ᠬᠠᠷᠠᠬᠠᠨ ᠪᠠᠭ᠎ᠠ ᠠᠴᠠ ᠪᠠᠨ ᠶᠠᠰᠤ ᠲᠠᠨᠢᠵᠦ ᠦᠨᠳᠦᠰᠦᠳᠡᠨ ᠤ ᠤᠯᠠᠮᠵᠢᠯᠠᠯᠲᠤ ᠵᠡᠩ ᠦᠢᠯᠡ ᠪᠠᠨ ᠲᠠᠨᠢᠨ᠎ᠠ
ᠨᠡᠶᠢᠲᠡᠯᠡᠭᠰᠡᠨ ᠴᠠᠭ᠄
2020/12/22
12 ᠰᠠᠷ᠎ᠠ ᠶᠢᠨ 17᠎ ᠤ ᠡᠳᠤᠷ᠂ ᠠᠯᠠᠱᠠ ᠵᠡᠬᠦᠨ ᠬᠤᠰᠢᠭᠤᠨ ᠤ ᠮᠣᠩᠭᠤᠯ ᠦᠨᠳᠦᠰᠦᠳᠡᠨ ᠤ ᠬᠡᠤᠭᠡᠳ ᠤᠨ ᠬᠤᠶᠠᠳᠤᠭᠠᠷ ᠴᠡᠴᠡᠷᠯᠢᠭ ᠤᠨ ᠯᠦᠸᠧ ᠣᠳᠣᠨ ᠪᠠᠭᠰᠢ ᠠᠴᠠ ᠳᠤᠮᠳᠠ ᠳᠥᠷᠪᠡᠳᠦᠭᠡᠷ ᠠᠩᠭᠢ ᠶᠢᠨ ᠬᠡᠣᠭᠡᠳ ᠤᠳ ᠎ ᠲᠡᠭᠡᠨ ᠮᠠᠯ ᠤᠨ ᠠᠰᠠᠭᠤᠬᠤ ᠨᠢᠷᠤᠭᠤᠨ ᠤ ᠶᠠᠰᠤ ᠶᠢ ᠲᠠᠨᠢᠯᠴᠠᠭᠤᠯᠵᠤ᠂ ᠪᠤᠳᠠᠳᠤ ᠦᠢᠯᠡᠳᠦᠯᠭᠡ ᠪᠠᠷ ᠲᠠᠮᠵᠢᠨ ᠦᠨᠳᠦᠰᠦᠳᠡᠨ ᠤ ᠪᠠᠨ ᠵᠡᠩ ᠦᠢᠯᠡ ᠶᠢ ᠲᠠᠨᠢᠭᠤᠯᠵᠤ ᠪᠠᠶᠢᠪᠠ᠃ ᠮᠣᠩᠭᠤᠯᠴᠣᠳ ᠤᠨ ᠠᠮᠢᠳᠤᠷᠠᠯ ᠠᠬᠤᠢ ᠳᠤ ᠶᠠᠰᠤ ᠲᠠᠢ ᠬᠤᠯᠪᠤᠭᠳᠠᠬᠤ ᠵᠡᠩ ᠦᠢᠯᠡ ᠮᠠᠰᠢ ᠣᠯᠠᠨ ᠪᠠᠶᠢᠵᠦ᠂ ᠲᠡᠬᠦᠨ ᠠᠴᠠ ᠠᠬᠠᠮᠠᠳ ᠢᠶᠠᠨ ᠬᠦᠨᠳᠦᠳᠬᠡᠬᠦ᠂ ᠨᠢᠯᠬ᠎ᠠ ᠪᠠᠭᠠᠴᠣᠳ ᠢᠶᠠᠨ ᠬᠠᠶᠢᠷᠠᠯᠠᠬᠤ᠂ ᠨᠤᠳᠤᠭ ᠤᠰᠤ ᠪᠠᠨ ᠬᠠᠶᠢᠷᠠᠯᠠᠬᠤ ᠮᠡᠳᠤ ᠪᠠᠶᠠᠯᠢᠭ ᠵᠡᠩ ᠦᠢᠯᠡ ᠶᠢᠨ ᠬᠥᠮᠥᠵᠢᠯ ᠬᠠᠳᠠᠭᠠᠯᠠᠭᠳᠠᠵᠤ ᠪᠠᠶᠢᠳᠠᠭ᠃ ᠡᠳᠡᠭᠡᠷ ᠰᠠᠶᠢᠬᠠᠨ ᠤᠯᠠᠮᠵᠢᠯᠠᠯᠳᠤ ᠰᠣᠶᠣᠯ ᠢᠶᠠᠨ ᠬᠡᠣᠭᠡᠳ ᠤᠳ ᠲᠡᠭᠡᠨ ᠲᠠᠨᠢᠭᠤᠯᠤᠨ ᠬᠥᠮᠥᠵᠢᠬᠦᠯᠬᠦ ᠶᠢᠨ ᠰᠠᠨᠠᠭᠠᠨ ᠠᠴᠠ ᠠᠯᠠᠱᠠ ᠵᠡᠬᠦᠨ ᠬᠤᠰᠢᠭᠤᠨ ᠤ ᠮᠣᠩᠭᠤᠯ ᠦᠨᠳᠦᠰᠦᠳᠡᠨ ᠤ ᠬᠡᠤᠭᠡᠳ ᠤᠨ ᠬᠤᠶᠠᠳᠤᠭᠠᠷ ᠴᠡᠴᠡᠷᠯᠢᠭ ᠤᠨ ᠪᠠᠭᠰᠢ ᠨᠠᠷ ᠪᠤᠳᠠᠳᠤ ᠦᠢᠯᠡᠳᠦᠯᠭᠡ ᠪᠠᠷ ᠲᠠᠮᠵᠢᠨ ᠣᠶᠢᠯᠠᠭᠠᠭᠤᠯᠤᠨ ᠲᠠᠨᠢᠭᠤᠯᠬᠤ ᠶᠢ ᠵᠣᠷᠢᠵᠤ ᠮᠠᠯ ᠤᠨ ᠶᠠᠰᠤ ᠶᠢ ᠬᠢᠴᠢᠶᠡᠯ ᠤᠨ ᠲᠢᠩᠬᠢᠮ ᠳᠤ ᠠᠪᠴᠢᠷᠠᠵᠤ᠂ ᠬᠡᠯᠪᠡᠷᠢ ᠲᠥᠷᠰᠦ ᠪᠠᠶᠢᠳᠠᠯ᠂ ᠵᠡᠩ ᠦᠢᠯᠡ ᠶᠢᠨ ᠢᠷᠡᠯᠲᠡ ᠶᠢ ᠨᠢ ᠦᠯᠢᠭᠡᠷᠴᠢᠯᠡᠨ ᠠᠮᠢᠳᠤᠯᠢᠭ ᠶᠠᠷᠢᠳᠠᠭ ᠠᠴᠠ ᠬᠡᠤᠭᠡᠳ ᠤᠳ ᠤᠨ ᠠᠩᠬᠠᠷᠤᠯ ᠢ ᠲᠠᠳᠠᠵᠦ᠂ ᠬᠢᠴᠢᠶᠡᠯ ᠨᠢ ᠬᠥᠭᠵᠢᠶᠡᠨᠳᠡᠢ ᠠᠭᠤᠷ ᠠᠮᠢᠰᠬᠤᠯ ᠤᠨ ᠲᠤᠮᠲᠠ ᠶᠠᠪᠤᠭᠳᠠᠳᠠᠭ ᠪᠠᠶᠢᠨ᠎ᠠ᠃
ᠯᠦᠸᠧ ᠣᠳᠣᠨ ᠪᠠᠭᠰᠢ᠄ ︽ᠥᠨᠥᠳᠤᠷ ᠪᠢᠳᠡ ᠬᠡᠤᠭᠡᠳ ᠤᠳ ᠲᠡᠭᠡᠨ ᠠᠰᠠᠭᠤᠬᠤ ᠨᠢᠷᠤᠭᠤ ᠶᠢ ᠲᠠᠨᠢᠯᠴᠠᠭᠤᠯᠤᠭᠰᠠᠨ᠂ ᠮᠠᠨ ᠤ ᠠᠩᠭᠢ ᠡᠨᠡ ᠨᠠᠮᠤᠷ ᠠᠴᠠ ᠲᠣᠮᠲᠠ ᠠᠩᠭᠢ ᠳᠤ ᠲᠡᠪᠰᠢᠵᠦ᠂ ᠶᠠᠰᠤ ᠶᠢ ᠲᠠᠨᠢᠭᠠᠳ ᠨᠢᠭᠡ ᠵᠢᠯ ᠤᠨ ᠬᠤᠭᠤᠴᠠᠭ᠎ᠠ ᠬᠡᠷᠡᠭᠰᠡᠵᠦ ᠪᠠᠶᠢᠨ᠎ᠠ᠂ ᠡᠬᠢᠯᠡᠵᠦ ᠬᠢᠭᠰᠡᠨ ᠵᠣᠷᠢᠯᠭ᠎ᠠ ᠨᠢ ᠭᠡᠪᠡᠯ ᠣᠳᠣ ᠶᠢᠨ ᠬᠡᠤᠭᠡᠳ ᠤᠳ ᠠᠮᠢᠳᠤᠷᠠᠯ ᠲᠤᠮᠳᠠᠬᠢ ᠪᠤᠳᠠᠳᠣ ᠶᠠᠭᠤᠮ᠎ᠠ ᠲᠠᠢ ᠨᠢ ᠣᠶᠢᠷᠠᠲᠤᠵᠤ ᠴᠢᠳᠠᠬᠤ ᠦᠬᠡᠢ ᠪᠠᠶᠢᠳᠠᠯ ᠳᠤ ᠬᠠᠨᠳᠤᠭᠤᠯᠤᠨ᠂ ᠶᠠᠭ ᠨᠢᠳᠤᠨ ᠳᠤ ᠦᠵᠡᠭᠳᠡᠵᠦ ᠭᠠᠷ ᠲᠤ ᠪᠠᠷᠢᠭᠳᠠᠬᠤ ᠪᠠᠷ ᠵᠢᠭᠠᠬᠤ ᠪᠠᠷ ᠳᠠᠮᠵᠢᠨ ᠬᠡᠤᠭᠡᠳ ᠤᠳ ᠤᠨ ᠬᠡᠯᠡ ᠳᠡᠭᠡᠭᠰᠢᠯᠡᠬᠦ᠂ ᠴᠡᠭᠡᠵᠢᠯᠡᠬᠦ ᠴᠢᠳᠠᠪᠤᠷᠢ ᠶᠢ ᠳᠡᠭᠡᠭᠰᠢᠯᠡᠭᠦᠯᠭᠦ ᠰᠠᠨᠠᠭ᠎ᠠ ᠲᠠᠢ ᠶᠤᠮ᠂ ᠲᠠᠬᠢᠪᠠᠯ ᠶᠠᠰᠤᠨ ᠳᠤ ᠮᠠᠰᠢ ᠣᠯᠠᠨ ᠵᠡᠩ ᠦᠢᠯᠡ᠂ ᠬᠦᠮᠦᠵᠢᠯ ᠤᠨ ᠰᠢᠨᠵᠢᠲᠡᠢ ᠦᠯᠢᠭᠡᠷ ᠦᠢᠯᠡ ᠠᠷᠪᠢᠨ ᠪᠠᠶᠢᠳᠠᠭ ᠠᠴᠠ ᠡᠨᠡ ᠠᠭᠤᠯᠭ᠎ᠠ ᠶᠢ ᠰᠣᠩᠭᠤᠨ ᠵᠢᠭᠠᠪᠠ᠂ ᠠᠷᠤᠭ ᠶᠠᠰᠤ ᠲᠠᠢ ᠬᠤᠯᠪᠤᠭᠳᠠᠬᠤ ᠵᠡᠩ ᠦᠢᠯᠡ ᠶᠢ ᠪᠠᠭ᠎ᠠ ᠪᠠᠭ᠎ᠠ ᠪᠠᠷ ᠵᠢᠭᠠᠭᠠᠳ ᠥᠨᠥᠳᠤᠷ ᠪᠤᠯᠬᠤ ᠳᠤ ᠠᠰᠠᠭᠤᠬᠤ ᠶᠠᠰᠤᠨ ᠳᠤ ᠬᠠᠮᠢᠶᠠᠳᠠᠢ ᠠᠭᠤᠯᠭ᠎ᠠ ᠶᠢ ᠵᠢᠭᠠᠬᠤ ᠪᠤᠯᠤᠭᠰᠠᠨ ᠪᠠᠶᠢᠨ᠎ᠠ᠃ ᠬᠤᠶᠢᠰᠢᠲᠡ ᠪᠢᠳᠡ ᠬᠡᠤᠭᠡᠳ ᠤᠳ ᠲᠡᠭᠡᠨ ᠮᠠᠯ ᠳᠤ ᠲᠥᠷᠪᠡᠨ ᠮᠥᠴᠢ ᠲᠠᠢ ᠪᠠᠶᠢᠳᠠᠭ᠂ ᠬᠠ᠂ ᠭᠤᠶ᠎ᠠ ᠵᠡᠷᠭᠡ ᠶᠢᠨ ᠪᠦᠬᠦᠶᠢᠯᠡ ᠠᠷᠤᠭ ᠶᠠᠰᠤ ᠶᠢ ᠨᠢ ᠲᠠᠨᠢᠭᠤᠯᠤᠨ᠎ᠠ︾ ᠭᠡᠵᠦ ᠨᠠᠷᠢᠨ ᠪᠠᠶᠢᠳᠠᠯ ᠢ ᠲᠠᠨᠢᠯᠴᠠᠭᠤᠯᠤᠭᠰᠠᠨ ᠪᠠᠶᠢᠨ᠎ᠠ᠃
ᠬᠤᠶᠢᠳ ᠰᠡᠴᠡᠨᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号