦᠨ ᠤ ᠦᠢᠯᠡ ᠠᠵᠢᠯᠯᠠᠭ᠎ᠠ ᠨᠢ ᠮᠠᠨ ᠤ ᠵᠠᠯᠠᠭᠤᠴᠤᠳ ᠤᠨ ᠳᠤᠮᠳᠠ ᠶᠡᠬᠡᠬᠡᠨ ᠳᠠᠭᠤᠷᠢᠶᠠᠯ ᠪᠤᠯᠵᠤ ᠪᠠᠶᠢᠨ᠎ᠠ︾ ᠬᠡᠵᠦ ᠮᠠᠭᠳᠠᠵᠦ ᠪᠠᠶᠢᠯ᠎ᠠ᠃      ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号