ᠣᠶᠢᠷᠠᠳ ᠮᠣᠩᠭᠤᠯ ᠤᠨ ᠮᠢᠬ᠎ᠠ ᠦᠭᠦᠴᠡᠯᠡᠵᠣ ᠬᠠᠳᠠᠭᠠᠯᠠᠬᠤ ᠠᠷᠭ᠎ᠠ
ᠨᠡᠶᠢᠲᠡᠯᠡᠭᠰᠡᠨ ᠴᠠᠭ᠄
2020/12/22
 ᠦᠭᠦᠴᠡᠯᠡᠵᠣ ᠬᠠᠳᠠᠭᠠᠯᠠᠬᠤ ᠠᠷᠭ᠎ᠠ ᠪᠣᠯᠪᠠᠯ ᠭᠤᠣᠯᠳᠠᠭᠤ ᠡᠪᠦᠯ ᠤᠨ ᠤᠯᠠᠷᠢᠯ ᠳᠤ ᠠᠯᠠᠭᠰᠠᠨ ᠦᠭᠡᠷ ᠤᠨ ᠢᠶᠠᠨ ᠮᠢᠬ᠎ᠠ ᠶᠢ ᠰᠢᠨ᠎ᠠ ᠰᠣᠷᠭᠤᠭ ᠢᠶᠠᠷ ᠨᠢ ᠬᠦᠷᠦᠭᠡᠭᠡᠵᠣ ︵ᠭᠦᠯᠳᠡᠭᠡᠵᠣ︶ ᠤᠳᠠᠭᠠᠨ ᠬᠠᠳᠠᠭᠠᠯᠠᠬᠤ ᠭᠤᠣᠯ ᠠᠷᠭ᠎ᠠ ᠶᠢᠨ ᠨᠢᠭᠡᠨ ᠪᠣᠯᠬᠤ ᠶᠣᠮ᠃ ᠦᠬᠡᠷ ᠤᠨ ᠮᠢᠬ᠎ᠠ ᠶᠢ ᠦᠭᠦᠴᠡᠯᠡᠬᠦ ᠳᠤ ᠠᠯᠠᠭᠰᠠᠨ ᠦᠬᠡᠷ ᠤᠨ ᠢᠶᠠᠨ ᠡᠪᠴᠢᠭᠦᠨ ᠪᠣᠯᠣᠨ ᠣᠭᠤᠴᠠ ᠶᠢ ᠨᠢ ᠡᠪᠳᠡᠬᠦ ᠦᠭᠡᠢ ᠪᠠᠷ ᠦᠷᠭᠦᠢ ︵ᠪᠦᠬᠦᠯᠢ︶ ᠳᠤᠨᠢ ᠠᠪᠴᠣ᠂ ᠣᠭᠤᠴᠠ ᠲᠣᠳᠣᠷ᠎ᠠ ᠪᠠᠨ ᠦᠭᠦᠴᠡᠯᠡᠬᠦ ᠪᠠᠷ ᠪᠡᠯᠡᠳᠭᠡᠭᠰᠡᠨ ᠪᠦᠬᠦᠯᠢ ᠮᠢᠬᠠᠨ ᠪᠣᠯᠣᠨ ᠰᠡᠭᠡᠷ ᠬᠠᠪᠢᠰᠦᠨ᠂ ᠨᠠᠷᠢᠨ ᠭᠡᠳᠡᠰᠣ᠂ ᠬᠢᠮ᠎ᠠ᠂ ᠭᠤᠣᠯ  ᠤᠨ ᠮᠢᠬᠠᠨ᠂ ᠬᠦᠵᠦᠭᠦᠨ ᠤ ᠮᠢᠬᠠᠨ ᠵᠡᠷᠭᠡ ᠵᠦᠢᠯ ᠠᠴᠠ ᠲᠠᠯᠪᠢᠵᠣ᠂ ᠲᠡᠭᠡᠷ᠎ᠡ ᠠᠴᠠ ᠨᠢ ᠡᠪᠴᠢᠭᠦᠦ ᠬᠤᠴᠢᠵᠣ ᠣᠷᠢᠶᠠᠭᠠᠳ ᠲᠦᠷᠦᠯᠡᠵᠣ ᠤᠶᠠᠭᠠᠳ ᠬᠦᠷᠦᠭᠡᠭᠡᠵᠣ ᠲᠠᠯᠪᠢᠬᠤ ᠶᠢ ᠬᠡᠯᠡᠳᠡᠭ᠃ ᠡᠨᠡ ᠬᠦ ᠦᠭᠦᠴᠡᠯᠡᠭᠰᠡᠨ ᠮᠢᠬ᠎ᠠ ᠶᠢ  ᠪᠠᠨ ᠡᠪᠣᠯ ᠳᠤ ᠢᠳᠡᠬᠦ ᠪᠢᠰᠢ᠂ ᠬᠠᠷᠢᠨ ᠴᠠᠭᠠᠨ ᠰᠠᠷ᠎ᠠ ᠪᠣᠶᠣ ᠴᠠᠭᠠᠨ ᠠᠴᠠ ᠬᠤᠶᠢᠷᠣ ᠲᠠᠳᠠᠵᠣ ᠢᠳᠡᠳᠡᠭ ᠪᠠᠶᠢᠯ᠎ᠠ᠃ ᠵᠠᠷᠢᠮ ᠨᠢ ᠦᠭᠦᠴᠡ ᠬᠢᠬᠦ ᠳᠡᠭᠡᠨ ᠡᠪᠴᠢᠭᠦᠨ ᠪᠣᠯᠣᠨ ᠤᠭᠤᠴᠠ ᠪᠠᠷ ᠬᠤᠶᠠᠷ ᠦᠭᠦᠴᠡ ᠬᠢᠵᠣ ᠬᠠᠳᠠᠭᠠᠯᠠᠳᠠᠭ ᠪᠠ ᠣᠷᠢᠳ ᠢᠶᠠᠷ ᠡᠪᠴᠢᠭᠦᠦ ᠪᠠᠷ ᠣᠷᠢᠶᠠᠭᠰᠠᠨ ᠦᠭᠦᠴᠡ ᠪᠠᠨ ᠲᠡᠳᠠᠵᠣ᠂ ᠴᠠᠭᠠᠨ ᠰᠠᠷ᠎ᠠ ᠠᠴᠠ ᠬᠤᠶᠢᠷᠣ ᠣᠭᠤᠴᠠ  ᠪᠠᠷ ᠪᠠᠭᠯᠠᠭᠰᠠᠨ ᠦᠭᠦᠴᠡ ᠪᠠᠨ ᠲᠠᠳᠠᠳᠠᠭ ᠵᠠᠩᠰᠢᠯ ᠲᠠᠢ᠃    ᠭᠡᠳᠡᠯ᠎ᠡ ᠡᠪᠣᠯ ᠤᠨ ᠢᠳᠡᠰᠢ ᠳᠤ ᠠᠯᠠᠭᠰᠠᠨ ᠦᠬᠡᠷ ᠤᠨ ᠮᠢᠬ᠎ᠠ ᠶᠢ ᠪᠦᠭᠦᠳᠡ ᠶᠢ ᠨᠢ ᠦᠭᠦᠴᠡᠯᠡᠬᠦ ᠪᠢᠰᠢ᠂ ᠬᠠᠷᠢᠨ ᠲᠡᠭᠦᠨ ᠤ ᠲᠣᠳᠣᠷ᠎ᠠ ᠠᠴᠠ ᠢᠳᠡᠬᠦ ᠵᠥᠪᠳᠡᠢ ᠮᠢᠬ᠎ᠠ ᠪᠠᠨ ᠦᠯᠡᠳᠡᠭᠡᠬᠦ ᠶᠢᠨ ᠬᠠᠮᠲᠣ ᠪᠠᠰᠠ ᠠᠭᠤᠰᠬᠢ᠂ ᠭᠦᠵᠡᠭᠡᠨ᠂ ᠦᠷᠣ ᠮᠢᠬᠠᠨ᠂ ᠨᠠᠷᠢᠨ ᠭᠡᠳᠡᠰᠦᠨ᠂ ᠬᠢᠮ᠎ᠠ ᠵᠡᠷᠭᠡ ᠠᠴᠠ ᠢᠯᠭᠠᠨ ᠠᠪᠴᠣ ᠨᠠᠷᠢᠨ ᠤᠳᠠᠰᠣ ᠪᠠᠷ ᠭᠤᠭᠴᠣᠭᠠᠯᠠᠵᠣ ᠨᠢᠭᠡ ᠬᠡᠯᠬᠢᠶ᠎ᠡ ᠲᠣᠳᠣᠷ ᠪᠣᠯᠭᠠᠵᠣ ᠢᠯᠠ ᠬᠠᠳᠠᠭᠠᠯᠠᠳᠠᠭ᠃ ᠡᠨᠡ ᠮᠡᠳᠦ ᠪᠠᠷ ᠣᠯᠠᠨ ᠬᠡᠯᠬᠢᠶ᠎ᠠ ᠮᠢᠬ᠎ᠠ ᠬᠢᠵᠣ ᠬᠦᠷᠦᠭᠡᠭᠡᠵᠣ ᠲᠠᠯᠪᠢᠭᠠᠳ ᠨᠢᠵᠡᠭᠡᠳ ᠬᠡᠯᠬᠢᠶ᠎ᠡ ᠪᠠᠷ ᠢᠳᠡᠬᠦ ᠪᠣᠶᠣ ᠣᠶᠢᠷ᠎ᠠ ᠰᠠᠳᠣᠨ ᠲᠦᠷᠦᠯ ᠬᠦᠮᠦᠰ  ᠲᠡᠭᠡᠨ ᠬᠦᠷᠭᠡᠳᠡᠭ᠃ ᠡᠶᠢᠭᠡᠵᠣ ᠲᠣᠳᠣᠷ ᠮᠢᠬ᠎ᠠ ᠶᠢ ᠬᠡᠯᠬᠢᠵᠣ ᠲᠠᠯᠪᠢᠬᠤ ᠪᠠᠨ ︽ᠲᠣᠳᠣᠷ ᠬᠡᠯᠬᠢᠬᠦ︾ ᠭᠡᠵᠣ ᠬᠡᠯᠡᠳᠡᠭ᠃       ᠴᠠᠭᠠᠨ ᠰᠠᠷ᠎ᠠ ᠠᠴᠠ ᠬᠤᠶᠢᠰᠢ ᠠᠶᠢᠯ ᠪᠣᠯᠭᠠᠨ ᠦᠭᠦᠴᠡ ᠪᠠᠨ ᠳᠠᠳᠠᠳᠠᠭ ᠲᠣᠯᠠ ᠵᠠᠷᠢᠮ ᠨᠢ ᠴᠠᠭᠠᠨ ᠤ ᠴᠠᠢ ᠦᠭᠬᠦ ᠦᠶ᠎ᠡ ᠳᠤ ᠪᠠᠨ ᠲᠠᠳᠠᠵᠣ ᠦᠭᠦᠴᠡ ᠲᠠᠳᠠᠭᠰᠠᠨ ᠶᠣᠰᠣᠯᠠᠯ ᠤᠨ ᠬᠠᠮᠲᠣ ᠣᠶᠢᠷ᠎ᠠ ᠬᠤᠰᠢᠶ᠎ᠠ ᠠᠬ᠎ᠠ ᠲᠡᠭᠦᠦ ᠨᠠᠷ ᠲᠡᠭᠡᠨ ᠴᠠᠢ ᠦᠭᠴᠦ ᠨᠠᠶᠢᠷ ᠬᠢᠳᠡᠭ᠃ ᠲᠡᠭᠡᠬᠦ ᠳᠡᠭᠡᠨ ᠵᠠᠷᠢᠮ ᠨᠢ ᠲᠣᠰᠬᠠᠢ ᠦᠬᠦᠴᠡ ᠳᠠᠳᠠᠭᠰᠠᠨ ᠲᠡᠷᠡ ᠡᠳᠦᠷ  ᠢᠶᠠᠨ ᠠᠶᠢᠯ ᠬᠤᠰᠢᠶ᠎ᠠ ᠬᠦᠮᠦᠰ ᠢᠶᠠᠨ ᠲᠠᠭᠤᠳᠠᠵᠣ ᠦᠬᠦᠴᠡ ᠠᠴᠠ ᠭᠠᠷᠭᠠᠭᠰᠠᠨ ᠮᠢᠬ᠎ᠠ ᠪᠠᠨ ᠴᠢᠨᠠᠵᠣ ᠴᠠᠶᠢᠯᠠᠯᠭ᠎ᠠ ᠬᠢᠵᠣ ᠨᠠᠶᠢᠷᠯᠠᠳᠠᠭ᠃ ᠵᠢᠯ ᠪᠦᠷᠢ ᠬᠡᠨ ᠨᠢᠭᠡ ᠨᠢ ᠦᠭᠦᠴᠡ ᠪᠠᠨ ᠲᠠᠳᠠᠬᠤ ᠳᠠᠭᠠᠨ ᠠᠶᠢᠯ ᠬᠤᠰᠢᠶ᠎ᠠ ᠪᠣᠶᠣ ᠰᠠᠶᠢᠨ ᠰᠠᠶᠢᠬᠠᠨ ᠶᠠᠪᠣᠯᠴᠠᠵᠣ ᠪᠠᠶᠢᠭᠰᠠᠨ ᠣᠯᠣᠰ ᠢᠶᠠᠨ ᠲᠠᠭᠤᠳᠠᠬᠤ ᠦᠭᠡᠢ ᠪᠣᠯᠪᠠᠯ ︽ᠦᠭᠦᠴᠡ ᠪᠠᠨ ᠳᠠᠳᠠᠬᠤ ᠳᠠᠭᠠᠨ ᠨᠠᠮᠠᠢᠢ ᠶᠠᠭᠤᠨ ᠳᠤ ᠲᠠᠭᠤᠳᠠᠭᠰᠠᠨ ᠦᠭᠡᠢ ᠪᠣᠢ ᠴᠢ︾ ᠭᠡᠵᠣ ᠣᠢ ᠭᠤᠮᠣᠳᠠᠯ ᠬᠡᠯᠡᠳᠡᠭ ᠶᠠᠪᠣᠳᠠᠯ ᠪᠠᠶᠢᠳᠠᠭ᠃ ᠡᠶᠢᠮᠦ ᠠᠴᠠ ᠦᠭᠦᠴᠡ ᠳᠠᠳᠠᠭᠰᠠᠨ ᠠᠶᠢᠯ ᠴᠦ ᠬᠤᠰᠢᠶ᠎ᠠ ᠬᠦᠮᠦᠰ ᠢᠶᠠᠨ ᠴᠢᠳᠠᠬᠤ ᠶᠢᠨ ᠲᠣᠳᠣᠷ᠎ᠠ ᠬᠠᠶᠠᠬᠤ ᠦᠭᠡᠢ ᠲᠠᠭᠤᠳᠠᠳᠠᠭ ᠪᠠ ᠢᠯᠠᠩᠭᠤᠶ᠎ᠠ ᠬᠦᠬᠦᠬᠦᠯ ᠡᠮᠡᠭᠲᠡᠢ ᠶᠢ ᠶᠠᠭᠠᠬᠢᠭᠰᠠᠨ ᠴᠦ ᠬᠠᠶᠠᠵᠣ ᠪᠣᠯᠳᠠᠭ ᠦᠭᠡᠢ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号