| | ⒈ᠠᠪᠠᠭᠠᠰ ᠶᠠᠰᠤᠲᠠᠨ ᠤ ᠲᠤᠬᠠᠢ ᠳᠣᠮᠤᠭ ᠤᠳ | ᠮᠠᠨ ᠤ ᠵᠦᠡᠭᠭᠠᠷ ᠶᠡᠭᠡ ᠣᠢ ᠮᠣᠳᠣᠲᠠᠢ ᠭᠠᠵᠠᠷ ᠨᠤᠲᠤᠭᠯᠠᠳᠠᠭ ᠪᠠᠶᠢᠵᠠᠢ᠃ ᠲᠡᠷᠡ ᠦᠶ᠎ᠡ ᠳᠤ ᠳ᠋ᠠᠨᠽᠠᠨ ᠭᠡᠳᠡᠭ | ᠨᠡᠷ᠎ᠡ ᠲᠠᠢ ᠮᠠᠰᠢ ᠰᠠᠶᠢᠬᠠᠨ ᠳᠠᠭᠤᠯᠠᠳᠠᠭ ᠨᠢᠭᠡ ᠬᠦᠮᠦᠨ ᠪᠠᠶᠢᠵᠠᠢ᠃ ᠲᠡᠷᠡ ᠬᠦᠮᠦᠨ ᠨᠢᠭᠡ ᠡᠳᠤᠷ ᠣᠢ ᠳᠣᠲᠣᠷ᠎ᠠ | ᠮᠠᠯ ᠢᠶᠠᠨ ᠬᠠᠲᠢᠭᠤᠯᠤᠭᠠᠳ᠂ ᠳᠠᠭᠤᠯᠠᠭᠠᠳ ᠶᠠᠪᠤᠵᠤ ᠪᠠᠶᠢᠲᠠᠯ᠎ᠠ ᠨᠢᠭᠡ ᠵᠠᠯᠠᠭᠤ ᠡᠮᠡᠭᠲᠠᠢ ᠢᠷᠡᠭᠡᠳ ᠲᠡᠭᠦᠨ ᠢ | ᠳᠠᠭᠠᠵᠤ ᠶᠠᠪᠤᠭᠰᠠᠭᠠᠷ ᠪᠠᠶᠢᠵᠠᠢ᠃ ᠳ᠋ᠠᠨᠽᠠᠨ ᠲᠡᠷᠡ ᠡᠮᠡᠭᠲᠠᠢ ᠲᠠᠢ ᠨᠥᠬᠦᠴᠡᠵᠦ᠂ ᠲᠡᠷᠡ ᠡᠮᠡᠭᠲᠠᠢ ᠣᠢ ᠳᠣᠲᠣᠷ᠎ᠠ ᠪᠣᠢ | ᠭᠡᠷ ᠲᠡᠭᠡᠨ ᠳᠠᠭᠠᠭᠤᠯᠤᠨ ᠢᠷᠡᠵᠦ ᠡᠨᠡ ᠬᠤᠶᠠᠷ ᠰᠠᠭᠤᠬᠤ ᠪᠣᠯᠵᠣ ᠪᠠᠶᠢᠲᠠᠯ᠎ᠠ ᠳ᠋ᠠᠨᠽᠠᠨ ᠤ ᠡᠬᠡᠨᠡᠷ ᠨᠢ ᠬᠠᠷᠠᠳᠠᠵᠤ | ᠲᠡᠷᠡ ᠡᠮᠡᠭᠲᠠᠢ ᠶᠢᠨ ᠭᠡᠷ ᠲᠤ ᠣᠷᠣᠬᠤ ᠭᠡᠲᠡᠯ᠎ᠡ ᠲᠡᠭᠷᠢ ᠳᠤᠤᠭᠠᠷᠴᠤ᠂ ᠴᠠᠬᠢᠯᠭᠠᠨ ᠴᠠᠬᠢᠯᠤᠭᠠᠳ ᠳ᠋ᠠᠨᠽᠠᠨ ᠤ | ᠡᠬᠡᠨᠡᠷ ᠢ ᠭᠡᠷ ᠤᠨ ᠬᠢᠨᠢ ᠭᠠᠳᠠᠨ᠎ᠠ ᠬᠦᠷᠭᠡᠭᠰᠡᠨ ᠪᠠᠶᠢᠵᠠᠢ᠃ ᠢᠡᠭᠬᠢᠭᠡᠳ ᠳ᠋ᠠᠨᠽᠠᠨ ᠬᠠᠭᠤᠴᠢᠨ ᠡᠬᠡᠨᠡᠷ ᠠᠴᠠ ᠪᠠᠨ | ᠰᠠᠯᠵᠤ ᠲᠡᠷᠡ ᠡᠮᠡᠭᠲᠠᠢ ᠲᠠᠢ ᠭᠡᠷ ᠪᠦᠯᠢ ᠪᠣᠯᠵᠠᠢ᠃ ᠳ᠋ᠠᠨᠽᠠᠨ ᠤ ᠡᠨᠡ ᠰᠡᠭᠦᠯᠴᠢ ᠶᠢᠨ ᠡᠬᠡᠨᠡᠷ ᠠᠴᠠ ᠨᠢᠭᠡ ᠦᠷ᠎ᠡ | ᠰᠠᠳᠤ ᠭᠠᠷᠴᠠᠢ᠃ ᠦᠭᠡᠷ᠎ᠡ ᠬᠡᠤᠬᠡᠳ ᠭᠠᠷᠤᠭᠰᠠᠨ ᠦᠭᠡᠢ ᠭᠡᠨ᠎ᠡ᠃ ᠲᠡᠷᠡ ᠦᠬᠢᠨ ᠠᠴᠠ ᠭᠠᠷᠤᠭᠰᠠᠨ ᠦᠷ᠎ᠡ | ᠰᠠᠳᠤ ᠨᠢ ᠠᠪᠠᠭᠠᠰ ᠶᠠᠰᠤᠲᠠᠨ ᠪᠣᠯᠵᠠᠢ᠃ ᠡᠶᠢᠮᠤ ᠤᠴᠢᠷ ᠠᠴᠠ ︽ᠠᠪᠠᠭᠠᠰ ᠡᠯᠢᠬᠢᠨ ᠦᠭᠡᠢ᠂ ᠠᠪᠠᠨᠠᠭ ᠲᠤ | ᠠᠮᠲᠠ ᠦᠭᠡᠢ︾ ᠭᠡᠳᠡᠭ᠃ ︵︽ᠮᠣᠩᠭᠤᠯ ᠳᠣᠮᠤᠭ ᠤᠨ ᠴᠣᠮᠣᠷᠯᠢᠭ︾ ᠠᠴᠠ︶ | ⒉ ᠠᠪᠠᠭᠠᠰ ᠶᠠᠰᠤᠲᠠᠨ | ᠢᠵᠠᠭᠤᠷ ᠮᠣᠩᠭᠤᠯ ᠣᠪᠣᠭ᠂ ᠡᠨᠡ ᠣᠪᠣᠭ ᠢ ᠪᠣᠷᠵᠢᠬᠢᠨ ᠶᠠᠰᠤᠲᠠᠨ ᠠᠴᠠ ᠰᠠᠯᠪᠤᠷᠢᠯᠠᠨ ᠡᠭᠦᠰᠦᠭᠰᠡᠨ ᠭᠡᠳᠡᠭ ᠨᠢ | ᠪᠤᠷᠤᠭᠤ ᠶᠤᠮ᠃ ᠦᠨᠡᠨ ᠳ᠋ᠡᠭᠡᠨᠴᠢᠩᠬᠢᠰ ᠬᠠᠭᠠᠨ ᠤ ᠳᠡᠭᠦᠦ ᠨᠠᠷ ᠤᠨ ᠠᠯᠪᠠᠲᠤ ᠨᠠᠷ ᠤᠨ ᠨᠡᠷᠡᠶᠢᠳᠦᠯ ᠠᠴᠠ | ᠡᠭᠦᠰᠦᠭᠰᠡᠨ ᠥᠭᠡᠷ᠎ᠡ ᠣᠪᠣᠭᠲᠠᠨ ᠪᠣᠯᠬᠤ ᠶᠣᠰᠣᠲᠠᠢ᠃ ᠤᠩᠨᠢᠭᠤᠳ ᠣᠪᠣᠭᠲᠠᠨ ᠴᠤ ᠪᠠᠰᠠ ᠡᠶᠢᠮᠦ ᠪᠠᠶᠢᠬᠤ | ᠶᠣᠰᠣᠲᠠᠢ᠃ | ᠠᠪᠠᠭᠠᠰ ᠣᠪᠣᠭᠲᠠᠨ ᠪᠣᠯ ᠡᠴᠢᠭᠡ ᠶᠢᠨ ᠠᠬ᠎ᠠ ᠳᠡᠭᠦᠦ ᠶᠢᠨ ᠳᠠᠭᠤᠳᠠᠯᠭ᠎ᠠ ︽ᠠᠪᠠᠭ᠎ᠠ︾ ᠭᠡᠬᠦ ᠨᠡᠷ᠎ᠡ ᠦᠭᠡ ᠳᠤ ︽ | ᠰ︾ ᠳᠠᠭᠠᠪᠤᠷᠢ ᠵᠠᠯᠭᠠᠵᠤ᠂ ᠬᠦᠮᠦᠰ ᠤᠨ ᠣᠯᠠᠨ ᠲᠤᠭ᠎ᠠ ᠶᠢ ᠢᠯᠡᠳᠭᠡᠭᠰᠡᠨ ᠤᠳᠬ᠎ᠠ ᠲᠠᠢ ᠨᠡᠷᠡᠶᠢᠳᠦᠯ ᠡᠭᠦᠰᠴᠡᠢ᠃ | ᠡᠭᠦᠨ ᠳᠤ ᠠᠪᠠᠭ᠎ᠠ᠂ ᠠᠪᠠᠭᠠᠰ᠂ ᠠᠪᠠᠭᠠᠳ᠂ ᠠᠪᠠᠭᠠᠨᠠᠷ᠂ ᠠᠪᠠᠭᠠᠴᠤᠤᠯ ᠠᠪᠠᠭ᠋ᠠᠨᠠᠷ᠂ ᠠᠪᠠᠭ᠋ᠠᠰ ᠭᠡᠬᠦ ᠵᠡᠷᠭᠡ | ᠠᠳᠠᠯᠢ ᠪᠤᠰᠤ ᠳᠠᠭᠤᠳᠠᠯᠭ᠎ᠠ ᠲᠠᠢ ᠰᠠᠯᠪᠤᠷᠢ ᠣᠪᠣᠭ ᠤᠳ ᠪᠠᠶᠢᠳᠠᠭ᠃ ᠦᠨᠡᠨ ᠳᠡᠭᠡᠨ ︽ᠠᠪᠠᠭ᠎ᠠ ᠨᠠᠷ︾ ᠭᠡᠬᠦ | ᠦᠭᠡ ᠶᠢᠨ ᠨᠤᠲᠤᠭ ᠨᠤᠲᠤᠭ ᠣᠷᠣᠨ ᠪᠠᠶᠢᠷᠢᠰᠢᠯ ᠠᠴᠠ ᠪᠣᠯᠵᠣ ᠠᠳᠠᠯᠢ ᠪᠤᠰᠤ ᠳᠠᠭᠤᠳᠠᠯᠭ᠎ᠠ ᠲᠠᠢ ᠰᠠᠯᠪᠤᠷᠢ ᠣᠪᠣᠭ | ᠤᠳ ᠪᠣᠢ ᠪᠣᠯᠵᠠᠢ᠃ | ᠠᠪᠠᠭᠠᠰ ᠣᠪᠣᠭᠲᠠᠨ ᠪᠣᠯ ᠪᠡᠯᠭᠦᠳᠡᠢ ᠶᠢᠨ ᠬᠤᠶᠢᠴᠢᠰ ᠠᠴᠠ ᠢᠷᠡᠯᠲᠡᠢ ᠭᠡᠳᠡᠭ᠃ ᠴᠢᠩᠬᠢᠰ ᠬᠠᠭᠠᠨ ᠤ ᠡᠴᠢᠭᠡ | ᠨᠢᠭᠡ ᠲᠠᠢ ᠡᠬᠡ ᠥᠭᠡᠷ᠎ᠡ ᠳᠡᠭᠦᠦ ᠨᠢ ᠪᠡᠯᠭᠦᠳᠡᠢ ᠪᠣᠯ ᠤᠯᠤᠰ ᠤᠨ ᠠᠪᠠᠭ᠎ᠠ ᠪᠣᠯᠬᠤ ᠲᠤᠯᠠ ᠲᠡᠭᠦᠨ ᠤ ᠠᠯᠪᠠᠲᠤ | ᠠᠶᠢᠮᠠᠭ ᠢ ᠠᠪᠠᠭ᠎ᠠ ᠨᠠᠷ ᠭᠡᠰᠡᠨ ᠠᠴᠠ ᠠᠪᠠᠭᠠᠰ ᠣᠪᠣᠭᠲᠠᠨ ᠪᠣᠢ ᠪᠣᠯᠪᠠ ᠭᠡᠳᠡᠭ ᠶᠤᠮ᠃ | ᠣᠮᠠᠷᠠᠲᠣ ᠶᠤᠸᠠᠨ ᠤᠯᠤᠰ ᠤᠨ ᠳᠤᠮᠳᠠᠴᠢ ᠪᠣᠯᠲᠠᠯ᠎ᠠ ᠴᠢᠩᠬᠢᠰ ᠬᠠᠭᠠᠨ ᠤ ᠳᠡᠭᠦᠦ ᠨᠠᠷ ᠬᠠᠪᠤᠲᠤ ᠬᠠᠰᠠᠷ᠂ ᠪᠥᠬᠡ | ᠪᠡᠯᠭᠦᠳᠡᠢ᠂ ᠲᠡᠮᠦᠭᠡ ᠣᠳᠴᠢᠬᠢᠨ᠂ ᠬᠠᠴᠢᠭᠤᠨ ᠤ ᠦᠷᠡᠰ ᠲᠤᠰ ᠲᠤᠰ ᠤᠨ ᠸᠠᠩ ︵ᠤᠩ︶ ᠤᠨ ᠴᠣᠯᠠ ᠪᠠᠨ | ᠵᠡᠭᠦᠵᠦ ᠬᠠᠷᠢᠶᠠᠲᠤ ᠠᠶᠢᠮᠠᠭ ᠢᠶᠠᠨ ᠨᠣᠶᠠᠯᠠᠭᠰᠠᠭᠠᠷ ᠪᠠᠶᠢᠭᠰᠠᠨ ᠠᠴᠠ ᠮᠣᠩᠭᠤᠯ ᠤᠨ ᠲᠤᠯᠭᠤᠷ ᠪᠢᠴᠢᠭ ᠤᠳ ᠲᠤ | ᠲᠡᠳᠡᠨ ᠤ ᠠᠶᠢᠮᠠᠭ ᠢ ︽ᠬᠤᠷᠴᠢᠨ ᠲᠡᠷᠢᠭᠦᠨ ᠭᠤᠷᠪᠠᠨ ᠤᠩᠨᠢᠭᠤᠳ ︵ᠸᠠᠩ ᠨᠤᠭᠤᠳ︶︾ ᠭᠡᠳᠡᠭ ᠪᠠᠶᠢᠵᠠᠢ᠃ | ᠮᠥᠨ ᠴᠤ ᠴᠢᠩᠬᠢᠰ ᠬᠠᠭᠠᠨ ᠤ ᠳᠡᠭᠦᠦ ᠨᠠᠷ ᠤᠨ ᠤᠳᠤᠮ ᠤᠭᠰᠠᠭ᠎ᠠ ᠨᠢ ᠴᠢᠩᠬᠢᠰ ᠬᠠᠭᠠᠨ ᠤ ᠬᠦᠪᠡᠭᠦᠳ ᠤᠨ | ᠤᠳᠤᠮ ᠤᠭᠰᠠᠭ᠎ᠠ ᠳᠤ ︽ᠠᠪᠠᠭ᠎ᠠ︾ ᠶᠢᠨ ᠬᠠᠷᠢᠴᠠᠭ᠎ᠠ ᠲᠠᠢ ᠪᠣᠯᠬᠤᠷ︽ᠬᠤᠷᠴᠢᠨ ᠲᠡᠷᠢᠭᠦᠨ ᠭᠤᠷᠪᠠᠨ | ᠤᠩᠨᠢᠭᠤᠳ ︵ᠸᠠᠩ ᠨᠤᠭᠤᠳ︶︾ ᠢ ᠪᠠᠰᠠ ︽ᠪᠠᠷᠠᠭᠤᠨ ᠭᠤᠷᠪᠠᠨ ᠠᠪᠠᠭ᠎ᠠ︾ ᠴᠤ ᠭᠡᠳᠡᠭ ᠪᠠᠶᠢᠪᠠ᠃ | ᠠᠪᠠᠭ᠎ᠠ ᠪᠣᠯ ᠴᠢᠩᠬᠢᠰ ᠬᠠᠭᠠᠨ ᠤ ᠳᠡᠭᠦᠦ ᠨᠡᠷ ᠪᠣᠯᠣᠨ ᠤᠷᠤᠭ ᠰᠠᠳᠤᠨ ᠤ ᠠᠯᠪᠠᠲᠤ ᠨᠠᠷ ᠠᠴᠠ ᠡᠭᠦᠰᠦᠭᠰᠡᠨ | ᠣᠪᠣᠭ ᠪᠣᠯᠣᠨ᠎ᠠ᠃ ᠴᠢᠩᠬᠢᠰ ᠬᠠᠭᠠᠨ ᠤ ᠪᠠᠶᠢᠭᠤᠯᠤᠭᠰᠠᠨ ᠮᠣᠩᠭᠤᠯ ᠬᠠᠭᠠᠨᠲᠤ ᠤᠯᠤᠰ ᠤᠨ ᠦᠶ᠎ᠡ ᠳᠤ᠂ | ᠴᠢᠩᠬᠢᠰ ᠤᠨ ᠬᠦᠪᠡᠭᠦᠳ ᠠᠴᠢᠨᠠᠷ ᠲᠤ᠂ ᠴᠢᠩᠬᠢᠰ ᠤᠨ ᠳᠡᠭᠦᠦ ᠨᠠᠷ ︵ᠲᠡᠮᠦᠭᠡ ᠣᠳᠴᠢᠬᠢᠨ᠂ ᠪᠦᠬᠡ ᠪᠡᠯᠭᠦᠳᠡᠢ︶ | ᠠᠪᠠᠭ᠎ᠠ ᠪᠣᠯᠳᠠᠭ ᠤᠴᠢᠷ᠂ ᠠᠪᠠᠭ᠎ᠠ ᠭᠡᠮᠡᠨ ᠳᠠᠭᠤᠳᠠᠭᠰᠠᠭᠠᠷ ᠪᠠᠶᠢᠭᠠᠳ ᠠᠶᠢᠮᠠᠭ ᠠᠯᠪᠠᠲᠤ ᠶᠢᠨ ᠨᠡᠷᠡᠶᠢᠳᠤᠯ ᠪᠣᠯᠵᠣ | ᠬᠤᠪᠢᠷᠠᠨ᠂ ᠲᠡᠤᠬᠡ ᠶᠢᠨ ᠤᠷᠲᠤ ᠤᠳᠠᠭᠠᠨ ᠬᠦᠭᠵᠢᠯᠲᠡ ᠳᠤ ᠨᠢᠭᠡ ᠠᠶᠢᠮᠠᠭ ᠪᠦᠯᠦᠭ ᠬᠦᠮᠦᠰ ᠤᠨ ᠣᠪᠣᠭ ᠪᠣᠯᠣᠨ | ᠬᠠᠳᠠᠩᠰᠢᠵᠤ᠂ ᠬᠤᠵᠢᠮ ᠨᠢ ᠳᠠᠶᠢᠨ ᠪᠠᠶᠢᠯᠳᠤᠭᠠᠨ ᠤ ᠦᠮᠦᠭᠡᠨ᠂ ᠵᠠᠰᠠᠭ ᠵᠠᠬᠢᠷᠭᠠᠨ ᠤ ᠪᠠᠶᠢᠭᠤᠯᠤᠮᠵᠢ ᠶᠢᠨ | ᠬᠤᠪᠢᠷᠠᠯ᠂ ᠣᠷᠣᠨ ᠨᠤᠲᠤᠭ ᠤᠨ ᠰᠢᠯᠵᠢᠯ ᠪᠠᠶᠢᠷᠢᠰᠢᠯ᠂ ᠨᠡᠭᠦᠳᠡᠯ ᠰᠠᠭᠤᠷᠢᠰᠢᠯ ᠠᠴᠠ ᠰᠢᠯᠲᠠᠭᠠᠯᠠᠵᠤ᠂ ᠠᠪᠠᠭ᠎ᠠ᠂ | ᠠᠪᠠᠭᠠᠰ᠂ ᠠᠪᠠᠭᠠᠳ᠂ ᠠᠪᠠᠭᠠᠨᠠᠷ᠂ ᠠᠪᠠᠭᠠᠴᠤᠤᠯ ᠠᠪᠠᠭ᠋ᠠᠨᠠᠷ᠂ ᠠᠪᠠᠭ᠋ᠠᠰ ᠭᠡᠬᠦᠴᠢᠯᠡᠨ ᠨᠢᠭᠡ ᠣᠪᠣᠭ ᠤᠨ ᠣᠯᠠᠨ | ᠰᠠᠯᠪᠤᠷᠢ ᠪᠣᠯᠵᠣ ᠬᠦᠭᠵᠢᠭᠰᠡᠨ ᠪᠠᠶᠢᠨ᠎ᠠ᠃ | | ᠬᠠᠷ᠎ᠠ ᠨᠣᠬᠤᠨ᠂ ᠬᠠ᠊᠂ ᠨ᠊᠂ ᠪᠠᠭᠠᠲᠤᠷ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |