1871 ᠤᠨ ︵ᠪᠥᠷᠢᠨᠲᠤ ᠵᠠᠰᠠᠭᠴᠢ ᠶᠢᠨ ᠠᠷᠪᠠᠲᠤᠭᠠᠷ ᠤᠨ︶ ᠤ ᠶᠢᠰᠤᠨ ᠰᠠᠷ᠎ᠠ ᠶᠢᠨ ᠰᠢᠨᠠᠤᠨ ᠲᠤ ᠤᠷᠤᠰ | ᠤᠯᠤᠰ ᠤᠨ ᠠᠯᠲᠠᠷᠲᠤ ᠵᠢᠭᠤᠯᠴᠢᠨ ᠨᠢᠺᠥᠯᠡᠢ ᠮᠧᠬᠠᠶᠢᠯᠤᠸᠢᠴᠢ᠂ ᠹᠠᠷᠵᠢᠸᠠᠨᠰᠺᠢ ᠬᠡᠭᠴᠢ ᠬᠤᠶᠠᠷ ᠬᠥᠮᠤᠨ ᠪᠤᠯᠤᠨ | ᠤᠷᠴᠢᠭᠤᠯᠤᠭᠴᠢ ᠪᠤᠷᠢᠶᠠᠤᠨ ᠮᠤᠩᠭᠤᠯ ᠤᠨ ᠬᠤᠶᠠᠷ ᠬᠥᠮᠤᠨ ᠲᠠᠢ 4 ᠬᠥᠮᠤᠨ ᠬᠠᠯᠬ᠎ᠠ ᠮᠤᠩᠭᠤᠯ ᠤᠨ ᠳ᠋ᠠ | ᠬᠥᠷᠢᠶ᠎ᠠ ᠠᠴᠠ ᠠᠶᠠᠨᠴᠢᠯᠠᠨ ᠭᠠᠷᠴᠤ᠂ ᠪᠡᠬᠡᠵᠢᠩ ᠢᠶᠠᠷ ᠲᠤᠭᠤᠷᠢᠨ ᠢᠨᠠᠭᠰᠢ ᠮᠥᠨ ᠵᠢᠯ ᠤᠨ ᠶᠢᠰᠤᠨ ᠰᠠᠷ᠎ᠠ ᠶᠢᠨ | ᠰᠢᠨᠠᠤᠨ ᠢᠶᠠᠷ ᠳ᠋ᠢᠩ ᠶᠤᠸᠠᠨ ᠶᠢᠩ ᠬᠤᠲᠠ ᠳᠤ ᠬᠥᠷᠴᠤ ᠢᠷᠠᠵᠠᠢ᠃ ᠮᠥᠨ ᠲᠠᠷᠤᠢ ᠴᠢᠨ ᠸᠠᠩ | ᠬᠥᠡᠭᠰᠠᠨᠵᠦ᠋ᠷᠮᠢᠤᠨ ᠲᠠᠢ ᠠᠭᠤᠯᠵᠠᠵᠤ᠂ ᠥᠪᠠᠷ ᠤᠨ ᠤᠴᠢᠷ ᠢᠶᠠᠨ ᠲᠠᠨᠢᠯᠴᠭᠤᠯᠵᠤ᠂ ︽ᠪᠢᠲᠠ ᠨᠠᠷ ᠪᠤᠯ ᠵᠥᠪᠬᠡᠨ | ᠪᠠᠶᠢᠭᠠᠯᠢ ᠶᠢᠨ ᠡᠬᠡ ᠪᠠᠶᠠᠯᠢᠭ ᠤᠨ ᠠᠭᠤᠷᠬᠠᠢ ᠶᠢᠨ ᠢᠯᠠ ᠪᠠ ᠨᠢᠭᠤᠭᠲᠠᠮᠠᠯ ᠢ ᠰᠤᠲᠤᠯᠤᠨ ᠰᠢᠨᠵᠢᠯᠡᠬᠦ ᠶᠢ | ᠬᠠᠷᠢᠭᠤᠴᠠᠬᠤ ᠠᠴᠠ ᠪᠢᠰᠢ᠂ ᠥᠬᠡᠷ᠎ᠠ ᠶᠠᠮᠠᠷ ᠴᠤ ᠶᠠᠪᠤᠲᠠᠯ ᠳᠤ ᠬᠠᠮᠢᠶᠠᠲᠠᠬᠤ ᠦᠭᠡᠢ᠃ ᠡᠬᠦᠨ ᠤ ᠲᠤᠬᠠᠢ ᠡᠷᠬᠢᠮ | ᠨᠤᠶᠠᠨᠲᠠᠨ ᠤ ᠤᠷᠤᠨ ᠢ ᠲᠤᠭᠤᠷᠢᠨ ᠰᠢᠨᠵᠢᠯᠡᠬᠦ ᠬᠥᠰᠠᠯ ᠲᠠᠢ︾ ᠬᠡᠰᠠᠨ ᠳᠤ ᠵᠥᠪᠰᠢᠷᠡᠵᠤ᠂ ᠠᠯᠠᠱᠠ ᠠᠭᠤᠯᠠ ᠵᠡᠷᠬᠡ | ᠭᠠᠵᠠᠷ ᠢᠶᠠᠷ ᠲᠤᠭᠤᠷᠢᠬᠤ ᠲᠡᠮᠲᠡᠭ ᠪᠢᠴᠢᠭ ᠤᠯᠭᠤᠵᠡᠢ᠃ ᠲᠡᠲᠠ ᠲᠤᠰ ᠭᠠᠵᠠᠷ ᠢ ᠮᠡᠲᠡᠬᠦ ᠨᠢᠬᠡᠨ ᠮᠤᠩᠭᠤᠯ | ᠵᠠᠯᠠᠭᠤ ᠶᠢ ᠬᠥᠯᠤᠰᠤᠯᠡᠵᠤ᠂ ᠪᠤᠭᠤᠲᠤ ᠶᠢᠨ ᠠᠭᠤᠯᠠᠨ ᠳᠤ ᠭᠠᠷᠴᠤ ᠪᠠᠷᠤᠭ ᠠᠷᠪᠠ ᠭᠠᠷᠤᠢ ᠡᠲᠤᠷ ᠲᠤᠭᠤᠷᠢᠵᠤ | ᠪᠤᠭᠤ᠂ ᠬᠥᠲᠡᠷᠢ᠂ ᠶᠠᠩᠬᠢᠷ᠂ ᠭᠤᠷᠭᠤᠤᠯ ᠵᠡᠷᠬᠡ ᠵᠡᠷᠯᠢᠭ ᠠᠮᠢᠲᠡᠨ ᠢ ᠪᠠᠷᠢᠵᠤ ᠠᠪᠴᠤ ᠰᠢᠨᠵᠢᠨ ᠥᠵᠡᠵᠡᠢ᠃ | ᠲᠠᠷᠠᠭ᠎ᠠ ᠪᠠᠷ ᠲᠠᠤᠯᠡᠢ ᠪᠤᠯᠠᠭ ᠲᠤ ᠬᠥᠷᠴᠤ᠂ ᠮᠥᠨ ᠪᠤᠯᠠᠭ ᠲᠤ ᠨᠢᠬᠡᠨ ᠨᠤᠭᠤᠭᠠᠨ ᠮᠤᠭᠠᠢ ᠶᠢ ᠠᠮᠢᠲᠤ ᠪᠠᠷ ᠨᠢ | ᠪᠠᠷᠢᠵᠤ ᠤᠰᠤᠲᠡᠢ ᠰᠢᠯ ᠯᠤᠩᠬᠤᠨ ᠳᠤ ᠰᠠᠪᠠᠯᠠᠵᠤ ᠠᠪᠤᠭᠠᠤᠨ ᠭᠠᠵᠠᠷᠴᠢ ᠵᠠᠯᠠᠭᠤ ᠳᠤ ︽ᠪᠢᠲᠠ ᠡᠨᠡᠬᠦ ᠮᠤᠭᠠᠢ ᠶᠢ | ᠪᠠᠷᠢᠵᠤ ᠠᠪᠤᠭᠰᠠᠨ ᠢ ᠴᠢ ᠶᠠᠮᠠᠷ ᠴᠤ ᠬᠥᠮᠤᠨ ᠳᠤ ᠬᠡᠵᠢᠶᠠᠲᠠ ᠬᠡᠯᠠᠵᠤ ᠪᠤᠯᠬᠤ ᠦᠭᠡᠢ︾ ᠬᠡᠵᠤ ᠵᠠᠬᠢᠭᠠᠤᠨ᠂ 3 | ᠯᠠᠩ ᠰᠢᠷ᠎ᠠ ᠠᠯᠲᠠ ᠲᠠᠢ ᠡᠳ᠋ ᠪᠤᠲᠠᠰ ᠥᠭᠴᠡᠢ᠃ ᠲᠠᠷᠠᠬᠦ ᠭᠠᠵᠠᠷᠴᠢ ᠪᠠᠷ ᠶᠠᠪᠤᠭᠰᠠᠨ ᠵᠠᠯᠠᠭᠤ ᠪᠤᠯ ᠤᠷᠢᠲᠤ | ᠬᠡᠷᠡᠭ ᠲᠤ ᠬᠠᠯᠲᠠᠵᠤ᠂ ᠬᠠᠤᠯᠢ ᠪᠠᠷ ᠪᠠᠲᠡᠢ ᠶᠢᠨ ᠵᠢᠷᠠᠨ ᠳᠤ ᠴᠥᠯᠡᠭᠲᠡᠭᠰᠠᠨ ᠵᠤᠭᠤᠰᠤᠨ ᠬᠡᠯᠬᠢᠶ᠎ᠠ ᠬᠡᠭᠴᠢ | ᠥᠯᠵᠡᠢ ᠶᠢᠨ ᠡᠴᠢᠬᠡ ᠶᠤᠮ᠃ ᠲᠠᠤᠯᠡᠢ ᠪᠤᠯᠠᠭ ᠤᠨ ᠨᠤᠭᠤᠭᠠᠨ ᠮᠤᠭᠠᠢ ᠦᠭᠡᠢ ᠪᠤᠯᠤᠭᠰᠠᠨ ᠤ ᠬᠤᠶᠢᠨ᠎ᠠ᠂ | ᠰᠢᠷᠡᠬᠦ᠋ᠲᠤᠯ ᠤᠨ ᠤᠷᠤᠢ ᠳᠤ ᠡᠬᠦᠯᠠ ᠤᠲᠠᠭᠠᠨ ᠲᠤᠭᠲᠠᠬᠤ ᠦᠭᠡᠢ ᠮᠥᠷᠲᠡᠬᠡᠨ᠂ ᠲᠠᠤᠯᠡᠢ ᠪᠤᠯᠠᠭ ᠤᠨ ᠤᠷᠬᠢᠯᠬᠤ | ᠤᠰᠤᠨ ᠤ ᠤᠨᠲᠤᠷᠤᠯ ᠨᠢ ᠴᠤ ᠶᠡᠭᠡ ᠪᠠᠷ ᠪᠠᠭᠠᠰᠴᠤ᠂ ᠬᠤᠷ᠎ᠠ ᠪᠤᠷᠤᠭᠠᠨ ᠤᠷᠤᠬᠤ ᠨᠢ ᠴᠥᠬᠡᠷᠡᠵᠤ᠂ ᠭᠠᠨᠭ᠍ᠲᠠᠬᠤ | ᠥᠵᠡᠭᠲᠡᠯ ᠶᠡᠬᠡᠲᠥᠭᠰᠠᠨ ᠬᠡᠵᠤ ᠲᠡᠬᠡᠲᠤ ᠥᠶ᠎ᠠ ᠶᠢᠨ ᠬᠥᠮᠤᠰ ᠬᠡᠯᠡᠲᠡᠭ ᠪᠠᠶᠢᠭᠰᠠᠨ ︵1972 ᠤᠨ ᠤ ᠬᠠᠪᠤᠷ | ᠤᠷᠢᠲᠤ ᠱᠠᠷᠢᠯ ᠤᠨ ᠶᠠᠮᠤᠨ ᠤ ᠲᠠᠭᠠᠭᠠᠮᠠᠯ ᠤᠨ ᠲᠤᠰᠢᠶᠠᠯ ᠬᠥᠯᠢᠶᠡᠵᠤ ᠥᠡᠭᠭᠡᠷᠡᠭᠰᠠᠨ ᠨᠠᠶᠠᠨ ᠨᠠᠰᠤᠲᠡᠢ ᠪᠠᠲᠠᠷᠠᠩᠭᠤᠢ | ᠡᠪᠤᠬᠡᠨ ᠬᠡᠯᠡᠪᠡᠢ︶ ᠭᠡᠨ᠎ᠠ᠃ | ᠮᠥᠨ ᠤᠨ ᠤ ᠴᠭᠠᠭᠴᠢᠨ ᠬᠤᠨᠢᠨ ᠵᠢᠯ ᠤᠨ ᠠᠷᠪᠡᠨ ᠰᠠᠷ᠎ᠠ ᠶᠢᠨ ᠠᠷᠪᠡᠨ ᠲᠠᠪᠤᠨ ᠤ ᠥᠷᠯᠤᠬᠡ᠂ ᠤᠷᠤᠰ | ᠤᠯᠤᠰ ᠤᠨ ᠵᠢᠭᠤᠯᠴᠢᠨ ᠨᠢᠺᠥᠯᠠᠢ ᠮᠧᠬᠠᠢᠢᠯᠤᠸᠢᠴᠢ᠂ ᠹᠠᠷᠵᠢᠸᠠᠠᠰᠺᠢ ᠵᠡᠷᠬᠡ 4 ᠬᠥᠮᠤᠨ ᠳ᠋ᠢᠩ ᠶᠤᠸᠠᠨ ᠶᠢᠩ ᠠᠴᠠ | ᠮᠤᠷᠲᠠᠵᠤ ᠵᠢᠷᠡᠲᠡᠢ ᠶᠢᠨ ᠨᠠᠭᠤᠷ ᠲᠤ ᠬᠥᠷᠬᠦ ᠳᠤ ᠨᠢᠬᠡᠨᠲᠠ ᠰᠥᠨᠢ ᠲᠥᠯᠢ ᠪᠤᠯᠪᠠ᠃ ᠲᠠᠷᠠ ᠥᠶᠡᠰ ᠲᠤ ᠨᠠᠭᠤᠷ ᠤᠨ | ᠲᠤᠲᠤᠷ᠎ᠠ ᠲᠠᠪᠤᠨ ᠥᠡᠭᠬᠡ ᠶᠢᠨ ᠰᠤᠯᠤᠩᠭ᠎ᠠ ᠰᠤᠨᠤᠷᠠᠨ ᠭᠠᠷᠬᠤ ᠲᠠᠢ ᠵᠡᠷᠬᠡ ᠨᠠᠭᠤᠷ ᠤᠨ ᠲᠤᠮᠲᠡᠬᠢ ᠪᠢᠴᠢᠬᠠᠨ | ᠪᠤᠯᠠᠭ ᠤᠨ ᠲᠡᠷᠬᠡᠲᠠ ᠬᠤᠶᠠᠷ ᠬᠡᠰᠡᠭ ᠭᠠᠯ ᠪᠥᠮᠪᠦᠭᠡ ᠲᠤᠭᠤᠷᠢᠭᠰᠠᠭᠠᠷ ᠤᠲᠠᠯ ᠦᠭᠡᠢ ᠬᠤᠤᠰ ᠤᠯᠠᠭᠠᠨ ᠬᠡᠷᠠᠯ | ᠰᠠᠴᠤᠷᠠᠭᠤᠯᠤᠭᠰᠠᠨ ᠳ᠋ᠸᠡᠭᠯᠤ ᠪᠤᠯᠤᠨ ᠬᠤᠪᠢᠯᠵᠤ᠂ ᠬᠤᠶᠠᠷ ᠯᠤᠤ ᠲᠠᠭᠠᠵᠤ ᠪᠠᠶᠢᠭᠠᠤᠨ ᠪᠤᠯᠠᠭ ᠤᠨ ᠡᠬᠢᠨ ᠳᠤ | ᠤᠷᠤᠵᠤ ᠠᠯᠠᠭ᠎ᠠ ᠪᠤᠯᠤᠭᠰᠠᠨ ᠥᠵᠡᠭᠲᠡᠯ ᠭᠠᠷᠴᠤ ᠬᠡᠨ᠎ᠠ᠃ ᠡᠬᠦᠨ ᠢ ᠤᠷᠤᠰ ᠬᠥᠮᠤᠨ ᠶᠡᠭᠡ ᠯᠠ ᠰᠤᠨᠢᠷᠬᠠᠵᠤ᠂ | ᠡᠨᠠ ᠬᠦ ᠨᠠᠭᠤᠷ ᠲᠤ ᠠᠮᠢᠲᠤ ᠴᠢᠨᠲᠠᠮᠤᠨᠢ ᠤᠷᠤᠰᠢᠭᠰᠠᠨ ᠡᠯᠪᠡᠭ ᠠᠭᠤᠷᠬᠠᠢ ᠶᠢᠨ ᠬᠥᠷᠤᠩᠭᠡ ᠪᠠᠶᠢᠨ᠎ᠠ ᠬᠡᠵᠤ | ᠬᠡᠯᠡᠭᠰᠠᠨ ᠬᠡᠨ᠎ᠠ᠃ | ᠵᠢᠷᠡᠲᠡᠢ ᠠᠴᠠ ᠴᠠᠭᠠᠰᠢ ᠶᠠᠪᠤᠵᠤ ᠬᠠᠷ᠎ᠠ ᠮᠤᠷᠢᠲᠤ ᠪᠤᠯᠠᠭ ᠲᠤ ᠬᠥᠷᠴᠤ ᠬᠡᠲᠤᠨ ᠬᠤᠨᠤᠭ ᠰᠠᠭᠤᠵᠤ | ᠪᠠᠶᠢᠭᠠᠯᠢ ᠶᠢᠨ ᠪᠤᠯᠠᠭᠲᠠᠮᠠᠯ ᠪᠠᠶᠠᠯᠢᠭ ᠢ ᠡᠷᠢᠵᠤ᠂ ᠮᠥᠨ ᠪᠤᠯᠠᠭ ᠤᠨ ᠤᠷᠴᠢᠮ ᠠᠴᠠ ᠯᠤᠤ ᠶᠢᠨ ᠶᠠᠰᠤ ᠶᠢ ᠮᠠᠯᠲᠠᠵᠤ | ᠠᠷᠪᠢᠨ ᠠᠪᠴᠤ ᠶᠠᠪᠤᠵᠡᠢ᠃ | ᠲᠠᠷᠠ ᠤᠷᠤᠰ ᠬᠥᠮᠤᠨ ᠶᠠᠪᠤᠭᠰᠠᠨ ᠠᠴᠠ ᠬᠤᠶᠢᠰᠢ᠂ ᠵᠢᠷᠠᠲᠡᠢ ᠶᠢᠨ ᠠᠭᠤᠷ ᠠᠴᠠ ᠬᠡᠷᠠᠯ ᠭᠠᠷᠬᠤ ᠦᠭᠡᠢ | ᠪᠤᠯᠤᠭᠰᠠᠨ ᠪᠢᠯᠠ᠃ | ᠲᠠᠨᠲᠠ ᠠᠴᠠ ᠴᠠᠭᠠᠰᠢ ᠬᠠᠷᠤᠤᠨ᠎ᠠ ᠶᠢᠨ ᠠᠭᠤᠯᠠ ᠶᠢᠨ ᠬᠠᠭᠠᠰ ᠲᠤ ᠪᠤᠢ ︽ᠵᠠᠬ᠎ᠠ ᠶᠢᠨ ᠴᠠᠭᠠᠨ ᠽᠠᠨᠲᠡᠨ︾ ᠬᠡᠬᠦ | ᠭᠠᠵᠠᠷ ᠲᠤ ᠬᠥᠷᠴᠤ᠂ ᠲᠠᠷᠠ ᠬᠦ ᠠᠪᠤᠷᠭᠤ ᠶᠡᠭᠡ ᠤᠷᠭᠤᠭ᠎ᠠ ᠽᠠᠨᠲᠡᠨ ᠮᠤᠲᠤ ᠶᠢ ᠪᠥᠬᠦᠯᠢ ᠶᠤᠰᠤᠭᠠᠷ ᠨᠢ ᠮᠠᠯᠲᠠᠵᠤ | ᠲᠡᠷᠬᠡ ᠪᠠᠷ ᠲᠡᠬᠡᠬᠡᠵᠤ ᠠᠪᠴᠤ ᠶᠠᠪᠤᠭᠰᠠᠨ ᠤ ᠰᠡᠬᠦᠯ ᠳᠤ ᠲᠤᠰ ᠨᠤᠲᠤᠭ ᠤᠨ ᠮᠤᠩᠭᠤᠯᠴᠤᠤᠨ ᠡᠨᠡᠬᠦ ᠰᠠᠶᠢᠬᠠᠨ | ᠮᠤᠲᠤ ᠪᠠᠨ ᠬᠠᠷᠢ ᠶᠢᠨ ᠬᠥᠮᠤᠨ ᠳᠤ ᠤᠤᠯᠭᠠᠯᠠᠭᠲᠡᠨ ᠠᠯᠲᠠᠭᠰᠠᠨ ᠳᠤ ᠪᠠᠨ ᠬᠠᠷᠠᠮᠰᠠᠵᠤ ︽ᠵᠠᠬ᠎ᠠ ᠶᠢᠨ ᠴᠠᠭᠠᠨ | ᠽᠠᠨᠲᠡᠨ ᠮᠢᠨᠢ︾ ᠬᠡᠲᠡᠭ ᠤᠷᠲᠤ ᠶᠢᠨ ᠲᠠᠭᠤᠤ ᠵᠤᠬᠢᠶᠠᠵᠤ ᠲᠠᠭᠤᠯᠠᠨ ᠲᠡᠤᠬᠡ ᠶᠢᠨ ᠲᠡᠮᠲᠡᠭᠯᠠᠯ ᠪᠤᠯᠭᠠᠭᠰᠠᠨ | ᠤᠯᠠᠮᠵᠢᠯᠠᠯ ᠲᠠᠢ᠃ ᠡᠨᠠ ᠲᠡᠤᠬᠡ ᠶᠢ ᠬᠠᠷᠤᠤᠨ᠎ᠠ ᠪᠠᠭ ᠤᠨ ᠢᠰᠯᠠᠮ ᠰᠤᠷᠲᠠᠬᠤᠨ ᠤ ᠠᠬᠤᠡᠭ ᠪᠠᠭᠰᠢ ᠮᠠᠰᠢᠪᠢᠯᠢᠭ᠌ ︵ | 1983 ᠤᠨ ᠳᠤ ᠨᠠᠰᠤ ᠪᠠᠷᠠᠪᠠ︶ ᠪᠤᠯᠤᠨ ᠠᠯᠲᠠᠷᠲᠤ ᠶᠡᠭᠡ ᠠᠬᠤᠡᠭ ᠠᠨ ᠪᠠᠶᠠᠨ᠋ᠧᠴᠢᠷ ᠨᠡᠷ ᠶᠠᠷᠢᠬᠤ ᠠᠴᠠ | ᠭᠠᠲᠠᠨ᠎ᠠ᠂ ᠠᠬᠠᠮᠠᠤᠨ ᠨᠠᠰᠤᠲᠠᠶᠢᠴᠤᠤᠨ ᠤᠨ ᠠᠮᠠᠨ ᠶᠠᠷᠢᠷᠠ ᠳᠤ ᠡᠯᠬᠦᠭᠲᠡᠵᠤ ᠪᠠᠶᠢᠭᠰᠠᠨ ᠪᠢᠯᠠ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |