ᠣᠶᠢᠷᠠᠳ ᠮᠣᠩᠭᠤᠯ ᠤᠨ  ᠣᠭᠤᠷᠠᠭ ᠬᠦᠰᠢᠭᠡᠬᠦ ᠶᠣᠰᠣᠨ
ᠨᠡᠶᠢᠲᠡᠯᠡᠭᠰᠡᠨ ᠴᠠᠭ᠄
2020/12/22
      ᠰᠢᠨ᠎ᠡ ᠲᠦᠷᠦᠭᠰᠡᠨ ᠮᠠᠯ ᠤᠨ ᠣᠭᠤᠷᠠᠭ ᠢ ᠰᠠᠭᠠᠵᠣ ᠠᠪᠣᠭᠠᠳ ᠠᠶᠠᠭ᠎ᠠ ᠳᠤ ᠬᠢᠵᠣ ᠬᠠᠶᠢᠰᠣ ᠲᠠᠢ ᠣᠰᠣᠨ ᠲᠣᠳᠣᠷ᠎ᠠ ᠲᠠᠯᠪᠢᠭᠠᠳ ᠵᠢᠩᠨᠡᠬᠦ ᠪᠣᠶᠣ ᠡᠰᠡᠭᠡᠵᠣ ᠭᠤᠯᠣᠭᠠᠢ ᠳᠤ ᠴᠢᠳᠬᠤᠭᠠᠳ ᠣᠰᠣᠨ ᠳᠣᠲᠣᠷ᠎ᠠ ᠪᠤᠴᠠᠯᠭᠠᠪᠠᠯ ᠬᠦᠰᠢᠵᠣ ᠣᠳᠳᠠᠭ᠃ ᠡᠭᠦᠨ ᠢ ᠢᠳᠡᠬᠦ ᠳᠤ ᠬᠦᠳᠦᠦ ︵ᠢᠯᠡᠭᠦᠦ︶ ᠰᠠᠶᠢᠬᠠᠨ ᠠᠮᠳᠠ ᠲᠠᠢ ᠪᠣᠯᠳᠠᠭ ᠲᠣᠯᠠ ᠪᠠᠭ᠎ᠠ ᠬᠦᠪᠡᠭᠦᠳ ᠪᠣᠯᠣᠨ ᠨᠠᠰᠣᠲᠠᠢ ᠬᠦᠮᠦᠰ ᠲᠤ ᠬᠢᠵᠣ ᠢᠳᠡᠭᠦᠯᠳᠡᠭ ᠵᠠᠩᠰᠢᠯ ᠲᠠᠢ ᠪᠠᠶᠢᠳᠠᠭ᠃     ᠣᠭᠤᠷᠠᠭ ᠨᠢ ᠰᠢᠮ᠎ᠡ ᠲᠡᠵᠢᠭᠡᠯ ᠢᠶᠠᠷ ᠮᠠᠰᠢ ᠦᠨᠳᠦᠷ ᠵᠦᠢᠯ ᠪᠣᠯᠬᠤ ᠲᠣᠯᠠ ᠲᠡᠭᠦᠨ ᠢ ᠣᠭᠲᠣ ᠦᠷᠡᠭᠡᠳᠡᠭ ᠦᠭᠡᠢ ᠪᠦᠭᠡᠳ ᠬᠦᠰᠢᠭᠡᠵᠣ ᠢᠳᠡᠬᠦ ᠠᠴᠠ ᠭᠠᠵᠠᠭ᠎ᠠ ᠪᠠᠰᠠ ᠴᠢ ᠰᠦᠯᠡᠵᠣ ᠣᠣᠭᠤᠳᠠᠭ ᠪᠣᠶᠣ ᠰᠢᠭᠤᠳ ᠪᠤᠴᠠᠯᠭᠠᠵᠣ ᠬᠦᠰᠢᠭᠡᠭᠡᠳ ᠢᠳᠡᠬᠦ ᠶᠠᠪᠣᠳᠠᠯ ᠴᠦ ᠪᠠᠶᠢᠳᠠᠭ ᠶᠣᠮ᠃ ᠠᠩᠬᠠᠨ ᠤ ᠣᠭᠤᠷᠠᠭ ᠢᠶᠠᠷ ᠴᠠᠢ ᠰᠦᠯᠡᠬᠦ  ᠳᠡᠭᠡᠨ ᠬᠠᠵᠠᠭᠤ ᠬᠠᠪᠢᠷᠭ᠎ᠠ ᠶᠢᠨ ᠬᠤᠰᠢᠶ᠎ᠠ ᠠᠶᠢᠯ ᠤᠨ ᠨᠠᠰᠣᠳᠠᠨ ᠢ ᠲᠠᠭᠤᠳᠠᠵᠣ ᠦᠭᠳᠡᠭ ᠪᠦᠭᠡᠳ ᠲᠡᠳᠡᠨ ᠠᠴᠠ ᠢᠷᠦᠭᠡᠯ ᠠᠪᠳᠠᠭ ᠵᠠᠩᠰᠢᠯ ᠲᠠᠢ ᠪᠠᠶᠢᠳᠠᠭ᠃  ᠡᠨᠡ ᠨᠢ ᠵᠦᠪᠬᠡᠨ ᠴᠠᠢ ᠦᠭᠬᠦ ᠶᠢᠨ ᠲᠡᠳᠦᠢ ᠠᠭᠤᠯᠭ᠎ᠠ ᠲᠠᠢ ᠪᠢᠰᠢ᠂ ᠬᠠᠷᠢᠨ ᠡᠨᠡ ᠠᠶᠢᠯ ᠤᠨ ᠮᠠᠯ ᠲᠦᠯᠡᠯᠵᠣ ᠡᠬᠢᠯᠡᠭᠰᠡᠨ ᠪᠠ ᠰᠠᠭᠠᠯᠢ ᠲᠠᠢ ᠪᠣᠯᠣᠭᠰᠠᠨ ᠤ ᠲᠡᠭᠡᠵᠢ ᠶᠢ ᠪᠠᠷᠢᠵᠣ ᠪᠠᠶᠢᠬᠤ ᠶᠠᠪᠣᠳᠠᠯ ᠪᠦᠭᠡᠳ ᠲᠦᠯ ᠨᠢ ᠣᠯᠠᠮ ᠣᠯᠠᠨ ᠪᠣᠯᠬᠤ ᠶᠢ ᠢᠷᠦᠯᠠᠨ ᠪᠡᠯᠭᠡᠳᠡᠵᠣ ᠪᠠᠶᠢᠭ᠎ᠠ ᠵᠠᠩ ᠪᠣᠯᠬᠤ ᠶᠣᠮ᠃ ᠡᠶᠢᠮᠦ  ᠠᠴᠠ ᠵᠠᠷᠢᠮ ᠠᠶᠢᠯ ᠦᠬᠡᠷ ᠨᠢ ᠡᠪᠦᠯ ᠢᠶᠠᠷ ᠲᠦᠷᠦᠬᠦ ᠪᠣᠶᠣ ᠬᠠᠪᠣᠷ ᠢᠶᠠᠷ ᠡᠷᠳᠡ ᠲᠦᠷᠦᠭᠰᠡᠨ ᠪᠣᠯᠪᠠᠯ ᠡᠬᠢᠨ ᠤ ᠣᠭᠤᠷᠠᠭ ᠢ   ᠨᠢ ᠰᠠᠭᠠᠭᠠᠳ ᠬᠦᠷᠣᠭᠡᠭᠡᠵᠣ ᠣᠷᠬᠢᠭᠠᠳ ᠰᠠᠶᠢᠨ ᠰᠠᠶᠢᠬᠠᠨ ᠶᠠᠪᠣᠯᠴᠠᠳᠠᠭ ᠠᠶᠢᠯ ᠪᠣᠯᠣᠨ ᠦᠪᠡᠷ ᠤᠨ ᠬᠡᠣᠬᠡᠨ ᠬᠦᠷᠭᠡᠨ ᠬᠦᠪᠡᠭᠦᠨ ᠪᠡᠷᠢ ᠪᠣᠯᠣᠨ ᠬᠠᠮᠤᠭ ᠤᠨ ᠬᠦᠨᠳᠦᠳᠡᠢ ᠲᠦᠷᠦᠯ ᠰᠠᠳᠣᠨ ᠳᠠᠭᠠᠨ ᠬᠦᠷᠭᠡᠬᠦ ᠪᠣᠶᠣ ᠬᠤᠯᠠ ᠪᠠᠶᠢᠪᠠᠯ ᠦᠭᠭᠦᠭᠦᠯᠬᠦ ᠶᠠᠪᠣᠳᠠᠯ ᠴᠦ ᠪᠠᠶᠢᠳᠠᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号