ᠢᠰᠡᠭᠡᠢ ᠰᠢᠷᠢᠮᠠᠯ ᠤᠨ ᠥᠪᠯᠡᠡ ᠤᠯᠠᠮᠵᠢᠯᠠᠬᠴᠢ ᠨᠠᠷᠡᠨᠭᠡᠷᠡᠯ
ᠨᠡᠶᠢᠲᠡᠯᠡᠭᠰᠡᠨ ᠴᠠᠭ᠄
2020/12/22
    ᠨᠠᠷᠡᠨᠭᠡᠷᠡᠯ ᠪᠤᠯ ᠠᠯᠠᠱᠠ ᠵᠡᠬᠦᠨ ᠬᠤᠰᠢᠭᠤᠨ ᠤ ᠥᠯᠵᠡᠢ ᠰᠤᠮᠤᠨ ᠤ ᠥᠯᠵᠡᠶᠢᠰᠠᠶᠢᠬᠠᠠ ᠭᠠᠴᠠᠭᠠᠠ ᠤ ᠮᠠᠯᠴᠢᠨ᠂ ᠠᠯᠠᠱᠠ ᠵᠡᠬᠦᠨ ᠬᠤᠰᠢᠭᠤᠨ ᠤ ᠳᠡᠰ ᠤᠨ ᠢᠰᠡᠭᠡᠢ ᠰᠢᠷᠢᠮᠠᠯ ᠤᠨ ᠥᠪᠯᠡᠡ ᠤᠯᠠᠮᠵᠢᠯᠠᠬᠴᠢ᠂ ᠲᠡᠷᠡ ᠭᠡᠳᠦ᠋ᠢᠪᠠᠷ ᠵᠢᠷᠠ ᠶᠢᠨ ᠳᠠᠪᠠᠭ᠎ᠠ ᠶᠢ ᠳᠠᠪᠠᠭᠰᠠᠠ ᠴᠤ ᠤᠢ ᠤᠬᠠᠭᠠᠨ ᠰᠠᠷᠠᠭᠤᠯᠬᠠᠠ᠂ ᠤᠯᠠᠮᠵᠢᠯᠠᠯᠳᠤ ᠢᠰᠡᠭᠡᠢ ᠭᠠᠷ ᠤᠷᠠᠯᠠᠯ ᠢᠶᠠᠨ ᠤᠯᠠᠮᠵᠢᠯᠠᠠ ᠵᠠᠯᠭᠠᠮᠵᠢᠯᠠᠬᠤ ᠪᠠᠷ ᠤᠶᠤᠨ ᠢᠶᠠᠨ ᠰᠢᠪᠬᠠᠵᠤ ᠬᠥᠯᠦᠰᠤ ᠪᠠᠨ ᠤᠷᠤᠰᠬᠠᠠ ᠶᠠᠪᠤᠨ᠎ᠠ᠃
     ᠪᠢᠳᠠᠨ ᠢ ᠬᠡᠷ ᠲᠤᠨᠢ ᠬᠦᠷᠬᠦ ᠳᠤ ᠳᠡᠷᠡ ᠶᠠᠭ ᠤᠮᠪᠤᠯᠤ ᠥᠬᠢᠨ ᠳᠠᠭᠠᠨ ᠴᠠᠭᠠᠠ ᠰᠠᠷ᠎ᠠ ᠶᠢᠨ ᠢᠰᠡᠭᠡᠢ ᠮᠠᠯᠠᠭᠠᠢ ᠤᠶᠤᠵᠤ ᠪᠠᠶᠢᠯ᠎ᠠ᠃ ᠨᠠᠷᠠᠨᠭᠡᠷᠡᠯ ᠥᠪᠡᠷ ᠤᠨ ᠢᠶᠠᠨ ᠢᠰᠡᠭᠡᠢ ᠤᠷᠠᠯᠠᠯ ᠤᠨ ᠪᠥᠳᠦᠭᠡᠭᠳᠡᠬᠦᠨ ᠢᠶᠠᠨ ᠮᠤᠩᠭᠤᠯ ᠭᠡᠷ ᠤᠨ ᠢᠶᠠᠨ ᠬᠠᠨᠠᠠ ᠳᠤ ᠡᠮᠬᠢ ᠲᠢᠭᠯᠢᠮ ᠲᠠᠢ ᠡᠯᠬᠦᠨ ᠳᠠᠯᠪᠢᠵᠡᠢ᠃ ᠲᠡᠬᠦᠨ ᠤ ᠨᠢᠭᠡ ᠨᠢᠭᠡ ᠵᠡᠬᠦᠦ ᠪᠠᠷ ᠰᠢᠷᠢᠵᠦ ᠤᠶᠤᠬᠰᠠᠠ ᠪᠥᠳᠦᠭᠡᠯ ᠤᠳ ᠢ ᠨᠢ ᠠᠵᠢᠬᠤ ᠳᠤ ᠤᠷᠠᠨ ᠨᠠᠷᠢᠨ ᠬᠢᠴᠠ ᠲᠠᠢ ᠤᠷᠠᠯᠠᠯ ᠤᠨ ᠪᠦᠳᠦᠭᠳᠡᠬᠦᠨ ᠪᠠᠶᠢᠵᠦ᠂ ᠮᠤᠩᠭᠤᠯ ᠥᠨᠳᠦᠰᠦᠳᠡᠨ ᠤ ᠢᠰᠡᠭᠡᠢ ᠤᠷᠠᠯᠠᠯ ᠤᠨ ᠭᠤᠸ᠎ᠠ ᠰᠠᠶᠢᠬᠠᠠ ᠤ ᠭᠡᠷᠡᠯ ᠬᠢᠯᠪᠠᠭ᠎ᠠ ᠶᠢ ᠲᠤᠳᠤᠷᠠᠭᠤᠯᠵᠤ ᠴᠢᠳᠠᠬᠰᠠᠠ ᠬᠡᠬᠦ ᠳᠤ ᠠᠬᠠᠳᠠᠬᠤ ᠦᠬᠡᠢ᠃     ᠨᠠᠷᠠᠨᠭᠡᠷᠡᠯ ᠠᠬ᠎ᠠ ᠲᠡᠬᠦᠦ ᠵᠢᠷᠭᠤᠭᠤᠯᠠ᠂ ᠪᠠᠭ᠎ᠠ ᠪᠠᠯᠴᠢᠷ ᠨᠠᠰᠤᠨ ᠠᠴᠠ ᠪᠠᠨ ᠬᠦᠳᠡᠭᠡ ᠬᠡᠬᠡᠷ᠎ᠠ᠂ ᠮᠠᠯ ᠤᠨ ᠳᠠᠭᠤᠨ ᠤ ᠳᠤᠮᠳᠠ ᠰᠦᠷᠦᠭ ᠤᠨ ᠳᠤᠭᠤᠰᠤᠨ ᠳᠤ ᠳᠠᠷᠤᠭᠳᠠᠵᠤ ᠦᠰᠴᠦ ᠦᠨᠳᠡᠶᠢᠭᠰᠡᠨ ᠪᠤᠯᠬᠤᠷ ᠬᠤᠷᠠᠭ᠎ᠠ ᠳᠤᠭᠤᠯ ᠬᠠᠷᠢᠭᠤᠯᠵᠤ᠂ ᠪᠤᠳᠤᠭᠤ ᠳᠤᠷᠤᠮ ᠲᠠᠢ ᠨᠤᠴᠤᠯᠳᠤᠨ ᠪᠤᠶᠠᠨᠳᠤ ᠰᠦᠷᠦᠭ ᠤᠨ ᠡᠵᠡᠨ ᠶᠠᠪᠤᠬᠤ ᠠᠶᠠᠨ ᠵᠠᠮ ᠎ ᠢᠶᠠᠨ ᠡᠯᠬᠦᠭᠰᠡᠨ ᠬᠦᠮᠦᠨ᠃ ᠲᠠᠷᠠ ᠭᠡᠤᠭᠡᠳ ᠪᠠᠶᠢᠬᠤ ᠥᠶ᠎ᠡ ᠠᠴᠠ ᠪᠠᠨ ᠡᠬᠢᠯᠡᠡ ᠠᠪᠤ ᠠᠴᠠ ᠪᠠᠨ ᠢᠰᠡᠭᠡᠢ ᠰᠢᠷᠢᠮᠠᠯ ᠤᠨ ᠵᠦᠢᠯ ᠢ ᠳᠠᠭᠤᠷᠢᠶᠠᠨ ᠰᠢᠷᠢᠵᠦ᠂ ᠲᠤᠭᠤᠭᠠᠠ ᠤ ᠪᠠᠷᠢᠭᠤᠯ᠂ ᠱᠠᠬᠤ ᠶᠢᠨ ᠤᠭᠤᠳᠠ ᠬᠡᠬᠦ ᠮᠡᠳᠤ ᠶᠢᠨ ᠡᠭᠡᠯ ᠵᠢᠷ ᠤᠨ ᠶᠠᠭᠤᠮ᠎ᠠ ᠶᠢ ᠤᠶᠤᠵᠤ ᠪᠠᠶᠢᠭᠠᠳ ᠢᠰᠡᠭᠡᠢ ᠰᠢᠷᠢᠵᠦ ᠤᠶᠤᠬᠤ ᠡᠪ ᠲᠡᠭᠡᠨ ᠤᠷᠤᠬᠰᠠᠠ ᠪᠠᠶᠢᠪᠠ᠃ 21 ᠨᠠᠰᠤᠨ ᠳᠠᠭᠠᠨ ᠥᠯᠵᠠᠢ ᠰᠤᠮᠤᠨ ᠤ ᠬᠠᠨᠭ᠍ᠭᠠᠠ ᠪᠤᠷᠤᠯᠠᠭᠤᠯᠬᠤ ᠬᠤᠷᠰᠢᠶᠠᠨ ᠳᠤ ᠠᠵᠢᠯᠯᠠᠵᠡᠢ᠃ ᠬᠡᠪᠡᠴᠦ 1997 ᠤᠨ ᠪᠤᠯᠬᠤ ᠳᠤ ᠬᠠᠨᠭ᠍ᠭᠠᠠ ᠪᠤᠷᠤᠯᠠᠭᠤᠯᠬᠤ ᠬᠤᠷᠰᠢᠶ᠎ᠠ ᠨᠢ ᠳᠠᠮᠪᠤᠷᠠᠵᠦ ᠠᠵᠢᠯ ᠠᠯᠳᠠᠵᠡᠢ᠃ ᠲᠠᠷᠠᠭ᠎ᠠ ᠵᠢᠯ ᠠᠴᠠ ᠨᠢ ᠡᠬᠢᠯᠡᠭᠡᠳ ᠥᠯᠵᠡᠢ ᠰᠤᠮᠤᠨ ᠳᠤ ᠳᠠᠪᠠᠯ ᠬᠤᠪᠴᠠᠰᠤ ᠤᠶᠤᠬᠤ᠂ ᠬᠤᠭᠤᠯᠠᠠ ᠭᠡᠷ ᠡᠷᠬᠢᠯᠡᠬᠦ᠂ ᠪᠠᠭᠤᠳᠠᠯ ᠡᠷᠬᠢᠯᠡᠬᠦ ᠶᠢᠨ ᠳᠠᠭᠠᠤ ᠬᠦᠳᠡᠭᠡ ᠶᠢᠨ ᠮᠠᠯ ᠠᠬᠤᠢ ᠪᠠᠨ ᠠᠮᠵᠢᠭᠤᠯᠤᠨ ᠳᠤᠳᠤᠮᠳᠠᠵᠦ᠂ ᠴᠢᠯᠦᠭᠡ ᠵᠠᠪ ᠢᠶᠠᠷ ᠪᠠᠭ᠎ᠠ ᠠᠴᠠ ᠰᠤᠷᠤᠭᠰᠠᠨ ᠢᠰᠡᠭᠡᠢ ᠤᠷᠠᠯᠠᠯ ᠢᠶᠠᠨ ᠬᠢᠵᠦ ᠤᠷᠤᠯᠳᠤᠵᠤ ᠪᠠᠶᠢᠵᠡᠢ᠃
    ᠢᠰᠡᠭᠡᠢ ᠰᠢᠷᠢᠮᠡᠯ ᠨᠢ ᠬᠥᠨ ᠵᠤᠵᠠᠭᠠᠨ ᠰᠤᠶᠤᠯ ᠤᠨ ᠠᠭᠤᠯᠬᠤᠨ ᠬᠠᠳᠠᠭᠠᠯᠠᠬᠳᠠᠬᠰᠠᠠ ᠮᠥᠷᠳᠡᠭᠡᠨ ᠮᠠᠰᠢ ᠨᠠᠷᠢᠨ ᠲᠥᠷᠢᠮ ᠭᠤᠷᠢᠮ ᠲᠠᠢ᠃ ᠮᠠᠯ ᠤᠨ ᠬᠢᠯᠭᠠᠰᠤ ᠤᠡᠭᠭᠠᠰᠤ᠂ ᠨᠤᠤᠰᠤ ᠪᠠᠨ ᠴᠡᠪᠡᠷᠯᠡᠡ ᠤᠬᠢᠶᠠᠵᠤ ᠡᠳ᠋ᠰᠢᠬᠦᠯᠦᠨ ᠪᠤᠯᠪᠠᠰᠤᠷᠠᠭᠤᠯᠵᠤ᠂ ᠳᠠᠷᠠᠭ᠎ᠠ ᠨᠢ ᠢᠰᠡᠭᠡᠢ ᠤᠷᠠᠯᠠᠯ ᠤᠨ ᠪᠥᠳᠦᠭᠡᠭᠳᠡᠬᠦᠨ ᠢᠶᠠᠨ ᠬᠢᠳᠡᠭ ᠠᠵᠢ᠃ ᠨᠠᠷᠠᠨᠭᠡᠷᠡᠯ ᠤᠨ ᠬᠢᠵᠤ ᠪᠥᠳᠦᠭᠡᠭᠰᠡᠡ ᠢᠰᠡᠭᠡᠢ ᠤᠷᠠᠯᠠᠯ ᠤᠨ ᠪᠥᠳᠦᠭᠡᠭᠳᠡᠬᠦᠨ ᠳᠤ᠂ ᠢᠰᠡᠭᠡᠢ ᠪᠠᠷ ᠤᠷᠠᠯᠠᠠ ᠬᠢᠭᠰᠡᠡ ᠠᠶᠠᠭ᠎ᠠ᠂ ᠵᠢᠵᠢᠭ ᠮᠤᠩᠭᠤᠯ ᠭᠡᠷ᠂ ᠰᠢᠬᠢᠷ ᠤᠨ ᠳᠠᠪᠠᠬ᠂ ᠪᠡᠬᠡᠯᠡᠢ᠂ ᠲᠠᠪᠤᠨ ᠬᠤᠰᠢᠭᠤ ᠮᠠᠯ᠂ ᠲᠤᠭᠤᠭᠠᠠ ᠤ ᠭᠡᠷ᠂ ᠵᠡᠬᠦᠰᠭᠡᠯ ᠤᠨ ᠭᠡᠷ᠂ ᠱᠠᠬᠠᠢ ᠭᠤᠳᠤᠯ᠂ ᠪᠤᠬᠴᠤ᠂ ᠪᠤᠶᠢᠳᠤᠬ᠂ ᠮᠠᠯᠠᠭᠠᠢ ᠭᠡᠬᠦ ᠮᠡᠳᠤᠴᠢᠯᠡᠡ ᠤᠯᠠᠠ ᠵᠦᠢᠯ ᠤᠨ ᠪᠥᠳᠦᠭᠡᠭᠳᠡᠬᠦᠨ ᠪᠠᠶᠢᠯ᠎ᠠ᠃ ᠨᠠᠷᠠᠨᠭᠡᠷᠡᠯ᠄ ︽ᠮᠠᠠ ᠤ ᠮᠠᠯᠴᠢᠳ ᠬᠤᠨᠢᠨ ᠨᠤᠤᠰᠤ ᠪᠠᠨ ᠳᠦᠩᠭᠡᠵᠢ ᠭᠤᠷᠪᠠᠭ᠋ᠠᠠ ᠲᠥᠬᠦᠷᠢᠭ ᠢᠶᠠᠷ ᠭᠠᠳᠠᠭᠰᠢ ᠬᠤᠳᠠᠯᠳᠤᠵᠤ ᠪᠠᠶᠢᠳᠠᠭ᠃ ᠪᠢᠳᠡ ᠥᠪᠡᠷ ᠤᠨ ᠢᠶᠠᠨ ᠡᠬᠢ ᠪᠠᠶᠠᠯᠢᠬ ᠢᠶᠠᠨ ᠠᠰᠢᠬᠯᠠᠠ᠂ ᠨᠤᠤᠰᠤ ᠪᠠᠷ ᠢᠶᠠᠨ ᠢᠰᠡᠭᠡᠢ ᠰᠢᠷᠢᠮᠠᠯ ᠤᠨ ᠰᠢᠨ᠎ᠡ ᠪᠥᠳᠦᠭᠡᠭᠳᠡᠬᠦᠨ ᠬᠢᠵᠦ ᠬᠤᠳᠠᠯᠳᠤᠪᠠᠯ ᠬᠡᠳᠦᠨ ᠠᠷᠪᠠ ᠬᠡᠳᠦᠨ ᠵᠠᠭᠤᠨ ᠳᠠᠬᠢᠨ ᠢᠯᠡᠬᠦᠦ ᠤᠷᠤᠯᠭ᠎ᠠ ᠤᠯᠬᠤ ᠪᠤᠯᠤᠮᠵᠢ ᠲᠠᠢ ᠮᠥᠷᠳᠡᠭᠡᠨ ᠤᠯᠠᠮᠵᠢᠯᠠᠯᠳᠤ ᠢᠰᠡᠭᠡᠢ ᠤᠷᠠᠯᠠᠯ ᠤᠨ ᠰᠤᠶᠤᠯ ᠢᠶᠠᠨ ᠪᠠᠰᠠ ᠤᠯᠠᠮᠵᠢᠯᠠᠠ ᠳᠡᠯᠬᠡᠷᠡᠬᠦᠯᠵᠦ ᠪᠤᠯᠤᠨ᠎ᠠ︾ ᠭᠡᠵᠤ ᠢᠰᠡᠬᠡᠢ ᠤᠷᠠᠯᠠᠯ ᠬᠢᠵᠦ ᠤᠷᠤᠯᠳᠤᠬᠤ ᠶᠢᠨ ᠰᠠᠶᠢᠨ ᠲᠠᠢ ᠳᠠᠯ᠎ᠠ ᠶᠢ ᠶᠠᠷᠢᠵᠦ ᠰᠠᠭᠤᠨ᠎ᠠ᠃
    ᠨᠠᠷᠠᠨᠭᠡᠷᠡᠯ ᠡᠨᠡᠬᠦ ᠢᠰᠡᠭᠡᠢ ᠰᠤᠶᠤᠯ ᠢᠶᠠᠨ ᠤᠯᠠᠮᠵᠢᠯᠠᠬᠤ ᠶᠢᠨ ᠲᠥᠯᠦᠭᠡ᠂ ᠰᠤᠷᠭᠠᠭᠤᠯᠢ᠂ ᠴᠡᠴᠡᠷᠯᠢᠭ  ᠎ ᠢᠶᠠᠷ ᠤᠴᠢᠵᠦ ᠬᠢᠴᠢᠶᠡᠯᠯᠡᠳᠡᠭ ᠮᠦᠷᠳᠡᠬᠡᠨ ᠮᠠᠯᠴᠢᠳ ᠲᠤ ᠳᠤᠰᠬᠠᠢ ᠪᠤᠯᠪᠠᠰᠤᠷᠠᠯ ᠤᠨ ᠬᠢᠴᠢᠶᠠᠯ ᠢ ᠬᠡᠳᠦ ᠤᠳᠠᠭ᠎ᠠ ᠤᠷᠤᠵᠤ᠂ ᠤᠳᠤ ᠪᠤᠯᠬᠤ ᠨᠡᠶᠢᠳᠡ ᠭᠠᠷ ᠤᠨ ᠱᠠᠪᠢ ᠲᠥᠴᠢᠭᠡᠳ ᠬᠦᠮᠦᠨ ᠢ ᠬᠦᠮᠦᠵᠢᠬᠦᠯᠦᠭᠰᠡᠨ ᠪᠠᠶᠢᠳᠠᠭ᠃ ᠨᠠᠷᠠᠨᠭᠡᠷᠡᠯ ᠠᠴᠠ ᠢᠰᠡᠭᠡᠢ ᠤᠷᠠᠯᠠᠯ ᠰᠤᠷᠤᠬᠰᠠᠠ ᠯᠦᠩ ᠳᠠᠩ ᠰᠤᠷᠪᠤᠯᠵᠢᠯᠠᠬᠴᠢ ᠳᠤ᠄ ︽ᠮᠠᠠ ᠤ ᠨᠠᠷᠠᠨᠭᠡᠷᠡᠯ ᠪᠠᠭᠰᠢ ᠪᠤᠯ ᠯᠠᠪᠳᠠᠭᠤᠨ ᠬᠢᠨᠠᠮᠠᠭᠠᠢ ᠢᠶᠠᠷ ᠬᠢᠴᠢᠶᠠᠯ ᠤᠷᠤᠵᠤ᠂ ᠶᠠᠭᠤ ᠠᠰᠠᠭᠤᠪᠠᠯ ᠶᠠᠭᠤ ᠶᠢ ᠨᠠᠷᠢᠯᠢᠬ ᠲᠠᠶᠢᠯᠪᠤᠷᠢᠯᠠᠵᠤ ᠦᠭᠳᠡᠭ᠃ ᠲᠡᠬᠦᠨ ᠤ ᠤᠷᠠᠯᠠᠵᠤ  ᠰᠢᠷᠢᠭᠰᠡᠨ ᠪᠥᠳᠦᠭᠡᠯ ᠨᠢ ᠮᠠᠰᠢ ᠨᠠᠷᠢᠯᠢᠬ ᠭᠤᠶᠤᠮᠰᠤᠭ᠃ ᠢᠰᠡᠭᠡᠢ ᠶᠢᠨ ᠬᠤᠶᠠᠷ ᠲᠠᠯ᠎ᠠ ᠠᠴᠠ ᠨᠢ ᠥᠵᠡᠬᠦ ᠳᠤ ᠵᠢᠭᠳᠡ ᠮᠥᠷᠳᠡᠭᠡᠨ ᠠᠳᠠᠯᠢᠬᠠᠠ ᠬᠠᠷᠠᠬᠳᠠᠳᠠᠬ᠃ ᠢᠰᠡᠭᠡᠢ ᠤᠷᠠᠯᠠᠯ ᠢ ᠤᠷᠠᠯᠠᠠ ᠤᠶᠤᠬᠤ ᠳᠤ ᠢᠡᠭᠬᠢᠵᠤ ᠯᠡ ᠬᠢᠵᠤ ᠴᠢᠳᠠᠵᠤ ᠪᠠᠶᠢᠪᠠᠯ ᠬᠠᠮᠤᠬ ᠥᠨᠳᠦᠷ ᠮᠡᠷᠭᠡᠵᠢᠯ ᠲᠠᠢ ᠭᠡᠵᠤ ᠭᠡᠯᠡᠵᠤ ᠪᠤᠯᠤᠨ᠎ᠠ︾ ᠭᠡᠵᠤ ᠶᠠᠷᠢᠯ᠎ᠠ᠃ ᠨᠠᠷᠠᠨᠬᠡᠷᠡᠯ ᠭᠡᠳᠤᠨ ᠤᠮᠪᠤᠯᠤ ᠪᠠᠨ ᠪᠠᠭ᠎ᠠ ᠠᠴᠠ ᠨᠢ ᠢᠰᠡᠬᠡᠢ ᠤᠷᠠᠯᠠᠯ ᠳᠤ ᠳᠠᠰᠬᠠᠵᠦ ᠪᠤᠯᠪᠠᠰᠤᠷᠠᠭᠤᠯᠵᠤ ᠪᠠᠶᠢᠳᠠᠭ ᠠᠵᠢ᠃ ᠳᠡᠬᠦᠨ ᠤ ᠲᠠᠪᠤᠨ ᠨᠠᠰᠤᠳᠠᠢ ᠤᠮᠪᠤᠯᠤ ᠥᠬᠢᠨ ᠰᠠᠷᠵᠢᠮᠨᠠᠭᠤᠷ ᠤᠨ ᠵᠢᠵᠢᠭ ᠢᠰᠡᠭᠡᠢ ᠳᠡᠭᠡᠷ᠎ᠠ ᠡᠷᠪᠡᠭᠡᠢ ᠰᠢᠷᠢᠵᠦ ᠤᠶᠤᠬᠰᠠᠠ ᠬᠥᠭᠡᠷᠦᠬᠦᠨ ᠲᠤᠭᠤᠭᠠᠠ ᠪᠠᠷᠢᠭᠤᠯ ᠨᠢ ᠮᠠᠰᠢ ᠤᠷᠠᠨ ᠡᠪᠳᠡᠢ ᠬᠢᠭᠰᠡᠨ ᠬᠠᠷᠠᠭᠳᠠᠵᠦ᠂ ᠡᠶᠢᠮᠦ ᠪᠠᠭ᠎ᠠ ᠬᠡᠦᠬᠡᠳ ᠡᠶᠢᠮᠦᠷᠬᠡᠦ ᠰᠠᠶᠢᠬᠠᠨ ᠪᠦᠳᠦᠬᠡᠯ ᠤᠶᠤᠵᠤ ᠭᠠᠷᠭᠠᠨ᠎ᠠ ᠬᠡᠳᠡᠭ ᠲᠤ ᠭᠠᠶᠢᠬᠠᠰᠢ ᠠᠯᠳᠠᠵᠦ ᠪᠢᠯᠡ᠃ ᠡᠷᠳᠡᠨᠢᠴᠡᠴᠡᠭ ᠰᠡᠴᠡᠨ            ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ  
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号