| | ᠪᠢ ᠠᠵᠠ ᠪᠠᠷ ᠤᠢᠢᠷᠠᠳ ᠮᠤᠩᠭᠤᠯ ᠤᠨ ᠳᠡᠦᠭᠡ ᠰᠤᠶᠤᠯ ᠤᠨ ᠡᠷᠳᠡᠮ ᠰᠢᠨᠵᠢᠯᠡᠭᠡᠨ ᠤ ᠰᠤᠳᠤᠯᠤᠨ ᠶᠠᠷᠢᠯᠴᠠᠬᠤ | ᠬᠤᠷᠠᠯ ᠳᠤ ᠤᠷᠤᠯᠴᠠᠵᠤ᠂ ᠳᠡᠦᠭᠡᠨ ᠳᠤ ᠠᠯᠳᠠᠷᠳᠠᠢ ᠳᠦᠷᠪᠡᠨ ᠤᠢᠢᠷᠠᠳ ᠤᠨ ᠬᠤᠯᠪᠤᠭᠠᠨ ᠤ ᠳᠠᠰᠤᠷᠬᠠᠢ | ᠪᠤᠯᠤᠭᠰᠠᠨ ᠭᠦᠯᠦᠨ ᠪᠤᠶᠢᠷ ᠤᠨ ᠦᠭᠡᠯᠡᠳ ᠤᠨ ᠳᠤᠬᠠᠢ ᠦᠵᠡᠵᠤ ᠰᠤᠨᠤᠰᠤᠭᠰᠠᠨ ᠢᠶᠠᠨ ᠲᠤᠰ ᠪᠦᠲᠦᠭᠡᠯ ᠢᠶᠠᠷ ᠢᠶᠠᠨ | ᠳᠠᠮᠵᠢᠭᠤᠯᠵᠤ ᠤᠩᠰᠢᠬᠴᠢᠳ ᠲᠠᠭᠠᠨ ᠳᠤᠯᠢᠳᠠᠭᠤᠯᠬᠤ ᠶᠢ ᠵᠤᠷᠢᠯ᠎ᠠ᠃ | ᠨᠢᠭᠡ᠂ ᠭᠦᠯᠦᠨ ᠪᠤᠶᠢᠷ ᠤᠨ ᠦᠭᠡᠯᠡᠳ ᠶᠠᠰᠤᠳᠠᠨ ᠤ ᠳᠡᠦᠭᠡᠨ ᠢᠷᠡᠯᠳᠡ | ᠡᠸᠡᠩᠭᠢ ᠦᠨᠳᠦᠰᠦᠳᠡᠨ ᠤ ᠦᠪᠠᠷᠳᠡᠭᠡᠨ ᠵᠠᠰᠠᠬᠤ ᠬᠤᠰᠢᠭᠤᠨ ᠤ ᠳᠦᠪ ᠠᠴᠠ ᠤᠷᠤᠭᠰᠢ ᠵᠠᠭᠤᠨ ᠺᠢᠯᠤᠮᠧᠲᠷ ᠤᠨ | ᠤᠷᠴᠢᠮ ᠳᠤ ᠪᠠᠯᠴᠢᠭᠡᠷ ᠡᠪᠡᠰᠤ ᠰᠠᠶᠢᠳᠠᠢ᠂ ᠮᠤᠳᠤ ᠰᠢᠭᠤᠢ ᠦᠯᠡᠮᠵᠢ᠂ ᠵᠢᠭᠠᠰᠤ ᠭᠦᠷᠦᠭᠡᠰᠤ ᠡᠯᠪᠡᠭ ᠪᠠᠶᠠᠯᠢᠭ | ᠮᠠᠯᠵᠢᠬᠤ ᠨᠤᠳᠤᠭ ᠪᠠᠶᠢᠵᠦ᠂ ᠠᠳᠡ ᠨᠢᠭᠡ ᠪᠦᠯᠦᠭ ᠦᠭᠡᠯᠡᠳᠴᠤᠳ ᠠᠵᠤ ᠳᠦᠷᠦᠵᠤ ᠪᠤᠢ᠃ ᠠᠳᠡᠭᠢ | ᠦᠭᠡᠯᠡᠳᠴᠤᠳ ᠢᠮᠢᠨ ᠭᠤᠤᠯ ᠤᠨ ᠭᠦᠪᠡᠭᠡᠨ ᠳᠤ ᠨᠤᠳᠤᠭᠰᠢᠭᠰᠠᠨ ᠳᠤᠯᠠ ᠢᠮᠢᠨ ᠭᠤᠤᠯ ᠤᠨ ᠨᠠᠷᠠ ᠪᠠᠷ ᠡᠨᠡ | ᠨᠤᠳᠤᠭ ᠢ ᠤᠳᠤ ︽ᠢᠮᠢᠨ ᠰᠤᠮᠤ︾ ᠭᠡᠵᠦ ᠪᠠᠶᠢᠨ᠎ᠠ᠃ | ᠢᠮᠢᠨ ᠭᠤᠤᠯ ᠤᠨ ᠳᠡᠨᠵᠢᠨ ᠳᠤ ᠠᠵᠤ ᠳᠦᠷᠦᠵᠦ ᠪᠠᠶᠢᠭ᠎ᠠ ᠦᠭᠡᠯᠡᠳᠴᠤᠳ ᠢ ᠬᠠᠭᠤᠴᠢᠨ ᠦᠭᠡᠯᠡᠳ ᠪᠠ ᠰᠢᠨ᠎ᠠ | ᠦᠭᠡᠯᠡᠳ ᠭᠡᠵᠦ ᠬᠤᠪᠢᠶᠠᠳᠠᠭ᠃ ᠬᠠᠭᠤᠴᠢᠨ ᠦᠭᠡᠯᠡᠳ ᠪᠤᠯ 1732 ᠤᠨ ᠳᠤ ᠠᠳᠡ ᠨᠡᠭᠦᠳᠡᠯᠯᠡᠨ ᠢᠷᠡᠭᠰᠡᠳ᠂ | ᠳᠤᠬᠠᠢᠢᠯᠠᠪᠠᠯ 1697 ᠤᠨ ᠤ ᠪᠢᠯᠢᠭ ᠤᠨ ᠤᠯᠠᠷᠢᠯ ᠤᠨ ᠢᠯᠡᠭᠦᠤ ᠭᠤᠷᠪᠠᠨ ᠰᠠᠷ᠎ᠠ ᠶᠢᠨ ᠠᠷᠪᠠᠨ ᠭᠤᠷᠪᠠᠨ ᠳᠤ | ᠵᠦᠩᠭᠠᠷ ᠬᠠᠭᠠᠨᠳᠤ ᠤᠯᠤᠰ ᠤᠨ ᠭᠠᠯᠳᠠᠨ ᠪᠤᠱᠤᠭᠳᠤ ᠬᠠᠭᠠᠨ ᠨᠠᠰᠤ ᠪᠠᠷᠠᠭᠰᠠᠨ ᠳᠤ ᠳᠡᠭᠦᠨ ᠤ ᠳᠤᠤᠷᠠᠭᠢ ᠭᠦᠮᠦᠰ | ᠦᠮᠦᠭ ᠳᠦᠰᠢᠭ ᠢᠶᠠᠨ ᠠᠯᠳᠠᠵᠦ᠂ ᠭᠡᠰᠡᠭ ᠪᠦᠯᠦᠭ ᠢᠶᠠᠷ ᠵᠦᠭ ᠵᠦᠭ ᠲᠡᠭᠡᠨ ᠪᠤᠳᠠᠷᠠᠵᠦ ᠡᠭᠢᠯᠡᠵᠡᠢ᠃ ᠡᠭᠦᠨ ᠳᠤ | ᠳᠡᠨᠵᠢᠨ ᠠᠷᠡᠪᠳᠠᠨ ᠭᠡᠭᠴᠢ ᠨᠤᠶᠠᠨ ᠦᠪᠠᠷ ᠤᠨ ᠬᠠᠷᠢᠶᠠᠳᠤ 200 ᠭᠠᠷᠤᠢ ᠡᠷᠦᠭᠡ ᠶᠢᠨ ᠴᠡᠷᠢᠭ ᠠᠷᠠᠳ ᠢᠶᠠᠨ | ᠳᠠᠭᠠᠭᠤᠯᠵᠤ᠂ ᠬᠠᠯᠬ᠎ᠠ ᠶᠢᠨ ᠳᠦᠢᠨ ᠭᠤᠤᠯ ᠳᠤ ᠢᠷᠠᠵᠦ ᠨᠤᠳᠤᠭᠯᠠᠪᠠ᠃ ᠡᠭᠦᠨ ᠳᠤ ᠮᠠᠨᠵᠦ ᠶᠢᠨ ᠡᠩᠭᠡ | ᠠᠮᠤᠭᠤᠯᠠᠩ ᠬᠠᠭᠠᠨ ᠤᠯᠠᠨᠳᠠ ᠡᠯᠴᠢ ᠪᠠ ᠪᠢᠴᠢᠭ ᠢᠯᠡᠭᠡᠵᠦ᠂ ᠳᠠᠨᠵᠢᠨ ᠠᠷᠠᠪᠳᠠᠨ ᠢ ᠤᠷᠤᠭᠤᠯᠵᠦ ᠠᠪᠬᠤ ᠭᠡᠪᠡ᠃ | ᠭᠡᠪᠡᠴᠤ ᠳᠠᠨᠵᠢᠨ ᠠᠷᠠᠪᠳᠠᠨ ᠳᠤᠬᠠᠢ ᠶᠢᠨ ᠦᠶ᠎ᠠ ᠳᠤ ᠤᠷᠤᠵᠦ ᠦᠭᠭᠦᠭᠰᠡᠨ ᠦᠭᠡᠢ᠂ ᠬᠠᠷᠢᠨ ᠵᠢᠷᠭᠤᠭᠠᠨ ᠵᠢᠯ ᠤᠨ | ᠳᠠᠷᠠᠭ᠎ᠠ ᠮᠠᠨᠵᠦ ᠴᠢᠩ ᠢ ᠳᠠᠭᠠᠬᠤ ᠪᠠᠨ ᠢᠯᠡᠷᠭᠡᠶᠢᠯᠡᠭᠰᠡᠨ ᠳᠤ ᠡᠩᠭᠡ ᠠᠮᠤᠭᠤᠯᠠᠩ ᠬᠠᠭᠠᠨ ᠶᠡᠭᠡᠳᠡ ᠪᠠᠶᠠᠷᠯᠠᠨ | ᠬᠠᠯᠠᠭᠤᠨ ᠢᠶᠠᠷ ᠤᠭᠳᠤᠵᠦ᠂ ᠳᠡᠭᠦᠨ ᠢ ᠳᠦᠷᠦ ᠶᠢᠨ ᠵᠢᠶᠦ᠋ᠨ ᠸᠠᠩ ᠡᠷᠭᠦᠮᠵᠢᠯᠡᠵᠦ᠂ ᠬᠠᠯᠬ᠎ᠠ ᠶᠢᠨ ᠳᠦᠢᠨ | ᠭᠤᠤᠯ ᠳᠤ ᠨᠤᠳᠤᠭ ᠵᠢᠭᠠᠵᠦ ᠦᠭᠭᠦᠭᠰᠡᠨ ᠤ ᠬᠠᠮᠳᠤ ᠡᠩᠭᠡ ᠠᠮᠤᠭᠤᠯᠠᠩ ᠤᠨ ᠳᠦᠴᠢᠨ ᠬᠤᠶᠠᠳᠤᠭᠠᠷ ᠤᠨ ︵ | 1703 ᠤᠨ︶ ᠳᠤ ᠵᠠᠰᠠᠭ ᠱᠠᠩᠨᠠᠵᠦ ᠦᠭᠡᠯᠡᠳ ᠢ ᠨᠢᠭᠡ ᠬᠤᠰᠢᠭᠤ ᠪᠤᠯᠭᠠᠵᠠᠢ᠃ ᠳᠤᠬᠠᠢ ᠶᠢᠨ ᠵᠢᠯ ᠳᠡᠨᠵᠢᠨ | ᠠᠷᠠᠪᠳᠠᠨ ᠨᠠᠰᠤ ᠪᠠᠷᠠᠭᠰᠠᠨ ᠳᠤ ᠳᠡᠭᠦᠨ ᠤ ᠤᠤᠭᠠᠨ ᠭᠦᠪᠡᠭᠦᠨ ᠴᠡᠷᠡᠩᠸᠠᠩᠪᠤ ᠳᠤ ᠵᠢᠶᠦ᠋ᠨ ᠸᠠᠩ ᠭᠡᠷᠭᠡᠮ ᠢ | ᠵᠠᠯᠭᠠᠮᠵᠢᠯᠠᠭᠤᠯᠵᠦ᠂ ᠬᠤᠶᠠᠳᠤᠭᠠᠷ ᠭᠦᠪᠡᠭᠦᠨ ᠰᠤᠪᠳᠠᠨᠸᠠᠩᠪᠤ ᠶᠢ ᠬᠤᠱᠤᠢ ᠡᠹᠥ᠋ ᠡᠷᠭᠦᠮᠵᠢᠯᠡᠵᠡᠢ᠃ | ᠨᠠᠶᠢᠷᠠᠯᠳᠤ ᠳᠦᠪ ᠤᠨ ᠵᠢᠷᠭᠤᠳᠤᠭᠠᠷ ᠤᠨ ︵1728 ᠤᠨ︶ ᠤ ᠬᠠᠪᠤᠷ ᠴᠡᠷᠡᠩᠸᠠᠩᠪᠤ᠂ ᠰᠤᠪᠳᠡᠨᠸᠠᠩᠪᠤ ᠨᠠᠷ | ᠬᠠᠷᠢᠶᠠᠳᠤ ᠪᠠᠨ ᠳᠠᠭᠠᠭᠤᠯᠤᠨ ᠬᠠᠯᠬ᠎ᠠ ᠭᠤᠤᠯ ᠤᠷᠤᠭᠤ ᠨᠡᠭᠦᠭᠦ ᠭᠡᠵᠦ ᠪᠠᠶᠢᠳᠠᠯ᠎ᠠ ᠵᠦᠩᠭᠠᠷ ᠤᠨ ᠳᠦᠷᠦᠭᠦᠤ | ᠭᠠᠯᠳᠠᠨᠴᠡᠷᠡᠨ ᠭᠦᠴᠦᠷᠭᠡᠭᠵᠢᠭᠰᠡᠨ ᠴᠢᠮᠡᠭᠡ ᠪᠠᠷ ᠴᠡᠷᠡᠩᠸᠠᠩᠪᠤ ᠬᠠᠯᠬ᠎ᠠ ᠭᠤᠤᠯ ᠤᠷᠤᠭᠤ ᠨᠡᠭᠦᠭᠦ ᠪᠠᠨ ᠪᠤᠯᠢᠵᠦ᠂ | ᠦᠭᠡᠯᠡᠳ ᠬᠤᠰᠢᠭᠤᠨ ᠤ ᠬᠠᠷᠢᠶᠠᠳᠤ ᠳᠦᠮᠡᠨ ᠪᠠ 500 ᠭᠠᠷᠤᠢ ᠴᠡᠷᠢᠭ ᠢᠶᠠᠨ ᠳᠠᠭᠠᠭᠤᠯᠵᠦ ᠮᠠᠨᠵᠦ ᠠᠴᠠ ᠤᠷᠪᠠᠨ | ᠭᠠᠯᠳᠠᠨᠴᠡᠷᠡᠨ ᠲᠠᠢ ᠨᠡᠶᠢᠯᠡᠭᠦ ᠪᠠᠷ ᠶᠠᠪᠤᠵᠠᠢ᠃ ᠳᠠᠷᠠᠭ᠎ᠠ ᠵᠢᠯ ᠨᠢ ᠨᠠᠶᠢᠷᠠᠯᠳᠤ ᠳᠦᠪ ᠬᠠᠭᠠᠨ ᠨᠢᠭᠤᠷ ᠳᠡᠭᠡᠷ᠎ᠠ ᠪᠠᠨ | ᠴᠡᠷᠡᠩᠸᠠᠩᠪᠤ ᠶᠢᠨ ᠤᠷᠪᠠᠭᠰᠠᠨ ᠶᠠᠪᠤᠳᠠᠯ ᠢ ᠤᠭᠳᠤ ᠳᠤᠷᠠᠳᠬᠤ ᠦᠭᠡᠢ ᠪᠠᠷ ᠳᠡᠭᠦᠨ ᠤ ᠵᠢᠶᠦ᠋ᠨ ᠸᠠᠩ ᠭᠡᠷᠭᠡᠮ ᠢ | ᠰᠤᠪᠳᠡᠨᠸᠠᠩᠪᠤ ᠳᠤ ᠵᠠᠯᠭᠠᠮᠵᠢᠯᠠᠭᠤᠯᠤᠭᠰᠠᠨ ᠪᠤᠯᠪᠠᠴᠤ ᠳᠤᠳᠤᠷ᠎ᠠ ᠪᠠᠨ ᠰᠡᠵᠢᠭᠯᠡᠯ ᠲᠠᠢ ᠪᠤᠯᠵᠤ᠂ ᠡᠳᠡᠭᠡᠷ ᠦᠭᠡᠯᠡᠳ ᠢ | ᠵᠦᠩᠭᠠᠷ ᠤᠨ ᠨᠤᠳᠤᠭ ᠠᠴᠠ ᠤᠯᠠᠮ ᠬᠤᠯᠠᠳᠠᠭᠤᠯᠵᠦ᠂ ᠳᠤᠳᠤᠭᠰᠢ ᠨᠡᠭᠦᠯᠭᠡᠨ ᠪᠤᠳᠠᠷᠠᠭᠠᠵᠦ ᠭᠦᠴᠦᠨ ᠢ ᠰᠠᠯᠭᠠᠨ | ᠬᠠᠷᠢᠴᠠᠭ᠎ᠠ ᠬᠤᠯᠪᠤᠭ᠎ᠠ ᠶᠢ ᠨᠢ ᠳᠠᠰᠤᠯᠬᠤ ᠪᠠᠷ ᠪᠤᠳᠤᠵᠦ ᠪᠠᠶᠢᠵᠠᠢ᠃ ᠳᠡᠭᠡᠭᠦ ᠳᠤ ᠰᠤᠪᠳᠡᠨᠸᠠᠩᠪᠤ ᠦᠭᠡᠯᠡᠳ ᠤᠨ | ᠤᠯᠠᠨ ᠢᠶᠠᠨ ᠳᠠᠭᠠᠭᠤᠯᠤᠨ ᠬᠠᠯᠬ᠎ᠠ ᠭᠤᠤᠯ ᠤᠷᠤᠭᠤ ᠨᠡᠭᠦᠵᠦ ᠪᠠᠶᠢᠭ᠎ᠠ ᠴᠢᠮᠡᠭᠡ ᠨᠢ ᠨᠠᠶᠢᠷᠠᠯᠳᠤ ᠳᠦᠪ ᠬᠠᠭᠠᠨ ᠤ | ᠰᠠᠨᠠᠭᠠᠨ ᠳᠤ ᠴᠢᠪ ᠭᠡᠮᠡᠨ ᠨᠡᠶᠢᠴᠡᠵᠦ᠂ ᠰᠤᠪᠳᠡᠨᠸᠠᠩᠪᠤ ᠶᠢ ᠬᠠᠯᠬ᠎ᠠ ᠭᠤᠤᠯ ᠳᠤ ᠨᠤᠳᠤᠭ ᠵᠢᠭᠠᠵᠦ ᠰᠠᠭᠤᠯᠭᠠᠭᠰᠠᠨ | ᠪᠤᠯᠪᠠᠴᠤ ᠪᠠᠷᠭᠤ ᠵᠡᠷᠭᠡ ᠨᠡᠭᠦᠳᠡᠯᠴᠢᠨ ᠮᠤᠩᠭᠤᠯᠴᠤᠳ ᠢᠷᠡᠭᠰᠡᠨ ᠢᠶᠠᠷ ᠨᠤᠳᠤᠭ ᠪᠡᠯᠴᠢᠭᠡᠷ ᠤᠨ ᠪᠤᠯᠢᠶᠠᠯᠳᠤᠭᠠᠨ | ᠪᠤᠯᠵᠦ᠂ ᠰᠤᠪᠳᠡᠨᠸᠠᠩᠪᠤ ᠬᠠᠷᠢᠶᠠᠳᠤ ᠤᠯᠠᠨ ᠢᠶᠠᠨ ᠳᠠᠭᠠᠭᠤᠯᠤᠨ ᠦᠷᠭᠦᠯᠵᠢᠯᠡᠨ ᠨᠡᠭᠦᠵᠦ᠂ ᠭᠦᠯᠦᠨ ᠪᠤᠶᠢᠷ ᠲᠤ | ᠭᠦᠷᠴᠤ ᠢᠷᠡᠭᠰᠡᠨ ᠪᠠᠶᠢᠨ᠎ᠠ᠃ ᠡᠨᠡ ᠪᠦᠯᠦᠭ ᠦᠭᠡᠯᠡᠳ ᠵᠦᠩᠭᠠᠷ ᠪᠤᠯᠤᠨ ᠴᠢᠩ ᠤᠯᠤᠰ ᠤᠨ ᠳᠠᠶᠢᠨ | ᠪᠠᠶᠢᠯᠳᠤᠭᠠᠨ ᠤ ᠳᠤᠮᠳᠠ ᠵᠦᠩᠭᠠᠷ ᠠᠴᠠ ᠳᠠᠰᠤᠷᠠᠨ ᠳᠦᠢᠨ ᠭᠤᠤᠯ ᠠᠴᠠ ᠬᠠᠯᠬ᠎ᠠ ᠭᠤᠤᠯ ᠳᠤ᠂ ᠬᠠᠯᠬ᠎ᠠ | ᠭᠤᠤᠯ ᠠᠴᠠ ᠭᠦᠯᠦᠨ ᠪᠤᠶᠢᠷ ᠲᠤ ᠨᠡᠭᠦᠳᠡᠯᠯᠡᠨ ᠢᠷᠡᠭᠡᠳ ᠰᠢᠨᠡᠭᠡᠨ ᠭᠤᠤᠯ ᠠᠴᠠ ᠤᠷᠤᠭᠰᠢ ᠢᠮᠢᠨ ᠭᠤᠤᠯ ᠢ | ᠦᠭᠰᠦᠨ ᠪᠢᠯᠡᠭᠦᠳᠤ ᠶᠢᠨ ᠦᠪᠤᠷ ᠭᠦᠷᠳᠡᠯ᠎ᠠ᠂ ᠵᠡᠭᠦᠨ ᠠᠴᠠ ᠪᠠᠷᠠᠭᠤᠨᠰᠢ ᠰᠢᠨᠡᠭᠡᠨ ᠭᠤᠤᠯ ᠤᠨ ᠭᠦᠭᠡ | ᠴᠢᠯᠠᠭᠤ ᠠᠴᠠ ᠠᠭᠢᠳᠤ ᠶᠢᠨ ᠭᠦᠨᠳᠡᠢ ᠭᠦᠷᠳᠡᠯᠡᠭᠢ ᠦᠷᠭᠡᠨ ᠠᠭᠤᠳᠠᠮ ᠨᠤᠳᠤᠭ ᠳᠡᠭᠡᠷ᠎ᠠ ᠦᠵᠢ᠂ ᠵᠠᠢ ︵ᠨᠢᠭᠡᠳᠦᠭᠡᠷ | ᠂ ᠬᠤᠶᠠᠳᠤᠭᠠᠷ ᠭᠡᠰᠡᠨ ᠤᠳᠬ᠎ᠠ ᠲᠠᠢ ᠮᠠᠨᠵᠦ ᠦᠭᠡ︶ ᠭᠡᠭᠦ ᠬᠤᠶᠠᠷ ᠰᠤᠮᠤ ᠲᠠᠢ ᠭᠦᠪᠡᠭᠡᠳᠤ ᠰᠢᠷ᠎ᠠ ᠦᠭᠡᠯᠡᠳ | ᠬᠤᠰᠢᠭᠤ ᠪᠤᠯᠵᠦ ᠪᠦᠷᠢᠯᠳᠤᠵᠡᠢ᠃ ᠡᠨᠡ ᠪᠤᠯ ᠭᠦᠯᠦᠨ ᠪᠤᠶᠢᠷ ᠲᠠᠬᠢ ᠬᠠᠭᠤᠴᠢᠨ ᠦᠭᠡᠯᠡᠳ ᠤᠨ ᠢᠷᠠᠯᠳᠠ ᠮᠦᠨ᠃ | ᠡᠭᠦᠨ ᠤ ᠳᠠᠷᠠᠭ᠎ᠠ᠂ ᠳᠤᠬᠠᠢᠢᠯᠠᠪᠠᠯ ᠳᠡᠭᠷᠢ ᠳᠡᠳᠭᠦᠭᠴᠢ ᠶᠢᠨ ᠳᠠᠪᠢᠨ ᠳᠠᠪᠤᠳᠤᠭᠠᠷ ᠤᠨ ︵1790 ᠤᠨ︶ ᠳᠤ | ᠳᠦᠷᠪᠡᠳ ᠠᠶᠢᠮᠠᠭ ᠤᠨ ᠳᠠᠶᠢᠵᠢ ᠪᠦᠳᠦᠭᠦ᠂ ᠪᠦᠷᠢᠨ᠂ ᠪᠠᠶᠢᠯᠭᠠᠰ ᠪᠠ ᠭᠠᠯᠵᠢᠳ ᠠᠶᠢᠮᠠᠭ ᠤᠨ ᠳᠠᠶᠢᠵᠢ ᠳᠠᠰᠢᠵᠡᠪ | ᠵᠢᠴᠢ ᠮᠢᠩᠭᠠᠳ ᠠᠶᠢᠮᠠᠭ ᠤᠨ ᠳᠠᠶᠢᠵᠢ ᠳᠤᠮᠴᠢ᠂ ᠪᠦᠵᠦᠷᠡᠢ ᠨᠠᠷ ᠤᠨ ᠳᠠᠭᠠᠭᠤᠯᠭ᠎ᠠ ᠪᠠᠷ ᠨᠡᠭᠦᠳᠡᠯᠯᠡᠨ ᠢᠷᠡᠭᠰᠡᠨ | ᠭᠤᠷᠪᠠᠨ ᠠᠶᠢᠮᠠᠭ ᠤᠨ ᠭᠦᠮᠦᠰ ᠢ ᠰᠢᠨ᠎ᠠ ᠦᠭᠡᠯᠡᠳ ᠭᠡᠵᠦ᠂ ᠤᠤᠯ ᠤᠨ ᠦᠵᠢ᠂ ᠵᠠᠢ ᠬᠤᠶᠠᠷ ᠰᠤᠮᠤᠨ ᠳᠤ | ᠳᠡᠭᠰᠢᠳᠭᠡᠨ ᠬᠤᠪᠢᠶᠠᠵᠦ ᠰᠠᠭᠤᠷᠢᠰᠢᠭᠤᠯᠤᠭᠰᠠᠨ ᠪᠠᠶᠢᠨ᠎ᠠ᠃ | ᠬᠤᠶᠠᠷ᠂ ᠤᠢᠢᠷᠠᠳ ᠮᠤᠩᠭᠤᠯ ᠤᠨ ᠳᠡᠦᠭᠡ ᠰᠤᠶᠤᠯ ᠰᠤᠳᠤᠯᠬᠤ ᠬᠤᠷᠠᠯ ᠤᠨ ᠵᠢᠰᠢᠶᠡᠨ ᠤ ᠫᠠᠶᠢᠰᠠ | ᠤᠢᠢᠷᠠᠳ ᠮᠤᠩᠭᠤᠯ ᠤᠨ ᠳᠡᠦᠭᠡ ᠰᠤᠶᠤᠯ ᠤᠨ ᠡᠷᠳᠡᠮ ᠰᠢᠨᠵᠢᠯᠡᠭᠡᠨ ᠤ ᠶᠠᠷᠢᠯᠴᠠᠬᠤ ᠬᠤᠷᠠᠯ ᠳᠤ ᠭᠦᠯᠦᠨ ᠪᠤᠶᠢᠷ | ᠬᠤᠳᠠ ᠶᠢᠨ ᠦᠭᠡᠯᠡᠳ ᠤᠨ ᠳᠡᠦᠭᠡ ᠰᠤᠶᠤᠯ ᠰᠤᠳᠤᠯᠬᠤ ᠨᠡᠶᠢᠭᠡᠮᠯᠢᠭ ᠠᠴᠠ ᠤᠢᠢᠷᠠᠳ ᠮᠤᠩᠭᠤᠯ ᠤᠨ ᠳᠡᠦᠭᠡ | ᠰᠤᠶᠤᠯ ᠰᠤᠳᠤᠯᠬᠤ ᠬᠤᠷᠠᠯ ᠤᠨ ᠵᠢᠰᠢᠶᠠᠨ ᠤ ᠫᠠᠶᠢᠰᠠ ᠶᠢ ᠭᠢᠵᠦ ᠦᠭᠭᠦᠭᠰᠡᠨ ᠨᠢ ᠤᠨᠴᠠ ᠲᠤᠷᠠᠰᠤᠭᠤᠰᠢᠳᠠᠢ | ᠶᠠᠪᠤᠳᠠᠯ ᠮᠦᠨ᠃ ᠳᠤᠰ ᠫᠠᠶᠢᠰᠠ ᠶᠢ ︽ᠮᠦᠩᠭᠦᠨ ᠭᠡᠷᠡᠭᠡ ᠳᠡᠭᠡᠷᠡᠭᠢ ᠪᠢᠴᠢᠭ︾ ᠭᠡᠵᠦ ᠳᠡᠦᠭᠡᠨ ᠳᠤ ᠳᠡᠮᠳᠡᠭᠯᠡᠵᠦ | ᠪᠠᠶᠢᠭ᠎ᠠ ᠪᠦᠭᠡᠳ 1845 ᠤᠨ ᠳᠤ ᠤᠷᠤᠰ ᠤᠨ ᠳᠤᠨᠢᠫᠧᠷ ᠮᠦᠷᠡᠨ ᠤ ᠤᠷᠴᠢᠮ ᠠᠴᠠ ᠤᠯᠤᠭᠰᠠᠨ ᠤᠢᠢᠭᠤᠷᠵᠢᠨ | ᠮᠤᠩᠭᠤᠯ ᠪᠢᠴᠢᠭ ᠲᠠᠢ ᠮᠦᠩᠭᠦᠨ ᠭᠡᠷᠡᠭᠡ ︵ᠫᠠᠶᠢᠰᠠ ᠶᠢ ᠡᠷᠳᠡᠨ ᠤ ᠮᠤᠩᠭᠤᠯ ᠭᠡᠯᠡᠨ ᠳᠤ ︽ᠭᠡᠷᠡᠭᠡ︾ ᠭᠡᠵᠤ | ᠪᠠᠶᠢᠵᠠᠢ᠂ ᠡᠭᠦᠨ ᠢ ᠵᠠᠰᠠᠭ ᠤᠨ ᠭᠠᠵᠠᠷ ᠠᠴᠠ ᠴᠡᠷᠢᠭ ᠤᠨ ᠨᠤᠶᠠᠨ ᠳᠤ ᠪᠤᠶᠤ ᠡᠯᠴᠢᠨ ᠳᠤ ᠤᠯᠭᠤᠵᠦ ᠳᠡᠳᠡᠨ ᠤ | ᠵᠡᠷᠭᠡ ᠭᠡᠷᠭᠡᠮ᠂ ᠡᠷᠭᠡ ᠳᠤᠰᠢᠶᠠᠯ ᠢ ᠦᠵᠡᠭᠦᠯᠭᠦ ᠳᠤ ᠭᠡᠷᠡᠭᠯᠡᠳᠡᠭ︶ ᠶᠢ ᠳᠠᠭᠤᠷᠢᠶᠠᠯᠭᠠᠵᠦ ᠬᠤᠶᠠᠷ ᠵᠢᠩ ᠰᠢᠬᠠᠮ | ᠮᠦᠩᠭᠦ ᠪᠠᠷ ᠴᠢᠳᠬᠤᠵᠦ ᠭᠢᠭᠰᠡᠨ ᠪᠠᠶᠢᠨ᠎ᠠ᠃ ᠫᠠᠶᠢᠰᠠ ᠶᠢᠨ ᠡᠮᠦᠨ᠎ᠠ ᠳᠠᠯ᠎ᠠ ᠳᠤᠨᠢ ︽ᠤᠢᠢᠷᠠᠳ ᠰᠤᠳᠤᠯᠤᠯ︾ | ᠭᠡᠰᠡᠨ ᠦᠰᠦᠭ ᠲᠠᠢ᠂ ᠠᠷᠤ ᠳᠠᠯ᠎ᠠ ᠳᠤᠨᠢ ︽ᠤᠢᠢᠷᠠᠳ ᠮᠤᠩᠭᠤᠯ ᠤᠨ ᠳᠡᠦᠭᠡ ᠰᠤᠶᠤᠯ ᠰᠤᠳᠤᠯᠬᠤ ᠬᠤᠷᠠᠯ ᠤᠨ | ᠵᠢᠰᠢᠶᠡᠨ ᠤ ᠫᠠᠶᠢᠰᠠ / ᠳᠡᠮ ᠳᠡᠮ ᠳᠡᠭᠡᠨ ᠳᠡᠭᠡᠰᠤ ᠡᠷᠴᠢᠮ ᠳᠡᠭᠡᠨ / ᠦᠪᠤᠷ ᠮᠤᠩᠭᠤᠯ ᠤᠨ ᠭᠦᠯᠦᠨ ᠪᠤᠶᠢᠷ | ᠬᠤᠳᠠ ᠶᠢᠨ ᠦᠭᠡᠯᠡᠳ ᠤᠨ ᠳᠡᠦᠭᠡ ᠰᠤᠶᠤᠯ ᠰᠤᠳᠤᠯᠬᠤ ᠨᠡᠶᠢᠭᠡᠮᠯᠢᠭ ᠠᠴᠠ 2009 ᠤᠨ ᠤ 7 ᠰᠠᠷ᠎ᠠ ᠶᠢᠨ | 17 ᠤ ᠦᠯᠵᠡᠶᠢᠳᠤ ᠡᠳᠦᠷ︾ ᠭᠡᠰᠡᠨ ᠦᠰᠦᠭ ᠲᠠᠢ᠃ ᠡᠨᠡ ᠪᠤᠯ ᠭᠦᠯᠦᠨ ᠪᠤᠶᠢᠷ ᠤᠨ ᠦᠭᠡᠯᠡᠳᠴᠤᠳ ᠤᠨ ᠪᠦᠭᠦ | ᠤᠯᠤᠰ ᠤᠨ ᠤᠢᠢᠷᠠᠳ ᠮᠤᠩᠭᠤᠯ ᠤᠨ ᠳᠡᠦᠭᠡ ᠰᠤᠶᠤᠯ ᠤᠨ ᠳᠤᠬᠠᠢ ᠰᠤᠳᠤᠯᠭᠠᠨ ᠦᠷᠭᠦᠯᠵᠢᠯᠡᠨ᠂ ᠨᠡᠩ | ᠭᠦᠭᠵᠢᠩᠭᠦᠢ᠂ ᠨᠡᠩ ᠠᠮᠵᠢᠯᠳᠠ ᠲᠠᠢ ᠶᠠᠪᠤᠭᠳᠠᠬᠤ ᠶᠢ ᠵᠦᠩᠨᠡᠨ ᠪᠡᠯᠭᠡᠳᠡᠭᠰᠡᠨ ᠨᠠᠨᠳᠢᠨ ᠳᠤᠷᠠᠰᠬᠠᠯᠳᠤ ᠭᠠᠯ ᠵᠠᠩᠭᠢᠶ᠎ᠠ | ᠪᠤᠯᠬᠤ ᠶᠤᠮ᠃ | ᠭᠤᠷᠪᠠ᠂ ᠭᠦᠯᠦᠨ ᠪᠤᠶᠢᠷ ᠤᠨ ᠦᠭᠡᠯᠡᠳ ᠠᠷᠠᠳ ᠤᠨ ᠰᠤᠶᠤᠯ ᠤᠷᠠᠯᠢᠭ | ᠭᠦᠯᠦᠨ ᠪᠤᠶᠢᠷ ᠤᠨ ᠦᠭᠡᠯᠡᠳ ᠠᠷᠠᠳ ᠤᠨ ᠳᠠᠭᠤᠤ ᠤᠷᠠᠯᠢᠭ ᠨᠢ ᠤᠢᠢᠷᠠᠳ ᠮᠤᠩᠭᠤᠯ ᠤᠨ ᠢᠵᠠᠭᠤᠷ ᠤᠷᠠᠯᠢᠭ ᠢ | ᠳᠤᠪᠤᠶᠢᠯᠭᠠᠭᠰᠠᠨ ᠪᠦᠭᠡᠳ ᠨᠤᠳᠤᠭ ᠤᠰᠤ᠂ ᠠᠪᠤ ᠡᠵᠢ᠂ ᠦᠨᠳᠦᠰᠦᠳᠡᠨ ᠶᠠᠰᠤᠳᠠᠨ ᠢᠶᠠᠨ ᠰᠠᠨᠠᠵᠦ | ᠮᠦᠷᠦᠭᠡᠳᠦᠭᠰᠡᠨ᠂ ᠬᠠᠶᠢᠷᠠᠯᠠᠵᠦ ᠮᠠᠭᠳᠠᠭᠰᠠᠨ ᠠᠭᠤᠯᠭ᠎ᠠ ᠪᠠᠷ ᠭᠤᠤᠯᠯᠠᠵᠦ ᠪᠠᠶᠢᠳᠠᠭ᠃ ᠵᠢᠱᠢᠶᠡᠯᠡᠪᠡᠯ᠂ ︽ | ᠵᠠᠩᠭᠠᠷ ᠤᠨ ᠮᠠᠭᠳᠠᠭᠠᠯ︾᠂ ︽ᠰᠠᠪᠠᠷᠳᠡᠩ︾ ᠪᠦᠵᠢᠭ ᠵᠡᠷᠭᠡ ᠨᠢ ᠤᠢᠢᠷᠠᠳ ᠮᠤᠩᠭᠤᠯ ᠤᠨ ᠢᠵᠠᠭᠤᠷ ᠤᠷᠠᠯᠢᠭ ᠤᠨ | ᠦᠪᠠᠷᠮᠢᠴᠡ ᠭᠡᠪ ᠨᠠᠮᠪᠠ ᠶᠢ ᠭᠠᠶᠢᠬᠠᠭᠤᠯᠤᠭᠰᠠᠨ ᠪᠤᠯ᠂ ︽ᠰᠤᠬᠠᠢ ᠮᠤᠳᠤᠨ ᠤ ᠬᠠᠶᠢᠷ᠎ᠠ︾ ᠭᠡᠭᠦ ᠪᠦᠵᠢᠭ ᠨᠢ | ᠤᠤᠭᠠᠯ ᠨᠤᠳᠤᠭ ᠠᠯᠳᠠᠢ ᠪᠠᠨ ᠰᠠᠨᠠᠭᠠᠯᠵᠠᠭᠰᠠᠨ ᠰᠡᠳᠭᠢᠯᠭᠡ ᠪᠠᠷ ᠪᠢᠯᠬᠠᠮ᠎ᠠ ᠪᠠᠶᠢᠳᠠᠭ᠃ ᠭᠦᠯᠦᠨ ᠪᠤᠶᠢᠷ ᠤᠨ | ᠦᠭᠡᠯᠡᠳ ᠠᠯᠳᠠᠢ ᠳᠤ ᠪᠠᠶᠢᠬᠤ ᠳᠠᠭᠠᠨ ᠢᠬᠴᠤ ᠰᠠᠬᠤᠯᠢᠭ ᠰᠤᠬᠠᠢ ᠲᠠᠢ ᠭᠠᠵᠠᠷ ᠠᠮᠢᠳᠤᠷᠠᠵᠦ ᠪᠠᠶᠢᠭᠰᠠᠨ ᠭᠡᠨ᠎ᠠ᠃ | ᠵᠡᠭᠦᠨᠰᠢ ᠨᠡᠭᠦᠳᠡᠯᠯᠡᠭᠦ ᠦᠶ᠎ᠠ ᠳᠤ ᠨᠢᠭᠡᠨ ᠭᠦᠮᠦᠨ ᠨᠤᠳᠤᠭ ᠢᠶᠠᠨ ᠰᠠᠨᠠᠭᠠᠯᠵᠠᠨ ᠰᠤᠬᠠᠢ ᠠᠴᠠ ᠪᠠᠨ ᠨᠢᠭᠡᠨ ᠮᠦᠴᠢᠷ ᠢ | ᠤᠭᠳᠤᠯᠵᠦ ᠠᠪᠤᠭᠠᠳ ᠶᠠᠪᠤᠭᠰᠠᠨ ᠶᠤᠮ ᠪᠠᠶᠢᠨ᠎ᠠ᠃ ᠳᠠᠷᠠ ᠰᠤᠬᠠᠢ ᠨᠢ ᠭᠡᠳᠦᠨ ᠦᠶ᠎ᠠ ᠳᠠᠮᠵᠢᠨ ᠤᠯᠠᠮᠵᠢᠯᠠᠭᠳᠠᠨ | ᠡᠳᠦᠭᠡ ᠦᠭᠡᠯᠡᠳ ᠮᠤᠩᠭᠤᠯ ᠤᠨ ᠵᠠᠩ ᠳᠠᠳᠬᠠᠯ ᠤᠨ ᠮᠦᠽᠸᠢ ᠳᠤ ᠬᠠᠳᠠᠭᠠᠯᠠᠵᠦ ᠪᠠᠶᠢᠨ᠎ᠠ᠃ ︽ᠰᠤᠬᠠᠢ ᠮᠤᠳᠤᠨ ᠤ | ᠬᠠᠶᠢᠷ᠎ᠠ︾ ᠨᠢ ᠶᠠᠭ ᠡᠨᠡᠭᠦ ᠳᠡᠦᠭᠡᠳᠤ ᠤᠴᠢᠷ ᠢᠶᠠᠷ ᠰᠡᠳᠦᠪᠯᠡᠭᠰᠡᠨ ᠪᠦᠵᠢᠭ ᠶᠤᠮ᠃ | ᠠᠯᠢ ᠡᠷᠳᠡ 1732 ᠤᠨ ᠳᠤ ᠡᠳᠡᠭᠡᠷ ᠦᠭᠡᠯᠡᠳᠴᠤᠳ ᠤᠨ ᠠᠩᠬ᠎ᠠ ᠭᠦᠯᠦᠨ ᠪᠤᠶᠢᠷ ᠲᠤ ᠢᠷᠡᠭᠦ ᠳᠡᠭᠡᠨ | ᠨᠡᠭᠦᠯᠭᠡᠵᠦ ᠠᠪᠴᠢᠷᠠᠭᠰᠠᠨ ᠤᠪᠤᠭ᠎ᠠ — ︽ᠪᠠᠶᠠᠨ ᠬᠤᠰᠢᠭᠤ ᠤᠪᠤᠭ᠎ᠠ︾ ︵ᠰᠡᠭᠦᠯᠡᠷ ᠨᠢ ︽ᠡᠷᠳᠡᠨᠢ ᠪᠠᠳᠠᠷᠠᠬᠤ | ᠤᠪᠤᠭ᠎ᠠ︾ ᠭᠡᠭᠦ ᠪᠤᠯᠤᠭᠰᠠᠨ︶ ᠪᠠᠨ ᠴᠠᠭ ᠳᠦᠷᠦ ᠶᠢᠨ ᠦᠢᠮᠡᠭᠡᠨ ᠳᠤ ᠳᠠᠭᠢᠬᠤ ᠪᠠᠨ ᠪᠤᠯᠢᠭᠰᠠᠨ ᠢ ᠨᠢ ᠭᠦᠯᠦᠨ | ᠪᠤᠶᠢᠷ ᠤᠨ ᠦᠭᠡᠯᠡᠳ ᠮᠤᠩᠭᠤᠯ ᠤᠨ ᠰᠤᠶᠤᠯ ᠳᠡᠦᠭᠡ ᠶᠢ ᠰᠤᠳᠤᠯᠬᠤ ᠨᠡᠶᠢᠭᠡᠮᠯᠢᠭ ᠤᠨ ᠬᠢᠨ ᠤ ᠴᠢᠷᠮᠠᠶᠢᠯᠭ᠎ᠠ ᠪᠠᠷ | 1986 ᠤᠨ ᠠᠴᠠ ᠰᠡᠷᠭᠦᠭᠡᠨ ᠳᠠᠭᠢᠵᠦ᠂ ᠤᠳᠤ ᠨᠡᠩ ᠴᠤ ᠰᠢᠨᠡᠳᠭᠡᠨ ᠵᠠᠰᠠᠵᠦ ᠶᠡᠭᠡ ᠪᠠᠷ ᠳᠠᠭᠢᠬᠤ ᠪᠤᠯᠤᠭᠰᠠᠨ | ᠪᠠᠶᠢᠨ᠎ᠠ᠃ ᠡᠨᠡ ᠤᠪᠤᠭᠠᠨ ᠤ ᠭᠠᠵᠠᠷ ᠤᠨ ᠪᠠᠶᠢᠴᠠ ᠤᠨᠴᠠᠭᠠᠢ ᠪᠠᠶᠢᠵᠦ᠂ ᠳᠡᠭᠡᠷ᠎ᠠ ᠨᠢ ᠭᠠᠷᠪᠠᠯ ᠦᠭᠡᠯᠡᠳ ᠤᠨ ᠪᠦᠭᠦ | ᠨᠤᠳᠤᠭ ᠦᠵᠡᠭᠳᠡᠳᠡᠭ ᠭᠡᠨ᠎ᠠ᠃ | ᠦᠭᠡᠯᠠᠳ ᠮᠤᠩᠭᠤᠯ ᠤᠨ ᠵᠠᠩ ᠳᠠᠳᠬᠠᠯ ᠤᠨ ᠮᠦᠽᠸᠢ ᠳᠤ ᠪᠠᠰᠠ ᠦᠭᠡᠯᠡᠳ ᠮᠤᠩᠭᠤᠯᠴᠤᠳ ᠤᠨ ᠰᠤᠶᠤᠯ | ᠤᠷᠠᠯᠢᠭ᠂ ᠱᠠᠰᠢᠨ ᠰᠢᠳᠦᠭᠡᠨ ᠭᠡᠭᠦ ᠬᠤᠶᠠᠷ ᠶᠡᠭᠡ ᠪᠦᠯᠦᠭ ᠬᠤᠪᠢᠶᠠᠨ᠂ ᠦᠰᠦᠭ ᠪᠢᠴᠢᠭ᠂ ᠭᠡᠷᠡᠯ ᠵᠢᠷᠤᠭ ᠵᠢᠴᠢ | ᠳᠤᠷᠠᠰᠬᠠᠯᠳᠤ ᠪᠤᠳᠠᠰ ᠵᠡᠷᠭᠡ ᠭᠡᠯᠪᠡᠷᠢ ᠪᠠᠷ ᠭᠦᠯᠦᠨ ᠪᠤᠶᠢᠷ ᠤᠨ ᠦᠭᠡᠯᠡᠳᠴᠤᠳ ᠤᠨ 270 ᠭᠠᠷᠤᠢ ᠵᠢᠯ ᠤᠨ | ᠳᠡᠦᠭᠡᠨ ᠤᠯᠠ ᠮᠦᠷ ᠢ ᠠᠮᠢᠳᠤ ᠳᠦᠷᠰᠦᠯᠢᠭ ᠢᠶᠠᠷ ᠤᠯᠠᠨ᠎ᠠ ᠬᠠᠷᠠᠭᠤᠯᠵᠦ ᠪᠠᠶᠢᠳᠠᠭ᠃ | ᠶᠡᠷᠦᠨᠢ ᠭᠦᠯᠦᠨ ᠪᠤᠶᠢᠷ ᠲᠠᠬᠢ ᠦᠭᠡᠯᠡᠳᠴᠤᠳ | ︽ᠠᠯᠳᠠᠢ ᠬᠠᠩᠭᠠᠢ ᠶᠢᠨ ᠡᠩᠭᠡᠷ ᠲᠤ | ᠠᠳᠠᠨ ᠳᠡᠮᠡᠭᠡ ᠪᠤᠶᠢᠯᠠᠭᠤᠯᠤᠨᠠ | ᠠᠪᠤ ᠶᠢ ᠪᠠᠨ ᠭᠡᠵᠦ ᠪᠤᠳᠤᠬᠤ ᠳᠤ | ᠠᠯᠠᠭ ᠨᠢᠳᠤ ᠮᠢᠨᠢ ᠮᠡᠯᠮᠡᠷᠡᠨᠠ | ᠡᠯᠡᠰᠤᠳᠤ ᠬᠠᠩᠭᠠᠢ ᠶᠢᠨ ᠡᠩᠭᠡᠷ ᠲᠤ | ᠢᠩᠭᠡᠨ ᠳᠡᠮᠡᠭᠡ ᠪᠤᠶᠢᠯᠠᠭᠤᠯᠤᠨᠠ | ᠡᠵᠢ ᠶᠢ ᠪᠠᠨ ᠭᠡᠵᠦ ᠪᠤᠳᠤᠬᠤ ᠳᠤ | ᠡᠷᠪᠡᠭᠡᠷ ᠨᠢᠳᠤ ᠮᠢᠨᠢ ᠮᠡᠯᠮᠡᠷᠡᠨᠠ︾ ᠭᠡᠵᠦ ᠤᠤᠭᠠᠯ ᠨᠤᠳᠤᠭ ᠢᠶᠠᠨ ᠰᠠᠨᠠᠭᠠᠯᠵᠠᠨ ᠳᠠᠭᠤᠯᠠᠵᠦ ᠪᠠᠶᠢᠳᠠᠭ ᠢᠶᠠᠷ ᠪᠠᠷᠠᠬᠤ | ᠦᠭᠡᠢ ︽ᠰᠢᠯᠢ ᠳᠡᠭᠡᠭᠦᠷ ᠪᠤᠳᠠᠩ ᠲᠠᠢ ᠰᠡᠷᠢᠭᠦᠨ ᠬᠠᠩᠭᠠᠢ ᠨᠤᠳᠤᠭ ᠮᠢᠨᠢ ᠴᠡᠩᠭᠡᠷ ᠭᠦᠭᠡ ᠬᠠᠷᠠᠭᠳᠠᠭᠠᠳ ᠪᠠᠶᠢᠳᠠᠭ | ᠴᠡᠪᠡᠷᠭᠡᠨ ᠳᠤᠩᠭᠠᠯᠠᠭ ᠢᠮᠢᠨ ᠭᠤᠤᠯ ᠁︾ ᠭᠡᠭᠦᠴᠢᠯᠡᠨ ᠨᠤᠳᠤᠭᠰᠢᠨ ᠰᠠᠭᠤᠭ᠎ᠠ ᠤᠷᠤᠨ ᠢᠶᠠᠨ ᠴᠤ ᠮᠠᠭᠳᠠᠨ | ᠳᠠᠭᠤᠯᠠᠳᠠᠭ᠂ ᠤᠳᠬ᠎ᠠ ᠰᠤᠶᠤᠯ ᠢᠶᠠᠨ ᠬᠠᠮᠠᠭᠠᠯᠠᠳᠠᠭ᠂ ᠦᠨᠳᠦᠰᠦᠳᠡᠨ ᠤᠭᠰᠠᠭ᠎ᠠ ᠳᠠᠭᠠᠨ ᠬᠠᠶᠢᠷᠠᠳᠠᠢ ᠭᠦᠮᠦᠰ | ᠪᠤᠯᠤᠨ᠎ᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | | |