ᠮᠠᠩᠯᠠᠢ ᠤᠶᠠᠭᠠᠴᠢᠨ ᠲᠦᠮᠡᠨᠨᠠᠰᠤᠨ᠄ 35 ᠵᠢᠯ ᠳᠤ 300 ᠭᠠᠷᠤᠢ ᠠᠯᠳᠠᠷ ᠱᠠᠩᠨᠠᠯ ᠲᠤᠰᠤᠬᠰᠠᠨ ᠬᠠᠰᠢᠷ ᠲᠡᠮᠡᠭᠡᠴᠢᠨ
ᠨᠡᠶᠢᠲᠡᠯᠡᠭᠰᠡᠨ ᠴᠠᠭ᠄
2020/12/22
   ᠠᠯᠠᠱᠠ ᠵᠡᠭᠦᠨ ᠬᠤᠰᠢᠭᠤᠨ ᠤ ᠵᠢᠷᠠᠳᠠᠢ ᠪᠠᠯᠭᠠᠰᠤᠨ ᠤ ᠡᠷᠢᠶᠡᠨᠳᠤᠯᠤᠭᠠᠢ ᠭᠠᠴᠠᠭᠠᠨ ᠤ ᠮᠠᠯᠴᠢᠨ ᠲᠦᠮᠡᠨᠨᠠᠰᠤᠨ 9 ᠨᠠᠰᠤᠳᠠᠢ ᠠᠴᠠ ᠪᠠᠨ ᠲᠡᠮᠡᠭᠡ ᠬᠠᠷᠢᠭᠤᠯᠵᠤ᠂ 1985 ᠤᠨ ᠳᠤ ᠪᠤᠯᠤᠭᠰᠠᠨ ᠪᠠᠶᠠᠨᠨᠢᠷᠤᠭᠤᠨ ᠰᠤᠮᠤᠨ ᠤ ᠮᠠᠯᠴᠢᠳ ᠤᠨ ᠲᠡᠮᠡᠭᠡᠨ ᠰᠤᠶᠤᠯ ᠤᠨ ᠨᠠᠭᠠᠳᠤᠮ ᠳᠤ ᠠᠩᠬ᠎ᠠ ᠤᠳᠠᠭ᠎ᠠ ᠤᠷᠤᠯᠴᠠᠵᠤ᠂ ᠨᠢᠭᠡ ᠲᠤᠬᠤᠮ ᠨᠢᠭᠡ ᠲᠠᠩᠽᠢ ᠪᠠᠷ ᠱᠠᠩᠨᠠᠭᠤᠯᠤᠬᠰᠠᠨ ᠠᠴᠠ ᠤᠳᠤ ᠪᠤᠯᠳᠠᠯ᠎ᠠ 35 ᠵᠢᠯ ᠤᠨ ᠬᠤᠭᠤᠴᠠᠭᠠᠨ ᠳᠤ ᠬᠤᠷᠢᠭᠠᠳ ᠤᠷᠤᠯᠳᠤᠭᠠᠨ ᠤ ᠠᠳᠠ ᠤᠶᠠᠵᠤ᠂ 300 ᠭᠠᠷᠤᠢ ᠢᠷᠠᠭᠤ ᠠᠯᠳᠠᠷ ᠲᠤᠰᠤᠬᠰᠠᠨ ᠦᠪᠡᠷᠳᠡᠭᠡᠨ ᠵᠠᠰᠠᠬᠤ ᠤᠷᠤᠨ ᠤ ᠲᠡᠰ ᠤᠨ ᠮᠠᠩᠯᠠᠢ ᠤᠶᠠᠭᠠᠴᠢᠨ ᠤ ᠴᠤᠯᠠ ᠬᠦᠷᠳᠡᠵᠤ᠂ ︽ᠲᠡᠮᠡᠭᠡᠳᠦ ᠨᠤᠳᠤᠭ ᠤᠨ ᠲᠦᠮᠡᠨᠨᠠᠰᠤᠨ︾ ᠭᠡᠰᠡᠨ ᠰᠠᠶᠢᠬᠠᠨ ᠬᠦᠨᠳᠦᠳᠭᠡᠯ ᠲᠠᠭᠤᠳᠠᠯᠭ᠎ᠠ ᠪᠠᠷ ᠬᠤᠰᠢᠭᠤ ᠠᠶᠢᠮᠠᠬ᠂ ᠪᠦᠬᠦ ᠤᠷᠤᠨ ᠵᠢᠴᠢ ᠬᠦᠷᠰᠢ ᠵᠡᠷᠭᠡᠯᠡᠳᠡᠭᠡ ᠮᠤᠵᠢ ᠤᠷᠤᠨ ᠤ ᠲᠡᠮᠡᠭᠡᠴᠢᠳ ᠤᠨ ᠲᠤᠮᠳᠠ ᠨᠤᠳᠤᠭ ᠤᠨ ᠨᠡᠷ᠎ᠡ ᠠᠯᠳᠠᠷ ᠢ ᠡᠷᠭᠦᠵᠤ ᠶᠠᠪᠤᠭ᠎ᠠ ᠬᠠᠰᠢᠷ ᠲᠡᠮᠡᠭᠡᠴᠢᠨ ᠪᠤᠯᠤᠬᠰᠠᠨ ᠪᠠᠶᠢᠨ᠎ᠠ᠃
   ᠲᠦᠮᠡᠨᠨᠠᠰᠤᠨ ᠰᠠᠷᠠᠨᠴᠡᠴᠡᠭ ᠤᠨ ᠬᠢᠨ ᠪᠤᠯ ᠤᠳᠤ ᠡᠷᠢᠶᠡᠨᠳᠤᠯᠤᠭᠠᠢ ᠭᠠᠴᠠᠭᠠᠨ ᠤ ᠬᠦᠷᠡᠩ ᠲᠤᠭᠤᠢ ᠭᠡᠬᠦ ᠭᠠᠵᠠᠷ ᠲᠠᠪᠤᠨ ᠬᠤᠰᠢᠭᠤ ᠮᠠᠯ ᠤᠨ ᠲᠠᠩᠰᠤᠬ ᠰᠠᠶᠢᠬᠠᠨ ᠭᠡᠰᠢᠭ ᠪᠤᠶᠠᠨ ᠢ ᠡᠳ᠋ᠯᠡᠵᠤ᠂ ᠨᠤᠳᠤᠭ ᠤᠰᠤᠨ ᠳᠠᠭᠠᠨ ᠬᠠᠰᠢᠷ ᠮᠠᠯᠴᠢᠨ ᠤ ᠠᠯᠳᠠᠷ ᠴᠤᠤᠳᠠᠢ᠂ ᠬᠤᠷᠳᠤᠨ ᠠᠳᠠ ᠤᠶᠠᠵᠤ ᠰᠦᠢᠬᠤ ᠳᠤ ᠮᠡᠷᠭᠡᠰᠢᠭᠰᠡᠨ ᠠᠯᠳᠠᠷᠳᠤ ᠤᠶᠠᠭᠠᠴᠢ᠂ ᠮᠠᠩᠯᠠᠢ ᠤᠶᠠᠭᠠᠴᠢᠨ ᠤ ᠴᠤᠯᠠ ᠲᠠᠭᠤᠳᠠᠭᠤᠯᠤᠬᠰᠠᠨ ᠵᠤᠯ ᠵᠢᠷᠭᠠᠯᠳᠤ ᠠᠶᠢᠯ ᠪᠤᠯᠤᠨ᠎ᠠ᠃ ᠭᠡᠷ ᠤᠨ ᠡᠵᠡᠨ ᠲᠦᠮᠡᠨᠨᠠᠰᠤᠨ 9 ᠨᠠᠰᠤᠳᠠᠢ ᠳᠠᠭᠠᠨ ᠠᠪᠤ ᠡᠵᠢ ᠪᠠᠨ ᠲᠠᠭᠠᠵᠤ ᠲᠡᠮᠡᠭᠡ ᠬᠠᠷᠢᠭᠤᠯᠵᠤ᠂ ᠤᠳᠤ ᠪᠤᠯᠳᠠᠯ᠎ᠠ 51 ᠵᠢᠯ ᠲᠡᠮᠡᠭᠡ ᠮᠠᠯᠵᠢᠬᠰᠠᠨ ᠦᠩᠭᠡᠷᠡᠯᠳᠡ ᠨᠢ ᠲᠡᠭᠦᠨ ᠳᠤ ᠲᠡᠮᠡᠭᠡᠨ ᠤ ᠨᠠᠰᠤ ᠵᠢᠯ᠂ ᠦᠩᠭᠡ ᠵᠢᠰᠦ᠂ ᠠᠯᠬᠤᠳᠠᠯ ᠬᠢᠰᠭᠢᠳᠡᠯ᠂ ᠪᠡᠶ᠎ᠡ ᠪᠢᠯᠳᠡᠷ᠂ ᠠᠷᠠᠴᠢᠯᠠᠭ᠎ᠠ ᠲᠤᠳᠤᠮᠳᠤᠯᠭ᠎ᠠ᠂ ᠡᠳ᠋ᠯᠡᠭᠡ ᠭᠡᠷᠡᠭᠯᠡᠭᠡ᠂ ᠠᠶᠠᠨ ᠵᠢᠩ ᠤᠨ ᠵᠠᠩ ᠦᠢᠯᠡ ᠶᠢ ᠦᠢᠯᠠᠭᠠᠵᠤ ᠮᠡᠳᠡᠬᠦ ᠠᠴᠠ ᠠᠪᠤᠭᠠᠳ ᠬᠤᠵᠢᠮ ᠤᠨ ᠤᠷᠤᠯᠳᠤᠭᠠᠨ ᠤ ᠬᠤᠷᠳᠤᠨ ᠠᠳᠠ ᠶᠢ ᠰᠤᠩᠭᠤᠵᠤ ᠰᠢᠯᠢᠬᠦ᠂ ᠤᠶᠠᠵᠤ ᠰᠦᠢᠬᠤ ᠳᠤ ᠠᠷᠭ᠎ᠠ ᠲᠤᠷᠰᠢᠯᠭ᠎ᠠ ᠬᠤᠷᠠᠮᠳᠤᠭᠤᠯᠵᠤ ᠦᠭᠭᠦᠭᠰᠡᠨ ᠪᠠᠶᠢᠨ᠎ᠠ᠃ 1985 ᠤᠨ ᠤ ᠡᠪᠦᠯ ᠪᠠᠶᠠᠨᠨᠢᠷᠤᠭᠤᠨ ᠰᠤᠮᠤᠨ ᠳᠤ ᠮᠠᠯᠴᠢᠳ ᠤᠨ ᠲᠡᠮᠡᠭᠡᠨ ᠰᠤᠶᠤᠯ ᠤᠨ ᠨᠠᠭᠠᠳᠤᠮ ᠶᠠᠪᠤᠬᠳᠠᠬᠤ ᠰᠠᠶᠢᠬᠠᠨ ᠴᠢᠮᠡᠭᠡ ᠪᠠᠷ ᠲᠦᠮᠡᠨᠨᠠᠰᠤᠨ ᠰᠠᠷᠠᠨᠴᠡᠴᠡᠭ ᠬᠤᠶᠠᠭᠤᠯᠠ ᠬᠤᠶᠠᠷ ᠪᠤᠤᠷ᠎ᠠ ᠬᠥᠲᠥᠯᠵᠦ ᠤᠴᠢᠭᠠᠳ ᠪᠤᠤᠷ᠎ᠠ ᠶᠢᠨ ᠠᠳᠠᠯᠢᠳᠬᠠᠯ ᠳᠤ ᠤᠷᠤᠯᠴᠠᠵᠤ᠂ ᠬᠤᠶᠠᠷ ᠪᠤᠤᠷ᠎ᠠ ᠨᠢ ᠲᠤᠰᠪᠤᠷᠢ ᠨᠢᠭᠡᠳᠦᠭᠡᠷ᠂ ᠬᠤᠶᠠᠳᠤᠭᠠᠷ ᠲᠡᠰ ᠲᠤ ᠤᠷᠤᠵᠤ᠂ ᠨᠢᠭᠡ ᠲᠤᠬᠤᠮ ᠨᠢᠭᠡ ᠲᠠᠩᠽᠢ ᠶᠢᠨ ᠱᠠᠩᠨᠠᠯ ᠬᠦᠷᠳᠡᠵᠤ᠂ ᠨᠠᠭᠠᠳᠤᠮᠴᠢᠨ ᠤᠯᠠᠨ ᠤ ᠪᠠᠭ᠋ᠠᠷᠬᠠᠯ ᠢ ᠲᠠᠳᠠᠵᠤ᠂ ᠲᠡᠭᠦᠨ ᠤ ᠬᠤᠶᠢᠰᠢᠬᠢ ᠨᠠᠭᠠᠳᠤᠮ ᠪᠤᠯᠭᠠᠨ ᠳᠤ ᠨᠡᠷ᠎ᠡ ᠪᠠᠨ ᠲᠠᠭᠤᠳᠠᠭᠤᠯᠬᠤ ᠬᠡᠶᠢᠮᠦᠷᠢ ᠠᠪᠴᠢᠷᠡᠵᠡᠢ᠃
   ︽ᠪᠠᠶᠠᠨᠨᠢᠷᠤᠭᠤᠨ ᠰᠤᠮᠤᠨ ᠤ ᠮᠠᠯᠴᠢᠳ ᠤᠨ ᠲᠡᠮᠡᠭᠡᠨ ᠰᠤᠶᠤᠯ ᠤᠨ ᠨᠠᠭᠠᠳᠤᠮ ᠤᠨ ᠪᠤᠤᠷ᠎ᠠ ᠶᠢᠨ ᠠᠳᠠᠯᠢᠳᠬᠠᠯ ᠳᠤ ᠤᠷᠤᠯᠴᠠᠬᠰᠠᠨ ᠬᠤᠶᠠᠷ ᠪᠤᠤᠷ᠎ᠠ ᠲᠡᠰ ᠲᠤ ᠤᠷᠤᠵᠤ ᠱᠠᠩᠨᠠᠯ ᠲᠤᠰᠤᠬᠰᠠᠨ ᠪᠤᠯᠪᠠᠴᠤ ᠰᠦᠯᠳᠡ ᠬᠡᠶᠢᠮᠦᠷᠢ ᠲᠠᠢ᠂ ᠰᠦᠷ ᠵᠢᠪᠬᠤᠭ᠎ᠠ ᠲᠠᠢ ᠲᠡᠮᠡᠭᠡᠨ ᠤᠷᠤᠯᠳᠤᠭᠠᠨ ᠨᠢ ᠨᠠᠳᠠ ᠳᠤ ᠦᠨᠡᠭᠡᠷ ᠰᠠᠶᠢᠬᠠᠨ ᠬᠠᠷᠠᠬᠳᠠᠬᠰᠠᠨ᠂ ᠲᠡᠭᠡᠭᠡᠳ ᠲᠡᠷᠡ ᠴᠠᠬ ᠠᠴᠠ ᠲᠡᠮᠡᠭᠡ ᠤᠶᠠᠵᠤ ᠤᠷᠤᠯᠳᠤᠭᠠᠨ ᠳᠤ ᠤᠷᠤᠯᠴᠠᠬᠤ ᠪᠤᠳᠤᠯ ᠤᠷᠤᠭᠤᠯᠤᠬᠰᠠᠨ ᠶᠤᠮ︾ ᠭᠡᠵᠤ ᠲᠦᠮᠡᠨᠨᠠᠰᠤᠨ 35 ᠵᠢᠯ ᠤᠨ ᠡᠮᠦᠨᠡᠬᠢ ᠨᠠᠭᠠᠳᠤᠮ ᠳᠤ ᠤᠷᠤᠯᠴᠠᠬᠰᠠᠨ ᠲᠦᠷᠦᠭᠳᠡᠯ ᠢᠶᠠᠨ ᠶᠠᠷᠢᠨ᠎ᠠ᠃ ᠲᠡᠭᠦᠨ ᠠᠴᠠ ᠬᠤᠶᠢᠰᠢ ᠲᠦᠮᠡᠨᠨᠠᠰᠤᠨ ᠰᠦᠷᠦᠭ ᠲᠠᠢ ᠲᠡᠮᠡᠭᠡᠳ ᠠᠴᠠ ᠨᠢᠭᠡ ᠬᠤᠶᠠᠷ ᠠᠳᠠ ᠶᠢ ᠵᠤᠷᠢᠭᠤᠯᠤᠯᠳᠠ ᠲᠠᠢ ᠪᠠᠷ ᠤᠷᠤᠯᠳᠤᠭᠠᠨ ᠤ ᠲᠡᠮᠡᠭᠡ ᠪᠠᠷ ᠰᠤᠩᠭᠤᠨ ᠤᠶᠠᠵᠤ ᠰᠦᠢᠭᠠᠳ ᠬᠠᠮᠢᠭ᠎ᠠ ᠨᠠᠭᠠᠳᠤᠮ ᠤᠨ ᠴᠢᠮᠡᠭᠡ ᠲᠤᠭᠤᠯᠳᠠᠪᠠᠯ ᠵᠠᠪ ᠴᠢᠯᠦᠭᠡ ᠪᠠᠨ ᠦᠵᠡᠵᠤ ᠪᠠᠶᠢᠭᠠᠳ ᠤᠷᠤᠯᠴᠠᠵᠤ᠂ ᠲᠡᠷᠢᠭᠦᠨ ᠲᠡᠳ᠋ ᠤᠨ ᠱᠠᠩᠨᠠᠯ ᠠᠪᠴᠤ ᠴᠢᠳᠠᠬᠤ ᠦᠭᠡᠢ ᠴᠤ ᠡᠮᠦᠨ᠎ᠡ ᠨᠠᠢᠮᠠ ᠳᠤ ᠤᠷᠤᠬᠤ ᠪᠠᠨ ᠪᠠᠳᠤᠯᠠᠬᠰᠠᠭᠠᠷ ᠪᠠᠶᠢᠵᠡᠢ᠃ ᠰᠢᠨ᠎ᠡ ᠵᠠᠭᠤᠨ ᠳᠤ ᠤᠷᠤᠬᠰᠠᠨ ᠠᠴᠠ ᠨᠠᠰᠢ᠂ ᠲᠦᠮᠡᠨᠨᠠᠰᠤᠨ ᠤ ᠨᠠᠭᠠᠳᠤᠮ ᠤᠨ ᠬᠡᠶᠢᠮᠦᠷᠢ ᠲᠡᠭᠳᠡᠵᠤ᠂ ᠤᠶᠠᠬᠰᠠᠨ ᠲᠡᠮᠡᠭᠡᠨ ᠤ ᠰᠦᠢᠯᠠᠯᠭ᠎ᠠ ᠰᠠᠶᠢᠨ ᠪᠤᠯᠤᠨ ᠤᠨᠤᠬᠰᠠᠨ ᠡᠵᠡᠨ ᠤ ᠤᠬᠠᠭᠠᠨ ᠬᠤᠷᠴᠠ ᠬᠤᠤᠰᠯᠠᠵᠤ᠂ ᠭᠠᠴᠠᠭ᠎ᠠ ᠰᠤᠮᠤ᠂ ᠬᠤᠰᠢᠭᠤ ᠠᠶᠢᠮᠠᠬ᠂ ᠤᠷᠤᠨ ᠤᠯᠤᠰ ᠤᠨ ᠶᠡᠭᠡ ᠪᠠᠭ᠎ᠠ ᠨᠠᠶᠢᠷ ᠨᠠᠭᠠᠳᠤᠮ ᠪᠤᠯᠭᠠᠨ ᠳᠤ ᠲᠡᠷᠢᠭᠦᠨ ᠪᠢᠰᠢ ᠪᠤᠯ ᠲᠡᠳ᠋ ᠤᠨ ᠱᠠᠩᠨᠠᠯ ᠲᠤᠰᠴᠤ᠂ ᠤᠷᠤᠯᠳᠤᠭᠠᠨ ᠤ ᠠᠳᠠ᠂ ᠤᠶᠠᠬᠰᠠᠨ ᠡᠵᠡᠨ ᠬᠤᠶᠠᠷ ᠤᠨ ᠨᠡᠷ᠎ᠡ ᠮᠠᠨᠳᠤᠵᠤ᠂ 2011 ᠤᠨ ᠤ 11 ᠰᠠᠷ᠎ᠠ ᠳᠤ ᠠᠯᠠᠱᠠ ᠪᠠᠷᠠᠭᠤᠨ ᠬᠤᠰᠢᠭᠤᠨ ᠤ ᠲᠠᠩᠰᠤᠬᠪᠤᠯᠠᠭ ᠪᠠᠯᠭᠠᠰᠤᠨ ᠳᠤ ᠶᠠᠪᠤᠬᠳᠠᠵᠤ ᠦᠩᠭᠡᠷᠡᠭᠰᠡᠨ ᠲᠦᠮᠡᠨ ᠲᠡᠮᠡᠭᠡᠨ ᠳᠤ ᠨᠠᠭᠠᠳᠤᠮ ᠤᠨ 30 ᠺᠢᠯᠤᠮᠧᠲᠷ ᠤᠨ ᠬᠤᠯᠠ ᠶᠢᠨ ᠲᠡᠮᠡᠭᠡᠨ ᠤ ᠤᠷᠤᠯᠳᠤᠭᠠᠨ ᠳᠤ ᠲᠡᠭᠦᠨ ᠤ ︽ᠲᠦᠷᠪᠡᠯᠵᠢᠨ ᠬᠠᠷ᠎ᠠ︾ ᠠᠳᠠ ᠨᠢ 100 ᠭᠠᠷᠤᠢ ᠲᠡᠮᠡᠭᠡ ᠶᠢ ᠠᠷᠤ ᠳᠠᠭᠠᠨ ᠤᠷᠬᠢᠵᠤ ᠨᠢᠭᠡᠳᠦᠭᠡᠷ ᠲᠤ ᠤᠷᠤᠵᠤ᠂ 555 ᠲᠡᠮᠡᠭᠡᠨ ᠤ ᠬᠢᠨᠢᠰ ᠤᠨ ᠲᠡᠮᠳᠡᠭᠯᠡᠯ ᠢ ᠡᠭᠦᠳᠬᠦ ᠤᠷᠤᠯᠳᠤᠭᠠᠨ ᠳᠤ ᠪᠠᠰᠠ ᠠᠳᠠ ᠨᠢ ᠭᠤᠷᠪᠠᠳᠤᠭᠠᠷ ᠲᠤ ᠤᠷᠤᠵᠤ᠂ ᠡᠷᠢᠶᠡᠨᠳᠤᠯᠤᠭᠠᠢ ᠶᠢᠨ ᠦᠨᠳᠦᠷ ᠪᠡᠶ᠎ᠡ ᠲᠠᠢ ᠲᠦᠮᠡᠨᠨᠠᠰᠤᠨ ᠭᠡᠰᠡᠨ ᠨᠡᠷ᠎ᠡ ᠶᠢ ᠬᠦᠮᠦᠰ ᠮᠠᠰᠢ ᠰᠠᠶᠢᠨ ᠴᠡᠭᠡᠵᠢᠯᠡᠵᠤ ᠠᠪᠴᠡᠢ᠃ ᠭᠤᠴᠢᠨ ᠬᠡᠳᠦᠨ ᠵᠢᠯ ᠤᠨ ᠲᠤᠷᠰᠢ ᠲᠦᠮᠡᠨᠨᠠᠰᠤᠨ ᠬᠤᠷᠢᠭᠠᠳ ᠤᠷᠤᠯᠳᠤᠭᠠᠨ ᠤ ᠠᠳᠠ ᠤᠶᠠᠵᠤ᠂ ᠲᠡᠭᠦᠨ ᠤ ᠲᠤᠳᠤᠷ᠎ᠠ ᠠᠴᠠ ︽ᠲᠦᠷᠪᠡᠯᠵᠢᠨ ᠬᠠᠷ᠎ᠠ︾᠂ ︽ᠵᠤᠨᠤᠩ ᠬᠠᠷ᠎ᠠ︾᠂ ︽ᠡᠯᠢᠭᠡᠨ ᠬᠦᠷᠡᠩ︾ ᠂ ︽ᠪᠤᠰᠢᠭᠤ ᠰᠢᠷ᠎ᠠ︾᠂ ︽ᠮᠤᠬᠤᠷ ᠰᠢᠷ᠎ᠠ︾ ᠵᠡᠷᠭᠡ ᠬᠤᠷᠳᠤᠨ ᠠᠳᠠ ᠤᠳ ᠨᠢ ᠰᠤᠮᠤ ᠭᠠᠴᠠᠭ᠎ᠠ᠂ ᠬᠤᠰᠢᠭᠤ ᠠᠶᠢᠮᠠᠬ ᠠᠴᠠ ᠭᠠᠳᠠᠨ᠎ᠠ ᠬᠦᠯᠦᠨ ᠪᠦᠢᠷ᠂ ᠰᠢᠯᠢ ᠶᠢᠨ ᠭᠤᠤᠯ᠂ ᠪᠠᠶᠠᠨᠨᠠᠭᠤᠷ᠂ ᠤᠷᠳᠤᠰ᠂ ᠪᠤᠭᠤᠳᠤ ᠵᠡᠷᠭᠡ ᠠᠶᠢᠮᠠᠬ ᠬᠤᠳᠠ ᠪᠤᠯᠤᠨ ᠭᠠᠨᠰᠤ ᠮᠤᠵᠢ ᠶᠢᠨ ᠰᠦᠪᠸᠢ ᠰᠢᠶᠡᠨ ᠤ ᠨᠠᠭᠠᠳᠤᠮ ᠤᠨ ᠲᠡᠮᠡᠭᠡᠨ ᠤᠷᠤᠯᠳᠤᠭᠠᠨ ᠳᠤ ᠤᠯᠠᠨᠳᠠ ᠱᠠᠩᠨᠠᠯ ᠬᠦᠷᠳᠡᠵᠤ᠂ ᠠᠷᠠᠳ ᠤᠨ ᠮᠦᠩᠭᠦ᠂ ᠠᠯᠳᠠ ᠮᠦᠩᠭᠦᠨ ᠬᠦᠷᠡᠯ ᠮᠧᠳ᠋ᠯ ᠵᠡᠷᠭᠡ 300 ᠭᠠᠷᠤᠢ ᠱᠠᠩᠨᠠᠯ ᠬᠦᠬᠢᠭᠦᠯᠦᠯ ᠢᠷᠠᠭᠤ ᠠᠯᠳᠠᠷ ᠢᠶᠠᠷ ᠡᠵᠡᠨ ᠢᠶᠠᠨ ᠪᠠᠶᠠᠷᠯᠠᠭᠤᠯᠵᠤ᠂ ᠲᠠᠪᠤᠨ ᠬᠤᠰᠢᠭᠤ ᠮᠠᠯ ᠤᠨ ᠱᠠᠩ ᠲᠦᠴᠢᠭᠡᠳ ᠲᠤᠯᠤᠭᠠᠢ ᠳᠤ ᠬᠦᠷᠦᠭᠰᠡᠨ ᠪᠠᠶᠢᠨ᠎ᠠ᠃ ᠲᠦᠮᠡᠨᠨᠠᠰᠤᠨ ᠦᠪᠡᠷ ᠢᠶᠠᠨ 1999 ᠤᠨ ᠠᠴᠠ ᠪᠦᠬᠦ ᠤᠷᠤᠨ ᠤ ᠲᠦᠷᠪᠡᠳᠦᠭᠡᠷ ᠬᠤᠭᠤᠴᠠᠭᠠᠨ ᠤ ᠴᠦᠭᠡᠨ ᠲᠤᠭᠠᠳᠤ ᠦᠨᠳᠦᠰᠦᠳᠡᠨ ᠤ ᠤᠯᠠᠮᠵᠢᠯᠠᠯᠳᠤ ᠪᠡᠶ᠎ᠡ ᠲᠠᠮᠢᠷ ᠤᠨ ᠴᠤᠬᠯᠠᠭᠠᠨ ᠠᠴᠠ ᠡᠬᠢᠯᠡᠨ ᠠᠯᠠᠱᠠ ᠠᠶᠢᠮᠠᠬ ᠢᠶᠠᠨ ᠲᠦᠯᠦᠭᠡᠯᠡᠨ ᠠᠯᠳᠠᠯ ᠦᠭᠡᠢ ᠤᠷᠤᠯᠴᠠᠵᠤ᠂ 2015 ᠤᠨ ᠳᠤ ᠪᠦᠬᠦ ᠤᠯᠤᠰ ᠤᠨ ᠠᠷᠪᠠᠳᠤᠭᠠᠷ ᠬᠤᠭᠤᠴᠠᠭᠠᠨ ᠤ ᠴᠦᠭᠡᠨ ᠲᠤᠭᠠᠳᠤ ᠦᠨᠳᠦᠰᠦᠳᠡᠨ ᠤ ᠤᠯᠠᠮᠵᠢᠯᠠᠯᠳᠤ ᠪᠡᠶ᠎ᠡ ᠲᠠᠮᠢᠷ ᠤᠨ ᠴᠤᠬᠯᠠᠭᠠᠨ ᠳᠤ ᠦᠪᠦᠷ ᠮᠤᠩᠭᠤᠯ ᠢᠶᠠᠨ ᠲᠦᠯᠦᠭᠡᠯᠡᠨ ᠤᠷᠤᠯᠴᠠᠵᠤ ᠦᠩᠭᠡᠷᠡᠵᠡᠢ᠃ ᠲᠦᠮᠡᠨᠨᠠᠰᠤᠨ ᠤ ᠬᠡᠯᠡᠬᠦ ᠪᠠᠷ᠂ ᠤᠳᠤ ᠪᠤᠯᠳᠠᠯ᠎ᠠ ᠮᠠᠨ ᠤ ᠤᠷᠤᠨ ᠤ 5000 ᠮᠧᠲᠷ ᠤᠨ ᠲᠡᠮᠡᠭᠡᠨ ᠤ ᠳᠤᠭᠤᠷᠢᠭ ᠤᠷᠤᠯᠳᠤᠭᠠᠨ ᠤ ᠬᠠᠮᠤᠭ ᠬᠤᠷᠳᠤᠨ ᠲᠡᠮᠳᠡᠭᠯᠡᠯ ᠨᠢ ᠲᠡᠭᠦᠨ ᠤ ᠨᠡᠷ᠎ᠡ ᠳᠤ ᠲᠡᠮᠳᠡᠭᠯᠡᠵᠤ ᠪᠤᠢ ᠭᠡᠨ᠎ᠡ᠃
    ᠮᠠᠯᠵᠢᠬᠤ ᠰᠤᠶᠤᠯ᠂ ᠲᠡᠷᠡ ᠲᠤᠮᠳᠠ ᠠᠴᠠ ᠲᠡᠮᠡᠭᠡᠨ ᠰᠤᠶᠤᠯ ᠢᠶᠠᠨ ᠦᠪᠯᠡᠨ ᠤᠯᠠᠮᠵᠢᠯᠠᠵᠤ᠂ ᠬᠤᠶᠢᠴᠢ ᠦᠶ᠎ᠡ ᠳᠡᠭᠡᠨ ᠦᠪ ᠪᠤᠯᠭᠠᠨ ᠦᠯᠡᠳᠡᠭᠡᠵᠤ ᠦᠭᠬᠦ ᠭᠡᠰᠡᠨ ᠪᠤᠯ ᠲᠦᠮᠡᠨᠨᠠᠰᠤᠨ ᠰᠠᠷᠠᠨᠴᠡᠴᠡᠭ ᠬᠤᠶᠠᠭᠤᠯᠠ ᠶᠢᠨ ᠪᠠᠷᠢᠮᠳᠠᠯᠠᠭᠠᠳ ᠢᠷᠡᠭᠰᠡᠨ ᠭᠤᠤᠯ ᠰᠠᠨᠠᠭ᠎ᠠ ᠪᠤᠯᠤᠨ᠎ᠠ᠃ 2014 ᠤᠨ ᠳᠤ ᠲᠦᠮᠡᠨᠨᠠᠰᠤᠨ ᠰᠠᠷᠠᠨᠴᠡᠴᠡᠭ ᠬᠤᠶᠠᠭᠤᠯᠠ ᠦᠪᠡᠷ ᠤᠨ ᠦᠰᠴᠦ ᠲᠦᠷᠦᠭᠰᠡᠨ ᠨᠤᠳᠤᠭ ᠪᠤᠯᠬᠤ ᠬᠦᠷᠡᠩ ᠲᠤᠭᠤᠢ ᠳᠠᠭᠠᠨ ᠬᠤᠪᠢ ᠠᠶᠢᠯ ᠤᠨ ᠲᠡᠮᠡᠭᠡᠨ ᠰᠤᠶᠤᠯ ᠤᠨ ᠨᠠᠶᠢᠷ ᠵᠤᠬᠢᠶᠠᠨ ᠪᠠᠶᠢᠭᠤᠯᠵᠤ᠂ ᠦᠪᠡᠷ ᠤᠨ ᠰᠦᠷᠦᠭ ᠲᠠᠢ ᠲᠡᠮᠡᠭᠡ᠂ ᠤᠷᠤᠯᠳᠤᠭᠠᠨ ᠳᠤ ᠢᠷᠡᠭᠰᠡᠨ ᠲᠡᠮᠡᠭᠡ ᠨᠡᠶᠢᠳᠡ 1000 ᠭᠠᠷᠤᠢ ᠴᠤᠬᠯᠠᠷᠠᠵᠤ᠂ ᠠᠯᠠᠱᠠ᠂ ᠪᠠᠶ᠋ᠬᠠᠨᠠᠭᠤᠷ᠂ ᠤᠷᠳᠤᠰ᠂ ᠪᠤᠭᠤᠳᠤ᠂ ᠰᠢᠯᠢ ᠶᠢᠨ ᠭᠤᠤᠯ ᠵᠡᠷᠭᠡ ᠲᠠᠪᠤᠨ ᠠᠶᠢᠮᠠᠬ ᠬᠤᠳᠠ ᠶᠢᠨ ᠤᠶᠠᠭᠠᠴᠢᠨ᠂ ᠬᠡᠶᠢᠴᠢᠨ ᠵᠤᠴᠢᠨ 1000 ᠭᠠᠷᠤᠢ ᠬᠦᠮᠦᠨ ᠴᠤᠬᠯᠠᠷᠠᠵᠤ᠂ 7 ᠺᠢᠯᠤᠮᠧᠲᠷ ᠪᠤᠯᠤᠨ 12 ᠺᠢᠯᠤᠮᠧᠲᠷ ᠤᠨ ᠲᠡᠮᠡᠭᠡᠨ ᠤ ᠤᠷᠤᠯᠳᠤᠭᠠᠨ᠂ ᠲᠡᠮᠡᠭᠡᠨ ᠪᠦᠮᠪᠦᠭᠡ᠂ ᠲᠡᠮᠡᠭᠡᠨ ᠨᠤᠮᠤ ᠬᠠᠷᠪᠤᠭ᠎ᠠ ᠶᠢᠨ ᠤᠷᠤᠯᠳᠤᠭᠠᠨ ᠲᠤᠬᠢᠷᠠᠭᠤᠯᠤᠬᠰᠠᠨ ᠲᠤᠮᠤ ᠨᠠᠶᠢᠷ ᠪᠤᠯᠵᠤ᠂ ᠨᠤᠳᠤᠭ ᠤᠨ ᠮᠠᠯᠴᠢᠨ ᠲᠦᠮᠡᠨ᠂ ᠨᠠᠭᠠᠳᠤᠮᠴᠢᠨ ᠤᠯᠠᠨ ᠢᠶᠠᠨ ᠪᠠᠶᠠᠰᠬᠠᠬᠰᠠᠨ ᠪᠠᠶᠢᠨ᠎ᠠ᠃ 2014 ᠤᠨ ᠳᠤ ᠲᠦᠮᠡᠨᠨᠠᠰᠤᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠪᠤᠳᠠᠰ ᠤᠨ ᠪᠤᠰᠤ ᠰᠤᠶᠤᠯ ᠤᠨ ᠦᠪ ᠤᠨ ᠨᠤᠮᠤ ᠬᠠᠷᠪᠤᠭ᠎ᠠ ᠶᠢᠨ ᠲᠦᠯᠦᠭᠡᠯᠡᠬᠦ ᠴᠢᠨᠠᠷᠳᠠᠢ ᠤᠯᠠᠮᠵᠢᠯᠠᠬᠴᠢ ᠪᠠᠷ ᠨᠡᠷᠡᠶᠢᠳᠦᠭᠳᠡᠵᠤ᠂ 2016 ᠤᠨ ᠳᠤ ᠠᠶᠢᠮᠠᠬ ᠤᠨ ᠲᠡᠰ ᠤᠨ ᠠᠯᠳᠠᠷᠳᠤ ᠤᠶᠠᠭᠠᠴᠢ ᠶᠢᠨ ᠴᠤᠯᠠ ᠬᠦᠷᠳᠡᠵᠤ᠂ 2017 ᠤᠨ ᠤ ᠠᠯᠠᠱᠠ ᠵᠡᠭᠦᠨ ᠬᠤᠰᠢᠭᠤᠨ ᠤ ᠲᠡᠮᠡᠭᠡᠨ ᠰᠤᠶᠤᠯ ᠤᠨ ᠨᠠᠭᠠᠳᠤᠮ ᠢᠶᠠᠷ ᠦᠪᠡᠷᠳᠡᠭᠡᠨ ᠵᠠᠰᠠᠬᠤ ᠤᠷᠤᠨ ᠤ ᠲᠡᠰ ᠤᠨ ᠮᠠᠩᠯᠠᠢ ᠤᠶᠠᠭᠠᠴᠢ ᠪᠠᠷ ᠴᠤᠯᠠᠯᠠᠬᠳᠠᠵᠤ᠂ ᠪᠦᠬᠦ ᠤᠷᠤᠨ ᠤ 9 ᠬᠦᠮᠦᠨ ᠤ ᠨᠢᠭᠡ ᠨᠢ ᠪᠤᠯᠵᠡᠢ᠃ ᠲᠦᠮᠡᠨᠨᠠᠰᠤᠨ ᠬᠡᠯᠡᠬᠦ ᠳᠡᠭᠡᠨ ︽ᠤᠷᠤᠯᠳᠤᠭᠠᠨ ᠤ ᠠᠳᠠ ᠶᠢ ᠰᠤᠩᠭᠤᠬᠤ ᠳᠤ ᠤᠯᠠᠨ ᠵᠦᠢᠯ ᠢ ᠰᠢᠨᠵᠢᠳᠡᠭ᠂ ᠭᠡᠬᠦ ᠳᠡᠭᠡᠨ ᠤᠶᠠᠭᠠᠴᠢᠳ ᠤᠨ ᠰᠤᠩᠭᠤᠯᠳᠠ ᠠᠳᠠᠯᠢ ᠦᠭᠡᠢ ᠪᠠᠶᠢᠳᠠᠭ᠂ ᠬᠤᠯᠠ ᠶᠢᠨ ᠤᠷᠤᠯᠳᠤᠭᠠᠨ ᠤ ᠲᠡᠮᠡᠭᠡ ᠶᠢ ᠰᠦᠢᠬᠤ ᠳᠤ ᠠᠮᠠᠷᠬᠠᠨ᠂ ᠬᠠᠷᠢᠨ ᠲᠤᠭᠤᠷᠢᠬ ᠤᠷᠤᠯᠳᠤᠭᠠᠨ ᠤ ᠲᠡᠮᠡᠭᠡ ᠶᠢ ᠤᠶᠠᠵᠤ ᠰᠦᠢᠬᠤ ᠳᠤ ᠬᠦᠴᠢᠷ ᠲᠤᠯᠠ ᠶᠡᠭᠡ ᠬᠦᠴᠦ ᠵᠠᠷᠤᠴᠠᠭᠤᠯᠵᠤ᠂ ᠨᠠᠷᠢᠯᠢᠭ ᠠᠷᠠᠴᠢᠯᠠᠵᠤ ᠲᠤᠳᠤᠮᠳᠠᠬᠤ ᠬᠡᠷᠡᠭᠳᠡᠢ᠂ ᠤᠳᠤ ᠶᠢᠨ ᠪᠠᠶᠢᠳᠠᠯ ᠳᠤ ᠬᠦᠳᠡᠭᠡ ᠨᠤᠳᠤᠭ ᠲᠤ ᠲᠡᠮᠡᠭᠡ ᠮᠠᠯᠵᠢᠵᠤ ᠪᠠᠶᠢᠭ᠎ᠠ ᠮᠠᠯᠴᠢᠨ ᠤᠯᠠᠨ ᠪᠠᠶᠢᠨ᠎ᠠ᠂ ᠦᠢᠷ᠎ᠠ ᠶᠢᠨ ᠬᠡᠳᠦᠨ ᠵᠢᠯ ᠳᠤ ᠵᠠᠯᠠᠭᠤᠴᠤᠳ ᠬᠦᠳᠡᠭᠡ ᠨᠤᠳᠤᠭ ᠲᠠᠭᠠᠨ ᠬᠠᠷᠢᠬᠤ ᠨᠢ ᠤᠯᠠᠰᠢᠷᠡᠵᠤ᠂ ᠮᠠᠯᠵᠢᠬᠤ ᠰᠤᠶᠤᠯ ᠢᠶᠠᠨ ᠦᠪᠯᠡᠵᠤ ᠪᠠᠶᠢᠬᠤ ᠨᠢ ᠰᠠᠶᠢᠨ ᠬᠠᠨᠳᠤᠰᠢ᠂ ᠭᠡᠪᠡᠴᠦ ᠲᠡᠮᠡᠭᠡ ᠮᠠᠯ ᠢᠶᠠᠨ ᠤᠨᠤᠯᠭ᠎ᠠ ᠡᠳ᠋ᠯᠡᠭᠡ ᠳᠤ ᠬᠡᠷᠡᠭᠯᠡᠬᠦ ᠦᠭᠡᠢ᠂ ᠤᠶᠠᠯᠭ᠎ᠠ ᠰᠦᠢᠯᠠᠯᠭ᠎ᠠ ᠬᠢᠬᠦ ᠠᠴᠠ ᠵᠠᠯᠬᠠᠭᠤᠷᠠᠬᠰᠠᠨ ᠠᠴᠠ ᠲᠡᠮᠡᠭᠡ ᠨᠢ ᠲᠤᠬᠰᠢᠷᠠᠵᠤ᠂ ᠡᠵᠡᠨ ᠨᠢ ᠬᠦᠴᠦᠷᠡᠭᠦ ᠦᠭᠡᠢ ᠪᠤᠯᠵᠡᠢ᠂ ᠬᠠᠮᠤᠭ ᠴᠢᠬᠤᠯᠠ ᠨᠢ ᠲᠡᠮᠡᠭᠡ ᠶᠢ ᠤᠶᠠᠵᠤ ᠰᠦᠢᠭᠠᠳ ᠪᠠᠶᠢᠵᠤ ᠪᠤᠯᠬᠤ ᠦᠭᠡᠢ᠂ ᠬᠠᠷᠢᠨ ᠬᠠᠮᠳᠤ ᠶᠢᠨ ᠰᠤᠷᠢᠶ᠎ᠠ ᠪᠤᠯᠪᠠᠰᠤᠷᠠᠯ ᠢ ᠦᠷᠭᠦᠯᠵᠢ ᠶᠢᠨ ᠴᠢᠨᠠᠷᠳᠠᠢ ᠬᠢᠬᠦ ᠨᠢ ᠲᠠᠭᠠᠷᠠᠨ᠎ᠠ︾ ᠭᠡᠪᠡ᠃
  ᠲᠦᠮᠡᠨᠨᠠᠰᠤᠨ ᠤᠳᠤ ᠨᠠᠶᠠᠭᠠᠳ ᠲᠡᠮᠡᠭᠡ᠂ ᠠᠷᠪᠠᠭᠠᠳ ᠦᠭᠡᠷ᠂ ᠤᠨᠤᠭᠠᠨ ᠤ ᠬᠡᠳᠦᠨ ᠮᠤᠷᠢ ᠠᠴᠠ ᠭᠠᠳᠠᠨ᠎ᠠ ᠬᠤᠶᠠᠷ ᠵᠠᠭᠤ ᠭᠠᠷᠤᠢ ᠪᠤᠬ ᠮᠠᠯ ᠲᠠᠢ᠃ ᠲᠡᠳᠡᠨᠡᠶᠢᠬᠢᠨ ᠬᠠᠮᠤᠭ ᠤᠯᠠᠨ ᠳᠠᠭᠠᠨ 200 ᠭᠠᠷᠤᠢ ᠲᠡᠮᠡᠭᠡ ᠬᠠᠷᠢᠭᠤᠯᠵᠤ ᠪᠠᠶᠢᠵᠡᠢ᠃ ᠬᠠᠷᠢᠨ ᠬᠡᠳᠦ ᠤᠳᠠᠭᠠᠨ ᠤ ᠪᠠᠶᠢᠭᠠᠯᠢ ᠶᠢᠨ ᠭᠠᠩ ᠬᠠᠭᠰᠠᠷᠠᠭᠠᠨ ᠨᠢ ᠲᠦᠮᠡᠨᠨᠠᠰᠤᠨ ᠰᠠᠷᠠᠨᠴᠡᠴᠡᠭ ᠤᠨ ᠲᠠᠪᠤᠨ ᠬᠤᠰᠢᠭᠤ ᠮᠠᠯ ᠳᠤ ᠮᠠᠰᠢ ᠶᠡᠭᠡ ᠬᠤᠬᠢᠷᠠᠯ ᠠᠪᠴᠢᠷᠠᠵᠤ᠂ 1985 ᠤᠨ ᠤ ᠭᠠᠩ᠂ 1990 ᠤᠨ ᠤ ᠭᠠᠩ ᠳᠤ ᠲᠡᠶᠢᠮᠦ ᠶᠡᠭᠡ ᠬᠤᠬᠢᠷᠠᠬᠳᠠᠬᠰᠠᠨ ᠦᠭᠡᠢ ᠪᠤᠯᠪᠠᠴᠤ 2001 ᠤᠨ ᠤ ᠶᠡᠭᠡ ᠭᠠᠩ ᠳᠤ 80 ᠭᠠᠷᠤᠢ ᠲᠡᠮᠡᠭᠡ ᠠᠴᠠ ᠦᠭᠦᠵᠤ ᠰᠦᠢᠳᠬᠦ᠂ ᠵᠤᠨ ᠤ ᠬᠠᠯᠠᠭᠤᠨ ᠳᠤ ᠵᠠᠷᠢᠮ ᠢ ᠨᠢ 100 ᠲᠦᠭᠦᠷᠢᠭ᠂ 200 ᠲᠦᠭᠦᠷᠢᠭ ᠢᠶᠠᠷ ᠬᠤᠳᠠᠯᠳᠤᠬᠰᠠᠭᠠᠷ ᠪᠠᠶᠢᠭᠠᠳ 14 ᠲᠡᠮᠡᠭᠡ ᠦᠯᠡᠳᠡᠵᠤ᠂ ᠤᠳᠤᠷ ᠨᠡᠭᠦᠳᠡᠯ ᠶᠠᠪᠤᠭᠠᠳ ᠬᠠᠮᠠᠭᠠᠯᠠᠵᠤ ᠠᠪᠴᠡᠢ᠃ ᠲᠡᠭᠦᠨ ᠠᠴᠠ ᠬᠤᠶᠢᠰᠢ ᠲᠦᠮᠡᠨᠨᠠᠰᠤᠨ ᠦᠢᠷ᠎ᠠ ᠬᠠᠪᠢ ᠶᠢᠨ ᠠᠶᠢᠯ ᠠᠴᠠ ᠢᠩᠭᠡ ᠬᠤᠳᠠᠯᠳᠤᠵᠤ ᠠᠪᠤᠬᠰᠠᠭᠠᠷ ᠪᠠᠶᠢᠭᠠᠳ ᠬᠤᠷᠢᠭᠠᠳ ᠲᠡᠮᠡᠭᠡ ᠲᠠᠢ ᠪᠤᠯᠵᠤ᠂ ᠰᠡᠭᠦᠯᠡᠷ ᠨᠢ 200 ᠭᠠᠷᠤᠢ ᠲᠤᠯᠤᠭᠠᠢ ᠳᠤ ᠬᠦᠷᠴᠦ᠂ ᠵᠤᠭᠤᠰ ᠵᠠᠷᠤᠯᠭ᠎ᠠ ᠶᠢᠨ ᠱᠠᠭᠠᠷᠳᠠᠯᠭ᠎ᠠ ᠪᠤᠯᠤᠨ ᠪᠡᠯᠴᠢᠭᠡᠷ ᠤᠨ ᠲᠠᠭᠠᠭᠠᠴᠠ ᠤᠨ ᠬᠢᠵᠠᠭᠠᠷ ᠠᠴᠠ ᠪᠤᠯᠵᠤ ᠨᠢᠭᠡ ᠬᠡᠰᠡᠭ ᠢ ᠭᠠᠳᠠᠬᠰᠢ ᠬᠤᠳᠠᠯᠳᠤᠵᠡᠢ᠃ ᠲᠦᠮᠡᠨᠨᠠᠰᠤᠨ ᠰᠠᠷᠠᠨᠴᠡᠴᠡᠭ ᠬᠤᠶᠠᠭᠤᠯᠠ ᠬᠤᠶᠠᠷ ᠬᠦᠦ ᠬᠤᠶᠠᠷ ᠦᠬᠢᠨ ᠲᠠᠢ ᠂ ᠲᠡᠳᠡᠭᠡᠷ ᠠᠴᠠ ᠭᠤᠷᠪᠠᠨ ᠬᠡᠤᠬᠡᠳ ᠨᠢ ᠬᠦᠳᠡᠭᠡ ᠮᠠᠯ ᠮᠠᠯᠵᠢᠵᠤ᠂ ᠤᠨᠴᠠᠭᠠᠢᠢᠯᠠᠨ ᠪᠠᠭ᠎ᠠ ᠬᠦᠦ ᠡᠷᠳᠡᠮᠳᠦ ᠨᠢ ᠠᠪᠤ ᠡᠵᠢ ᠲᠠᠢ ᠪᠠᠨ ᠬᠠᠮᠳᠤ ᠪᠠᠶᠢᠳᠠᠭ ᠠᠴᠠ ᠠᠪᠤ ᠶᠢᠨ ᠢᠶᠠᠨ ᠲᠡᠮᠡᠭᠡ ᠮᠠᠯᠵᠢᠬᠤ ᠤᠷ᠎ᠠ ᠤᠬᠠᠭᠠᠨ᠂ ᠠᠷᠭ᠎ᠠ ᠲᠤᠷᠰᠢᠯᠭ᠎ᠠ ᠪᠤᠯᠤᠨ ᠤᠷᠤᠯᠳᠤᠭᠠᠨ ᠤ ᠠᠳᠠ ᠰᠤᠩᠭᠤᠵᠤ ᠰᠢᠯᠢᠬᠦ᠂ ᠤᠶᠠᠵᠤ ᠰᠦᠢᠬᠤ᠂ ᠤᠷᠤᠯᠳᠤᠭᠠᠨ ᠳᠤ ᠤᠨᠤᠬᠤ ᠮᠡᠷᠭᠡᠵᠢᠯ ᠢ ᠪᠦᠬᠦᠨ ᠢ ᠰᠤᠷᠴᠤ ᠠᠪᠤᠬᠰᠠᠨ ᠢᠶᠠᠷ ᠢᠶᠠᠨ ᠠᠪᠤ ᠶᠢᠨ ᠠᠯᠳᠠᠷ᠂ ᠨᠤᠳᠤᠭ ᠤᠨ ᠨᠡᠷ᠎ᠡ ᠶᠢ ᠡᠷᠭᠦᠵᠤ᠂ ᠤᠷᠤᠯᠳᠤᠭᠠᠨ ᠨᠠᠭᠠᠳᠤᠮ ᠪᠦᠷᠢ ᠳᠤ ᠱᠠᠩ ᠲᠤᠰᠴᠤ ᠨᠡᠶᠢᠳᠡ ᠤᠯᠠᠨ ᠳᠠᠭᠠᠨ ᠲᠠᠨᠢᠬᠳᠠᠵᠤ ᠶᠠᠪᠤᠨ᠎ᠠ᠃
ᠰᠡᠴᠡᠨᠪᠠᠳᠤ ᠰᠡᠴᠡᠨ ᠪᠠᠭᠠᠨ᠎ᠠ ᠪᠤᠯᠤᠷᠰᠤᠪᠤᠳᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号