ᠣᠶᠢᠷᠠᠳ ᠮᠣᠩᠭᠤᠯ ᠤᠨ ᠮᠢᠬ᠎ᠠ ᠬᠠᠪᠢᠰᠣ ᠬᠡᠳᠡᠰᠦᠯᠡᠬᠦ ᠠᠷᠭ᠎ᠠ
ᠨᠡᠶᠢᠲᠡᠯᠡᠭᠰᠡᠨ ᠴᠠᠭ᠄
2020/12/22
      ᠬᠠᠪᠢᠰᠣ ᠭᠡᠳᠡᠰᠦᠯᠡᠬᠦ ᠭᠡᠳᠡᠭ ᠨᠢ ᠮᠣᠷᠢᠨ ᠤ ᠬᠠᠪᠢᠰᠣ ᠶᠢ ᠮᠢᠬ᠎ᠠ ᠲᠠᠢ ᠨᠢ ᠰᠠᠯᠭᠠᠵᠣ ᠠᠪᠣᠭᠠᠳ ᠭᠡᠳᠡᠰᠦᠨ  ᠳᠤᠨᠢ ᠭᠦᠶᠦᠯᠭᠡᠵᠣ ᠬᠠᠳᠠᠭᠠᠯᠠᠬᠤ ᠠᠷᠭ᠎ᠠ ᠶᠢ ᠬᠡᠯᠡᠳᠡᠭ᠃ ᠦᠭᠡᠷ᠎ᠡ ᠪᠠᠷ ᠬᠡᠯᠡᠪᠡᠯ᠂ ᠡᠪᠦᠯ ᠤᠨ ᠢᠳᠡᠰᠢ ᠳᠤ ᠭᠠᠷᠭᠠᠭᠰᠠᠨ ᠮᠣᠷᠢᠨ ᠤ ᠬᠠᠪᠢᠰᠦ ᠶᠢ ᠬᠤᠣᠰ ᠢᠶᠠᠷ ᠪᠣᠶᠣ ᠦᠷᠦᠭᠡᠯ ᠢᠶᠠᠷ ᠰᠠᠯᠭᠠᠨ ᠠᠷᠪᠢᠩ ︵ᠬᠠᠷᠪᠢᠩ︶ ᠢ ᠨᠢ ᠲᠠᠭᠠᠭᠠᠭᠤᠯᠣᠨ ᠨᠠᠷᠢᠨ ᠣᠷᠳᠣ ᠪᠠᠷ ᠵᠦᠰᠦᠵᠣ ᠲᠡᠭᠡᠷ᠎ᠡ ᠨᠢ ᠵᠣᠬᠢᠬᠤ ᠬᠡᠮᠵᠢᠶᠠᠨ ᠤ ᠲᠠᠪᠣᠰᠣ ᠴᠠᠴᠣᠵᠣ᠂ ᠲᠠᠩ ᠬᠠᠪᠢᠰᠣᠨ ᠪᠣᠯᠪᠠᠯ ᠲᠠᠷᠠ ᠶᠣᠰᠣᠨ ᠳᠤᠨᠢ᠂ ᠬᠤᠣᠰ ᠬᠠᠪᠢᠰᠦᠨ ᠪᠣᠯᠪᠠᠯ ᠲᠣᠯᠣᠭᠠᠢ ᠲᠠᠯ᠎ᠠ ᠠᠴᠠ ᠨᠢ ᠬᠡᠷᠴᠢᠨ ᠰᠠᠯᠭᠠᠵᠣ ᠠᠷᠪᠢᠩ ᠳᠤᠨᠢ ᠬᠦᠷᠦᠭᠡᠭᠡᠳ ᠬᠡᠯᠬᠢᠶ᠎ᠠ ᠲᠠᠢ ᠦᠯᠡᠳᠡᠭᠡᠵᠣ᠂ ᠲᠠᠬᠢᠨ ᠬᠠᠪᠢᠰᠦ ᠪᠠᠨ ᠨᠠᠷᠢᠨ ᠭᠡᠳᠡᠰᠦᠨ  ᠳᠤᠨᠢ ᠭᠦᠶᠦᠯᠭᠡᠭᠡᠳ ᠪᠢᠳᠡᠭᠦᠦ ᠭᠡᠷ ᠲᠣᠳᠣᠷ᠎ᠠ ᠲᠡᠭᠡᠰᠦ ᠳᠠᠳᠠᠬᠤ ᠪᠣᠶᠣ ᠮᠣᠳᠣ ᠲᠠᠮᠨᠠᠵᠣ ᠲᠡᠭᠦᠨ ᠤ ᠲᠡᠭᠡᠷ᠎ᠡ ᠵᠡᠷᠭᠡᠴᠡᠭᠦᠯᠦᠨ ᠲᠠᠮᠨᠠᠵᠣ᠂ ᠲᠣᠣᠷ᠎ᠠ ᠠᠴᠠ ᠨᠢ ᠣᠳᠤᠭ᠎ᠠ ᠲᠠᠯᠪᠢᠵᠣ ᠬᠠᠳᠠᠭᠠᠳᠠᠭ᠃ ᠡᠶᠢᠭᠡᠵᠣ ᠰᠢᠭᠦᠰᠦ ᠪᠠᠨ ᠲᠣᠳᠣᠷ᠎ᠠ ᠪᠠᠨ ᠲᠠᠳᠠᠭᠠᠳ ᠬᠠᠳᠠᠭᠰᠠᠨ ᠬᠠᠪᠢᠰᠦ ᠶᠢ ︽ᠭᠡᠳᠡᠰᠦᠯᠡᠭᠰᠡᠨ ᠬᠠᠪᠢᠰᠦ︾ ᠭᠡᠵᠣ ᠨᠡᠷᠡᠯᠡᠳᠡᠭ᠃     ᠮᠣᠷᠢᠨ ᠤ ᠭᠡᠳᠡᠰᠦᠯᠡᠭᠰᠡᠨ ᠬᠠᠪᠢᠰᠣ ᠨᠢ ᠠᠮᠳᠠ ᠰᠢᠮᠳᠠ ᠪᠠᠷ ᠰᠠᠶᠢᠨ ᠪᠣᠯᠬᠤ ᠡᠰᠡᠬᠦ ᠨᠢ ᠲᠡᠭᠦᠨ ᠢ ᠣᠳᠣᠬᠤ  ᠳᠤ ᠪᠠᠶᠢᠳᠠᠭ ᠭᠡᠵᠣ ᠬᠡᠯᠡᠳᠡᠭ᠃ ᠡᠶᠢᠮᠦ ᠠᠴᠠ ᠮᠣᠷᠢᠨ ᠤ ᠭᠡᠳᠡᠰᠦᠯᠡᠭᠰᠡᠨ ᠬᠠᠪᠢᠰᠦ ᠪᠣᠶᠣ ᠮᠢᠬ᠎ᠠ ᠶᠢ ᠣᠳᠣᠬᠤ ᠳᠤ ᠨᠢᠭᠡ ᠬᠡᠮᠵᠢᠶᠠᠨ ᠤ ᠠᠷᠭ᠎ᠠ ᠲᠣᠷᠰᠢᠯᠭ᠎ᠠ ᠬᠡᠷᠡᠭᠴᠡᠭᠡ ᠲᠠᠢ ᠪᠠᠶᠢᠳᠠᠭ ᠲᠣᠯᠠ ᠬᠦᠮᠦᠨ ᠬᠦᠮᠦᠨ ᠤ ᠣᠳᠣᠵᠣ ᠬᠠᠳᠠᠭᠠᠭᠰᠠᠨ ᠮᠢᠬᠠᠨ ᠤ ᠠᠮᠳᠠ ᠨᠢ ᠠᠳᠠᠯᠢ ᠦᠭᠡᠢ ᠪᠣᠯᠳᠠᠭ᠃ ᠡᠭᠦᠨ ᠳᠤ ᠭᠡᠳᠡᠰᠦᠯᠡᠭᠰᠡᠨ ᠬᠠᠪᠢᠰᠦ ᠪᠠᠨ ᠣᠳᠣᠬᠤ  ᠳᠠᠭᠠᠨ ᠵᠠᠷᠢᠮ ᠬᠦᠮᠦᠰ ᠠᠷᠴᠠ ᠣᠩᠭᠤᠳᠬᠠᠵᠣ ᠣᠳᠣᠳᠠᠭ ᠪᠠᠶᠢᠬᠤ ᠳᠤ᠂ ᠵᠠᠷᠢᠮ ᠣᠯᠣᠰ ᠨᠢ ᠬᠠᠷᠢᠨ ᠮᠣᠷᠢᠨ ᠤ ᠬᠡᠳᠡ ︵ᠬᠤᠮᠣᠯ︶ ᠤᠩᠭᠤᠳᠬᠠᠵᠣ ᠣᠳᠣᠳᠠᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号