ᠣᠶᠢᠷᠠᠳ ᠮᠣᠩᠭᠤᠯ ᠤᠨ ᠮᠢᠬ᠎ᠠ ᠬᠠᠳᠠᠭᠠᠵᠣ ᠬᠠᠳᠠᠭᠠᠯᠠᠬᠤ ᠠᠷᠭ᠎ᠠ
ᠨᠡᠶᠢᠲᠡᠯᠡᠭᠰᠡᠨ ᠴᠠᠭ᠄
2020/12/22
      ᠬᠠᠳᠠᠭᠠᠵᠣ ᠬᠠᠳᠠᠭᠠᠯᠠᠬᠤ ᠭᠡᠳᠡᠭ ᠨᠢ ᠪᠣᠯᠪᠠᠯ ᠠᠯᠠᠭᠰᠠᠨ ᠠᠩ ᠪᠣᠶᠣ ᠮᠠᠯ ᠤᠨ ᠴᠣᠯ ᠮᠢᠬ᠎ᠠ ᠶᠢ ᠰᠡᠭᠦᠳᠡᠷ ᠭᠠᠵᠠᠷ ᠲᠤ ᠡᠯᠭᠦᠵᠣ ᠬᠠᠳᠠᠭᠠᠬᠤ ᠶᠢ ᠬᠡᠯᠡᠳᠡᠭ ᠪᠠᠶᠢᠯ᠎ᠠ᠃ ᠮᠢᠬ᠎ᠠ ᠬᠠᠳᠠᠭᠠᠬᠤ ᠠᠷᠭ᠎ᠠ ᠶᠢ ᠶᠠᠮᠠᠷ ᠴᠦ ᠤᠯᠠᠷᠢᠯ ᠳᠤ ᠪᠦᠷ ᠬᠡᠷᠡᠭᠯᠡᠳᠡᠭ ᠪᠠ ᠴᠠᠭ ᠠᠭᠠᠷ ᠪᠣᠯᠣᠨ ᠠᠭᠤᠷ ᠠᠮᠢᠰᠬᠤᠯ ᠤᠨ ᠪᠠᠶᠢᠳᠠᠯ ᠳᠤ ᠲᠣᠬᠢᠷᠠᠭᠤᠯᠣᠨ ᠣᠯᠠᠨ ᠵᠦᠢᠯ ᠢᠶᠠᠷ ᠬᠠᠳᠠᠭᠠᠳᠠᠭ᠃ ᠡᠳᠡᠭᠡᠷ ᠮᠢᠬ᠎ᠠ ᠬᠠᠳᠠᠭᠠᠬᠤ ᠠᠷᠭ᠎ᠠ ᠳᠤ ︽ᠪᠣᠷᠴᠠᠯᠠᠵᠣ ᠬᠠᠳᠠᠭᠠᠬᠤ︾᠂ ︽ᠢᠷᠡᠵᠣ ᠬᠠᠳᠠᠭᠠᠬᠤ︾᠂ ︽ᠣᠳᠣᠵᠣ ᠬᠠᠳᠠᠭᠠᠬᠤ︾᠂ ︽ᠣᠷᠢᠨᠠᠭᠤᠯᠵᠣ ᠬᠠᠳᠠᠭᠠᠬᠤ︾᠂ ︽ᠪᠦᠬᠦᠯᠢ ᠠᠪᠷ ᠬᠠᠳᠠᠭᠠᠬᠤ︾᠂ ︽ᠰᠣᠷᠯᠠᠵᠣ ᠬᠠᠳᠠᠭᠠᠬᠤ︾᠂ ︽ᠵᠦᠷᠮ᠎ᠡ ᠬᠢᠵᠣ ᠬᠠᠳᠠᠭᠠᠬᠤ︾ ᠮᠡᠳᠦ ᠠᠷᠭ᠎ᠠ ᠪᠠᠶᠢᠳᠠᠭ᠃    ᠪᠣᠷᠴᠠᠯᠠᠵᠣ ᠬᠠᠳᠠᠭᠠᠬᠤ ᠭᠡᠳᠡᠭ ᠨᠢ ᠵᠣᠨ ᠤ ᠴᠠᠭ ᠲᠤ ᠭᠠᠷᠭᠠᠭᠰᠠᠨ ᠮᠠᠯ ᠤᠨ ᠢᠶᠠᠨ ᠮᠢᠬ᠎ᠠ ᠶᠢ ᠡᠪᠳᠡᠵᠣ ᠮᠢᠬᠠᠨ ᠪᠣᠯᠣᠨ ᠶᠠᠰᠣ ᠶᠢ ᠨᠢ ᠰᠠᠯᠭᠠᠭᠠᠳ ᠦᠭᠡᠭᠦᠨ ᠪᠣᠷᠣ ᠶᠢ ᠨᠢ ᠲᠡᠩᠴᠡᠭᠦᠯᠦᠨ ᠨᠠᠷᠢᠨ ᠢᠶᠠᠷ ᠵᠦᠰᠦᠵᠣ ᠲᠡᠭᠡᠷ᠎ᠡ  ᠨᠢ ᠪᠠᠭ᠎ᠠ ᠬᠡᠮᠵᠢᠶᠠᠨ ᠤ ᠲᠠᠪᠣᠰᠣ ᠴᠠᠴᠤᠵᠤ ᠲᠠᠷᠣᠳᠠᠭ ᠪᠠ ᠲᠠᠪᠣᠰᠣ ᠨᠢ ᠮᠢᠬᠠᠨ ᠳᠤ ᠪᠠᠨ ᠨᠠᠪᠳᠠ ᠰᠢᠩᠭᠡᠭᠰᠡᠨ ᠠᠴᠠ ᠬᠤᠶᠢᠷᠣ ᠭᠡᠷ ᠲᠣᠳᠣᠷ᠎ᠠ ᠪᠣᠶᠣ ᠭᠠᠵᠠᠭ᠎ᠠ ᠮᠣᠳᠣ ᠲᠠᠮᠨᠠᠬᠤ ᠪᠣᠶᠣ ᠲᠡᠭᠡᠰᠦ ᠲᠠᠳᠠᠵᠣ ᠣᠷᠬᠢᠭᠠᠳ ᠲᠡᠭᠦᠨ ᠳᠤ ᠡᠯᠭᠦᠵᠣ ᠬᠠᠳᠠᠭᠠᠵᠣ ᠠᠪᠬᠤ ᠪᠠᠨ ᠬᠡᠯᠡᠳᠡᠭ᠃   ᠢᠷᠡᠵᠣ ᠬᠠᠳᠠᠭᠠᠬᠤ ᠭᠡᠳᠡᠭ ᠨᠢ ᠪᠣᠯᠪᠠᠯ ᠠᠩ ᠤᠨ ᠪᠠ ᠮᠠᠯ ᠤᠨ ᠮᠥᠴᠢᠯᠡᠨ ᠰᠠᠯᠭᠠᠭᠰᠠᠨ ᠮᠢᠬ᠎ᠠ ᠶᠢ ᠪᠠᠨ ᠶᠠᠰᠣᠨ ᠠᠴᠠ ᠨᠢ ᠲᠣᠰ ᠲᠣᠰ ᠰᠠᠯᠭᠠᠵᠣ ᠠᠪᠣᠭᠠᠳ ᠲᠡᠷᠡ ᠶᠣᠰᠣᠨ ᠳᠤᠨᠢ ᠪᠦᠬᠦᠯᠢ ᠪᠠᠷ ᠢᠷᠡᠵᠣ ᠵᠣᠬᠢᠬᠤ ᠬᠡᠮᠵᠢᠶᠠᠨ ᠤ ᠲᠠᠪᠣᠰᠣ ᠴᠠᠴᠣᠵᠣ ᠠᠮᠠᠭᠠᠯᠵᠢ ᠪᠣᠶᠣ ᠣᠷᠳᠣ ᠮᠣᠳᠣᠨ ᠲᠡᠭᠡᠷ᠎ᠡ ᠲᠡᠮᠨᠠᠵᠣ ᠬᠠᠳᠠᠭᠠᠬᠤ ᠶᠢ ᠬᠡᠯᠡᠳᠡᠭ᠃ ᠲᠠᠷᠪᠠᠭ᠎ᠠ ᠶᠢᠨ ᠮᠢᠬ᠎ᠠ ᠶᠢ ᠪᠦᠬᠦᠯᠢ ᠪᠠᠷ ᠨᠢ ᠢᠷᠡᠵᠣ ᠲᠡᠷᠡᠮ ᠤᠨ ᠲᠣᠯᠣᠭᠠᠢ ᠠᠴᠠ ᠡᠯᠭᠦᠵᠣ ᠬᠠᠳᠠᠭᠠᠵᠣ ᠠᠪᠳᠠᠭ᠃   ᠣᠳᠣᠵᠣ ᠬᠠᠳᠠᠭᠠᠬᠤ ᠭᠡᠳᠡᠭ ᠨᠢ ᠮᠠᠯ ᠤᠨ ᠮᠢᠬ᠎ᠠ ᠶᠢ ᠦᠶᠡᠯᠡᠨ ᠰᠠᠯᠭᠠᠵᠣ᠂ ᠪᠣᠷᠣ ᠮᠢᠬᠠᠰ ᠢ ᠨᠢ ᠢᠷᠡᠵᠣ ᠪᠠᠭ᠎ᠠ ᠵᠡᠷᠭᠡ ᠶᠢᠨ ᠲᠠᠪᠣᠰᠣ ᠴᠠᠴᠣᠵᠣ ᠪᠠᠷᠢᠭ᠎ᠠ ᠭᠡᠷ ᠤᠨ ᠡᠷᠣᠬᠡ ᠶᠢᠨ ᠲᠣᠣᠷᠠᠳᠣ ᠪᠠᠶ᠎ᠠ ᠪᠠᠷ ᠡᠷᠭᠢᠭᠦᠯᠦᠨ ᠡᠯᠭᠦᠵᠣ ᠰᠢᠭᠦᠰᠦ ᠨᠢ ᠬᠠᠳᠠᠵᠣ ᠮᠣᠳᠣᠰᠢᠬᠤ ᠬᠦᠷᠳᠡᠯ᠎ᠡ ᠨᠢ ᠬᠠᠳᠠᠭᠠᠳᠠᠭ᠃ ᠡᠶᠢᠭᠡᠵᠣ ᠬᠠᠳᠠᠭᠠᠬᠤ ᠳᠤ ᠲᠣᠣᠷ᠎ᠠ ᠨᠢ ᠲᠦᠯᠡᠭᠰᠡᠨ ᠭᠠᠯ ᠤᠨ ᠣᠳᠤᠭ᠎ᠠ ᠰᠢᠩᠭᠡᠵᠣ ᠬᠠᠳᠠᠳᠠᠭ ᠪᠣᠯᠬᠤᠷ ᠠᠮᠳᠠ ᠨᠢ ᠮᠠᠰᠢ ᠰᠠᠶᠢᠬᠠᠨ ᠪᠣᠯᠳᠠᠭ ᠪᠦᠭᠡᠳ ᠣᠭᠤᠳᠠ ᠳᠤ ᠬᠢᠵᠣ ᠬᠠᠭᠤᠷᠠᠢ ᠭᠠᠵᠠᠷ ᠲᠤ ᠤᠳᠠᠭᠠᠨ ᠬᠠᠳᠠᠭᠠᠯᠠᠵᠣ ᠪᠣᠯᠳᠠᠭ ᠣᠨᠴᠠᠯᠢᠭ ᠲᠠᠢ ᠶᠣᠮ᠃ ᠵᠠᠷᠢᠮ ᠠᠶᠢᠯ ᠨᠢ ᠡᠪᠦᠯ ᠢᠶᠠᠷ ᠦᠬᠡᠷ ᠠᠯᠠᠵᠣ ᠪᠦᠬᠦ ᠮᠢᠬ᠎ᠠ ᠶᠢ ᠨᠢ ᠡᠨᠡ ᠮᠡᠳᠦ ᠬᠠᠳᠠᠭᠠᠵᠣ ᠠᠪᠳᠠᠭ ᠪᠠ ᠲᠠᠷᠠᠭ᠎ᠠ ᠵᠢᠯ ᠤᠨ ᠬᠢᠨᠢ ᠬᠠᠪᠣᠷ ᠪᠣᠯᠣᠨ ᠵᠣᠨ ᠳᠤ ᠢᠳᠡᠳᠡᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号