| ᠥᠭᠡᠯᠡᠳᠴᠦᠳ ᠡᠷᠳᠡᠨ ᠠᠴᠠ ᠡᠳᠦᠭᠡ ᠪᠣᠯᠳᠠᠯ᠎ᠠ᠂ ᠣᠷᠳᠤ ᠣᠳᠠᠭᠠᠨ ᠠᠮᠢᠳᠤᠷᠠᠯ ᠤᠨ ᠶᠠᠪᠣᠴᠠ ᠳᠤ᠂ ᠡᠷᠭᠢᠮ | ᠳᠡᠭᠡᠳᠤ᠂ ᠡᠭᠡᠯ ᠳᠤᠤᠷᠠᠳᠤ ᠭᠡᠰᠡᠨ ᠦᠭᠡᠶ ᠴᠦᠮ ᠠᠷᠢᠭᠢᠨ ᠰᠤᠶᠤᠯ ᠲᠠᠢ ᠪᠠᠢᠵᠤ᠂ ᠳᠡᠭᠦᠨ ᠲᠠᠢ ᠰᠠᠯᠤᠰᠢ ᠦᠭᠡᠶ | ᠬᠤᠪᠢ ᠪᠠᠷᠢᠯᠳᠤᠯᠭ᠎ᠠ ᠲᠠᠢ ᠶᠤᠮ᠃ ᠠᠷᠢᠭᠢ ᠶᠢ ᠪᠣᠳᠠᠭᠠᠨ ᠠᠷᠢᠭᠢ᠂ ᠵᠢᠮᠢᠰ ᠤᠨ ᠠᠷᠢᠭᠢ ᠁ ᠭᠡᠵᠤ ᠮᠠᠰᠢ | ᠣᠯᠠᠨ ᠵᠦᠢᠯ ᠬᠤᠪᠢᠶᠠᠳᠠᠭ ᠰᠠᠨ᠃ ᠥᠭᠡᠯᠡᠳ ᠮᠤᠩᠭᠤᠯᠴᠤᠳ ᠤᠨ ᠠᠷᠢᠭᠢᠨ ᠰᠤᠶᠤᠯ ᠨᠢ ᠰᠠᠭᠠᠯᠢ ᠶᠢᠨ ᠠᠷᠢᠭᠢ | ᠪᠣᠯᠤᠨ᠎ᠠ᠃ ᠰᠠᠭᠠᠯᠢ ᠶᠢᠨ ᠠᠷᠢᠭᠢᠨ ᠤ ᠥᠯᠢᠭᠡᠷ ᠳᠡᠦᠭᠡᠨ ᠳᠤ ᠥᠭᠡᠯᠡᠳ ᠮᠤᠩᠭᠤᠯᠴᠤᠳ ᠤᠨ ᠥᠴᠦᠭᠡᠳᠦᠷ ᠪᠣᠯᠤᠨ | ᠦᠨᠦᠳᠤᠷ ᠤᠨ ᠢᠮ ᠳᠡᠮᠳᠡᠭ ᠬᠠᠳᠠᠭᠠᠯᠠᠭᠳᠠᠭᠰᠠᠭᠠᠷ ᠪᠣᠢ᠃ | ᠥᠷᠭᠡᠨ ᠠᠭᠤᠳᠠᠮ᠂ ᠭᠦᠪᠡᠭᠡ ᠭᠢᠵᠠᠭᠠᠷ ᠨᠢ ᠬᠠᠷᠠᠭᠳᠠᠬᠤ ᠦᠭᠡᠶ ᠭᠦᠳᠡᠭᠡ ᠨᠤᠳᠤᠭ ᠪᠣᠯ ᠥᠭᠡᠯᠡᠳᠴᠦᠳ ᠤᠨ | ᠠᠵᠤ ᠲᠦᠷᠦᠨ ᠠᠮᠢᠳᠤᠷᠠᠵᠤ ᠪᠠᠶᠢᠬᠤ ᠡᠭᠡ ᠣᠷᠤᠨ᠃ ᠡᠨᠡᠭᠦ ᠪᠣᠭᠢᠷᠳᠦᠯ ᠦᠭᠡᠶ ᠭᠦᠷᠦᠰᠤ ᠰᠢᠷᠤᠢ ᠨᠢ ᠡᠭᠡ | ᠪᠠᠶᠢᠭᠠᠯᠢ ᠠᠴᠠ ᠭᠦᠮᠤᠨ ᠲᠦᠷᠦᠯᠭᠢᠳᠠᠨ ᠳᠤ ᠭᠦᠷᠳᠡᠭᠡᠭᠰᠡᠨ ᠣᠩᠭᠤᠨ ᠪᠠᠶᠢᠭᠠᠯᠢ᠂ ᠬᠤᠷᠮᠤᠰᠳᠠ ᠳᠡᠭᠷᠢ ᠶᠢᠨ ᠪᠣᠶᠠᠨ | ᠭᠡᠰᠢᠭ ᠪᠣᠯᠤᠨ᠎ᠠ᠃ ᠭᠦᠭᠡ ᠴᠡᠩᠭᠡᠷ ᠣᠭᠳᠠᠷᠭᠤᠢ᠂ ᠨᠤᠮᠢᠨ ᠨᠤᠭᠤᠭᠠᠨ ᠳᠠᠯ᠎ᠠ ᠨᠤᠳᠤᠭ᠂ ᠮᠦᠰᠢᠶᠠᠨ ᠳᠡᠯᠭᠡᠷᠡᠭᠰᠡᠨ | ᠥᠩᠭᠡ ᠪᠦᠷᠢ ᠶᠢᠨ ᠴᠡᠴᠡᠭ ᠬᠤᠸᠠᠷ ᠤᠳ ᠨᠢ ᠳᠠᠪᠤᠨ ᠥᠩᠭᠡ ᠪᠠᠷ ᠰᠤᠯᠤᠩᠭᠠᠷᠠᠭᠰᠠᠨ ᠭᠠᠶᠢᠬᠠᠮᠰᠢᠭᠳᠤ ᠰᠠᠶᠢᠬᠠᠨ | ᠵᠢᠷᠤᠭ ᠳᠦᠷᠰᠦ ᠶᠢ ᠪᠣᠢ ᠪᠣᠯᠭᠠᠨ᠎ᠠ᠃ ᠪᠠᠯᠴᠢᠨ ᠢᠳᠡᠰᠢᠯᠡᠭᠦ ᠥᠭᠡᠷ ᠬᠤᠨᠢ᠂ ᠳᠠᠷᠬᠠᠨ ᠪᠠᠯᠴᠢᠭᠦ ᠠᠳᠤᠭᠤ | ᠮᠠᠯ ᠤᠳ ᠨᠢ ᠶᠠᠭ ᠯᠠ ᠳᠠᠯ᠎ᠠ ᠨᠤᠳᠤᠭ ᠲᠠᠬᠢ ᠭᠦᠭᠵᠢᠮ ᠠᠶᠠᠰ ᠤᠨ ᠨᠤᠲ ᠳᠡᠮᠳᠡᠭ ᠪᠣᠯᠵᠤ᠂ ᠥᠭᠡᠯᠡᠳᠴᠦᠳ ᠤᠨ | ᠵᠤᠯ ᠵᠢᠷᠭᠠᠯᠳᠤ ᠠᠮᠢᠳᠤᠷᠠᠯ ᠤᠨ ᠰᠠᠶᠢᠨ ᠰᠠᠶᠢᠬᠠᠨ ᠢ ᠪᠢᠴᠢᠭᠯᠡᠨ ᠳᠠᠭᠤᠯᠠᠵᠤ ᠪᠠᠶᠢᠭ᠎ᠠ ᠮᠠᠳᠤ᠃ | ᠦᠷ ᠤᠨ ᠭᠡᠭᠡ ᠠᠷᠠᠢ ᠳᠠᠳᠠᠬᠤ ᠳᠤ᠂ ᠦᠨᠢᠶ᠎ᠡ ᠰᠠᠭᠠᠬᠤ ᠳᠠᠭᠤᠨ ᠥᠷᠯᠦᠭᠡ ᠶᠢᠨ ᠨᠠᠮ ᠵᠢᠮ ᠪᠠᠶᠢᠳᠠᠯ ᠢ ᠡᠪᠳᠡᠵᠤ | ᠂ ᠣᠷᠠᠨ ᠪᠣᠯᠵᠤᠮᠤᠷ ᠵᠢᠷᠭᠢᠨ ᠱᠤᠯᠤᠭᠠᠨᠠᠬᠤ ᠨᠢ ᠰᠥ ᠰᠠᠭᠠᠯᠢ ᠶᠢᠨ ᠳᠠᠭᠤᠨ ᠲᠠᠢ ᠭᠦᠭ ᠨᠠᠶᠢᠯᠠᠵᠤ᠂ ᠰᠠᠪᠠ | ᠰᠠᠭᠤᠯᠭᠠᠨ ᠳᠤ ᠢᠳᠡᠭᠡᠨ ᠤ ᠳᠡᠭᠡᠳᠤ ᠴᠠᠯᠭᠢᠯᠠᠵᠤ᠂ ᠰᠦ ᠶᠢᠨ ᠦᠨᠦᠷ ᠰᠠᠩᠭᠢᠨᠠᠨ᠎ᠠ᠃ ᠳᠠᠷᠠᠭᠦ ᠰᠥ ᠰᠠᠭᠠᠯᠢ ᠨᠢ | ᠥᠭᠡᠯᠡᠳ ᠪᠦᠰᠡᠭᠦ᠋ᠢᠴᠦᠳ ᠤᠨ ᠥᠩᠭᠡᠳᠤ ᠴᠢᠷᠠᠢ ᠳᠤ ᠳᠤᠰᠤᠭᠰᠠᠨ ᠠᠴᠠ ᠳᠠᠳᠠᠨᠤᠰ ᠤᠨ ᠨᠢᠭᠤᠷ ᠵᠢᠰᠤ ᠣᠯᠠᠮ ᠴᠤ | ᠭᠤᠶᠤ ᠪᠣᠯᠵᠤ᠂ ᠳᠠᠷᠠᠭᠦ ᠰᠥ ᠰᠠᠭᠠᠯᠢ ᠳᠠᠯ᠎ᠠ ᠨᠤᠳᠤᠭ ᠲᠤ ᠰᠠᠴᠤᠯᠢᠭᠳᠠᠭᠰᠠᠨ ᠠᠴᠠ ᠭᠦᠷᠦᠰᠦᠳᠤ ᠳᠡᠯᠡᠭᠡᠢ | ᠵᠢᠯ ᠠᠴᠠ ᠵᠢᠯ ᠣᠯᠠᠮ ᠴᠤ ᠨᠤᠮᠢᠨ ᠨᠤᠭᠤᠭᠠᠨ ᠢᠶᠠᠷ ᠠᠮᠢᠯᠠᠨ ᠳᠠᠪᠠᠯᠭᠠᠯᠠᠵᠤ᠂ ᠳᠠᠷᠠᠭᠦ ᠰᠥ ᠰᠠᠭᠠᠯᠢ | ᠥᠭᠡᠯᠡᠳᠴᠦᠳ ᠤᠨ ᠭᠠᠷ ᠢᠶᠠᠷ ᠳᠠᠮᠵᠢᠨ ᠠᠮᠳᠠᠳᠤ ᠰᠠᠶᠢᠬᠠᠨ ᠰᠠᠭᠠᠯᠢ ᠶᠢᠨ ᠠᠷᠢᠭᠢ ᠨᠡᠷᠡᠭᠳᠡᠵᠤ᠂ ᠰᠠᠷᠬᠤᠤᠨ ᠤᠨ | ᠰᠤᠶᠤᠯ ᠪᠦᠳᠦᠭᠡᠨ᠎ᠡ᠃ | ᠰᠠᠭᠠᠯᠢ ᠶᠢᠨ ᠰᠠᠷᠬᠤᠤᠨ ᠨᠢ ᠥᠭᠡᠯᠡᠳ ᠮᠤᠩᠭᠤᠯᠴᠤᠳ ᠲᠠᠢ ᠠᠳᠠᠯᠢ ᠪᠠᠷ ᠣᠷᠳᠤ ᠣᠳᠠᠭᠠᠨ ᠳᠡᠦᠭᠡ ᠲᠠᠢ | ᠶᠤᠮ᠃ ᠠᠯᠢ ᠡᠷᠳᠡ ᠮᠤᠩᠭᠤᠯᠴᠤᠳ ᠮᠠᠯᠵᠢᠬᠤ ᠠᠮᠢᠳᠤᠷᠠᠯ ᠢ ᠡᠷᠭᠢᠯᠡᠨ᠂ ᠠᠭᠯᠠᠭ ᠠᠭᠤᠯᠠ ᠡᠭᠡᠷᠡᠮ᠎ᠡ ᠳᠠᠯ᠎ᠠ ᠪᠠᠷ | ᠣᠳᠤᠷᠯᠠᠨ ᠨᠡᠭᠦᠳᠡᠯᠯᠡᠭᠦ ᠳᠡᠭᠡᠨ ᠠᠷᠠᠰᠤᠨ ᠣᠭᠤᠳᠠᠨ ᠳᠠᠭᠠᠨ ᠰᠥ ᠰᠠᠭᠠᠯᠢ ᠪᠠᠨ ᠳᠡᠭᠡᠭᠡᠵᠤ ᠠᠶᠠᠯᠠᠨ ᠶᠠᠪᠣᠬᠤ ᠳᠤ | ᠨᠢᠭᠡᠨ ᠵᠠᠮ ᠤᠨ ᠳᠡᠩᠭᠡᠯᠡᠭᠡ ᠠᠴᠠ ᠰᠦ ᠶᠢᠨ ᠬᠤᠪᠢ ᠶᠢᠨ ᠵᠢᠩ ᠢᠶᠠᠷ ᠭᠦᠡᠳᠤ ᠭᠡᠰᠡᠭ ᠨᠢ ᠳᠤᠭᠤᠭᠰᠢ ᠳᠤᠨᠵᠤ᠂ | ᠴᠤᠯᠤ ᠴᠠᠪᠠᠷ ᠰᠦ ᠶᠢᠨ ᠳᠡᠭᠡᠳᠤ ᠨᠢ ᠳᠡᠭᠡᠭᠰᠢ ᠳᠡᠭᠳᠡᠨ᠂ ᠦᠯ ᠪᠠ ᠣᠮᠳᠠ ᠶᠢ ᠳᠠᠷᠤᠬᠤ ᠣᠠᠴᠠ ᠰᠠᠶᠢᠨ ᠢᠳᠡᠭᠡᠨ | ᠪᠣᠯᠬᠤ ᠶᠢ ᠰᠠᠷᠠᠵᠤ ᠮᠡᠳᠡᠭᠰᠡᠨ ᠠᠴᠠ᠂ ᠳᠠᠳᠡ ᠰᠠᠭᠠᠯᠢ ᠶᠢᠨ ᠠᠷᠢᠭᠢ ᠨᠡᠷᠡᠭᠦ ᠶᠢ ᠥᠭᠡᠷ᠎ᠡ ᠪᠣᠰᠤᠳ ᠦᠨᠳᠦᠰᠦᠳᠠᠨ | ᠶᠠᠰᠤᠳᠠᠨ ᠠᠴᠠ ᠬᠠᠮᠤᠭ ᠳᠡᠷᠢᠭᠦᠨ ᠳᠤ ᠮᠠᠳᠠᠪᠠ ᠭᠡᠵᠤ ᠳᠡᠦᠭᠡᠨ ᠪᠢᠴᠢᠭ ᠰᠤᠳᠤᠷ ᠲᠤ ᠳᠡᠮᠳᠡᠭᠯᠡᠵᠤ ᠪᠣᠢ᠃ ᠡᠨᠡᠭᠦ | ᠢᠯᠡᠷᠡᠭᠦᠯᠦᠯ ᠢ ᠰᠠᠷᠠᠵᠤ ᠮᠡᠳᠡᠭᠰᠡᠨ ᠥᠭᠡᠯᠡᠳᠴᠥᠳ᠂ ᠣᠳᠠᠭᠠᠨ ᠡᠳᠦᠷ ᠤᠨ ᠣᠢᠢᠯᠠᠳᠪᠣᠷᠢᠯᠠᠯ ᠠᠮᠢᠳᠤᠷᠠᠯ ᠤᠨ | ᠶᠠᠪᠣᠴᠠ ᠳᠠᠭᠠᠨ ᠰᠠᠭᠠᠯᠢ ᠶᠢᠨ ᠠᠷᠢᠭᠢ ᠨᠡᠷᠡᠭᠦ ᠶᠢ ᠡᠭᠦᠳᠴᠤ᠂ ᠰᠠᠷᠬᠤᠤᠨ ᠤᠨ ᠰᠤᠶᠤᠯ ᠢ ᠪᠦᠳᠦᠭᠡᠪᠡ᠃ | ᠰᠠᠭᠠᠯᠢ ᠶᠢᠨ ᠠᠷᠢᠭᠢ ᠨᠢ ᠡᠶᠢᠨᠭᠦ ᠠᠯᠭᠤᠷ ᠠᠭᠠᠵᠢᠮ ᠢᠶᠠᠷ ᠥᠭᠡᠯᠡᠳᠴᠥᠳ ᠤᠨ ᠠᠮᠢᠳᠤᠷᠠᠯ ᠳᠤ ᠨᠠᠪᠴᠢᠨ ᠰᠢᠩᠭᠡᠵᠡᠢ᠃ | | ︽ᠮᠠᠷᠺᠦ ᠫᠣᠯᠤ᠋ ᠶᠢᠨ ᠵᠢᠭᠤᠯᠴᠢᠯᠠᠯ ᠤᠨ ᠳᠡᠮᠳᠡᠭᠯᠡᠯ︾ ᠳᠤ ᠡᠶᠢᠮᠤ ᠨᠢᠭᠡᠨ ᠳᠠᠨᠢᠯᠴᠠᠭᠤᠯᠭ᠎ᠠ ᠪᠠᠶᠢᠳᠠᠭ᠃ | ᠮᠤᠩᠭᠤᠯᠴᠤᠳ ᠤᠨ ᠣᠤᠭᠤᠳᠠᠭ ᠴᠡᠭᠡ ᠪᠠᠷ ᠨᠡᠷᠡᠭᠰᠡᠨ ᠰᠠᠭᠠᠯᠢ ᠶᠢᠨ ᠠᠷᠢᠭᠢ ᠶᠢᠨ ᠥᠩᠭᠡ ᠨᠢ ᠴᠠᠭᠠᠨ ᠦᠵᠦᠮ ᠤᠨ | ᠠᠷᠢᠭᠢ ᠲᠠᠢ ᠠᠳᠠᠯᠢ ᠪᠠᠶᠢᠵᠤ᠂ ᠦᠨᠦᠷ ᠠᠮᠳᠠ ᠨᠢ ᠴᠤ ᠲᠤᠩ ᠰᠠᠶᠢᠬᠠᠨ᠂ ᠡᠭᠦᠨ ᠢ ᠪᠠᠨ ᠺᠤᠮᠢᠰ ᠭᠡᠵᠤ᠂ ︽ᠺᠤᠮᠢᠰ | ︾ ᠨᠢ ᠰᠠᠭᠠᠯᠢ ᠶᠢᠨ ᠠᠷᠢᠭᠢ ᠶᠢ ᠵᠢᠭᠠᠵᠤ ᠪᠠᠶᠢᠨ᠎ᠠ᠃ ︽ᠸᠢᠯᠢᠶᠠᠮ ᠷᠦᠪᠷᠦᠩ ᠤᠨ ᠮᠤᠩᠭᠤᠯ ᠳᠤ ᠵᠢᠭᠤᠯᠴᠢᠯᠠᠬᠰᠠᠨ | ᠳᠡᠮᠳᠡᠭᠯᠡᠯ︾ ᠳᠤ ᠰᠠᠭᠠᠯᠢ ᠶᠢᠨ ᠠᠷᠢᠭᠢ ᠨᠡᠷᠡᠭᠦ ᠠᠷᠭ᠎ᠠ ᠶᠢ ᠵᠢᠷᠤᠭᠯᠠᠭᠰᠠᠨ ᠪᠠᠢᠪᠠ᠃ ᠡᠳᠡᠭᠡᠷ ᠪᠦᠭᠦᠨ ᠨᠢ | ᠰᠠᠭᠠᠯᠢ ᠶᠢᠨ ᠠᠷᠢᠭᠢ ᠳᠤᠮᠳᠠᠳᠤ ᠶᠢᠨ ᠨᠤᠳᠤᠭ ᠲᠤ ᠭᠢᠯᠢ ᠭᠢᠵᠠᠭᠠᠷ ᠣᠷᠤᠨ ᠤ ᠳᠡᠦᠭᠡᠨ ᠠᠴᠠ ᠡᠭᠢ ᠰᠤᠷᠪᠣᠯᠵᠢ ᠲᠠᠢ | ᠂ ᠳᠠᠯ᠎ᠠ ᠶᠢᠨ ᠮᠤᠩᠭᠤᠯᠴᠤᠳ ᠡᠭᠦᠨ ᠢ ᠣᠷᠢᠤᠠᠴᠢᠯᠠᠨ ᠢᠯᠡᠷᠡᠭᠦᠯᠵᠤ᠂ ᠣᠢ ᠶᠢᠨ ᠢᠷᠭᠡᠳ ᠪᠠ ᠥᠭᠡᠷ᠎ᠡ ᠪᠣᠰᠤᠳ | ᠦᠨᠳᠦᠰᠦᠳᠠᠨ ᠶᠠᠰᠤᠳᠠᠨ ᠳᠠᠭᠤᠷᠢᠶᠠᠨ ᠥᠢᠯᠡᠳᠦᠭᠰᠡᠨ ᠠᠴᠠ ᠰᠠᠭᠠᠯᠢ ᠶᠢᠨ ᠠᠷᠢᠭᠢᠨ ᠤ ᠬᠠᠮᠳᠤ ᠶᠢᠨ ᠰᠤᠶᠤᠯ ᠪᠣᠢ | ᠪᠣᠯᠤᠭᠰᠠᠨ ᠢ ᠬᠠᠷᠠᠭᠤᠯᠵᠤ ᠪᠠᠢᠭ᠎ᠠ ᠶᠤᠮ᠃ | ᠦᠨᠦᠳᠤᠷ᠂ ᠥᠭᠡᠯᠡᠳᠴᠥᠳ ᠴᠡᠭᠡ ᠪᠠᠷ ᠰᠠᠭᠠᠯᠢ ᠶᠢᠨ ᠠᠷᠢᠭᠢ ᠨᠠᠷᠠᠵᠤ ᠪᠠᠶᠢᠬᠤ ᠪᠠᠷ ᠪᠠᠷᠠᠬᠤ ᠦᠭᠡᠶ᠂ ᠦᠨᠢᠶᠠᠨ | ᠰᠥ᠂ ᠢᠮᠠᠭᠠᠨ ᠰᠦ ᠪᠠᠷ ᠴᠤ ᠰᠠᠭᠠᠯᠢ ᠶᠢᠨ ᠠᠷᠢᠭᠢ ᠨᠠᠷᠠᠵᠤ᠂ ᠨᠡᠷᠡᠭᠦ ᠠᠷᠭ᠎ᠠ ᠪᠠᠷᠢᠯ ᠨᠢ ᠪᠠᠷᠤᠭ ᠠᠳᠠᠯᠢᠪᠳᠤᠷ | ᠪᠠᠶᠢᠨ᠎ᠠ᠃ ᠳᠤᠬᠠᠢ ᠶᠢᠨ ᠦᠶ᠎ᠡ ᠶᠢᠨ ᠮᠥᠩᠭᠦᠨ ᠴᠠᠭᠠᠨ ᠮᠤᠩᠭᠤᠯ ᠭᠡᠷ ᠪᠣᠯ ᠠᠷᠢᠭᠢ ᠨᠡᠷᠡᠭᠦ ᠣᠢᠢᠯᠠᠳᠪᠣᠷᠢ ᠪᠣᠯᠤᠨ᠎ᠠ | ᠂ ᠡᠳᠡᠭᠡᠷ ᠠᠶᠢᠷᠠᠭ ᠤᠨ ᠭᠠᠩ ᠪᠦᠷᠭᠦᠭᠦᠯ᠂ ᠳᠤᠭᠤᠭ᠎ᠠ ᠵᠢᠯᠠᠪᠴᠢ ᠵᠡᠷᠭᠡ ᠪᠣᠯ ᠠᠷᠢᠭᠢ ᠨᠡᠷᠡᠭᠦ ᠪᠠᠭᠠᠵᠢ ᠭᠡᠷᠡᠭᠯᠡᠭᠦᠷ | ᠪᠠᠢᠵᠤ᠂ ᠠᠩᠭᠢᠯᠤᠮ᠎ᠠ ᠦᠨᠦᠷ ᠬᠠᠩᠬᠤᠯᠤᠭᠰᠠᠨ ᠠᠷᠢᠭᠤᠨ ᠴᠠᠭᠠᠨ ᠰᠥ ᠨᠢ ᠳᠠᠷᠤᠢ ᠠᠷᠢᠭᠢ ᠨᠡᠷᠡᠭᠦ ᠳᠦᠭᠦᠭᠡᠢ | ᠮᠠᠲ᠋ᠧᠷᠢᠶᠠᠯ ᠪᠣᠯᠤᠨ᠎ᠠ᠃ | ᠰᠠᠭᠠᠯᠢ ᠶᠢᠨ ᠠᠷᠢᠬᠢ ᠨᠡᠷᠡᠬᠦ ᠲᠤᠭᠤᠭ᠎ᠠ ᠭᠡᠷᠡᠭᠰᠡᠯ ᠤᠳ᠃ ᠦᠨᠡᠨᠳᠡᠭᠡᠨ ᠠᠷᠢᠭᠢ ᠨᠡᠷᠡᠭᠦ ᠳᠤ ᠭᠡᠷᠡᠭᠯᠡᠭᠦ ᠰᠥ ᠨᠢ | ᠢᠰᠭᠡᠭᠰᠡᠨ ᠰᠥ᠂ ᠳᠠᠷᠤᠢ ᠠᠶᠢᠷᠠᠭ ᠪᠣᠯᠤᠨ᠎ᠠ᠃ ᠮᠤᠳᠤᠨ ᠰᠠᠭᠤᠯᠭᠠᠨ ︵ᠠᠶᠢᠷᠠᠭ ᠤᠨ ᠭᠠᠩ︶ ᠳᠤ ᠰᠢᠨ᠎ᠠ | ᠰᠤᠷᠭᠤᠭ ᠰᠦ ᠪᠠᠨ ᠭᠢᠵᠤ᠂ ᠬᠠᠪᠬᠠᠭᠠᠰᠤ ᠶᠢ ᠨᠢ ᠬᠠᠪᠬᠠᠯᠠᠨ ᠳᠤᠯᠠᠭᠠᠨ ᠤ ᠭᠡᠮᠵᠢᠶ᠎ᠡ ᠵᠤᠭᠢᠴᠠᠭᠰᠠᠨ ᠭᠠᠵᠠᠷ 5 — | 6 ᠡᠳᠦᠷ ᠳᠠᠯᠪᠢᠭᠰᠠᠨ ᠤ ᠳᠠᠷᠠᠭ᠎ᠠ ᠠᠶᠠᠠᠳᠠᠭᠠᠨ ᠡᠭᠡᠳᠡᠷᠡᠵᠤ ᠠᠶᠢᠷᠠᠭ ᠪᠣᠯᠳᠠᠭ᠃ ᠡᠭᠦᠨ ᠢ ᠠᠶᠢᠷᠠᠭ ᠤᠨ ᠪᠦᠯᠢᠭᠦᠷ | ︵ᠠᠶᠢᠷᠠᠭ ᠤᠨ ᠭᠠᠩ ᠳᠤ ᠣᠭᠰᠠᠷᠠᠭᠰᠠᠨ ᠳᠤᠰᠬᠠᠢ ᠪᠠᠭᠠᠵᠢ︶ ᠢᠶᠠᠷ ᠪᠦᠯᠢᠭᠦ ᠳᠤ ᠹᠢᠽᠢᠺ ᠤᠨ ᠬᠤᠪᠢᠷᠠᠯᠳᠠ | ᠡᠭᠦᠰᠴᠤ᠂ ᠭᠢᠮᠢ ᠶᠢᠨ ᠵᠠᠳᠠᠷᠠᠯᠳᠠ ᠠᠴᠠ ᠠᠶᠢᠷᠠᠭ ᠤᠨ ᠳᠡᠭᠡᠳᠤ ᠭᠡᠰᠡᠭ ᠲᠤ ᠴᠠᠭᠠᠨ ᠥᠩᠭᠡᠳᠡᠢ ᠢᠳᠡᠭᠡᠨ ᠤ ᠰᠢᠩᠭᠡᠨ | ᠪᠣᠢ ᠪᠣᠯᠤᠨ᠎ᠠ᠂ ᠡᠭᠦᠨ ᠢ ᠥᠭᠡᠯᠡᠳᠴᠥᠳ ︽ᠴᠠᠭᠠᠨ ᠳᠤᠰᠤ︾ ᠭᠡᠨ᠎ᠡ᠃ ᠡᠨᠡᠭᠦ ︽ᠴᠠᠭᠠᠨ ᠳᠤᠰᠤ︾ ᠪᠠᠨ | ᠬᠤᠤᠠᠬᠤᠨ ᠰᠢᠷ᠎ᠠ ᠣᠰᠤ ᠶᠢ ᠨᠢ ᠢᠯᠭᠠᠷᠠᠭᠤᠯᠤᠭᠠᠳ ᠳᠤᠭᠤᠭᠠᠨ ᠳᠤ ᠭᠢᠵᠤ ᠪᠣᠴᠠᠯᠭᠠᠪᠠᠯ᠂ ᠮᠠᠨ ᠤ ᠶᠠᠷᠤᠳᠠ ᠶᠢᠨ | ᠢᠳᠡᠳᠡᠭ ᠰᠢᠷ᠎ᠠ ᠳᠤᠰᠤ ᠪᠣᠯᠤᠨ᠎ᠠ᠃ ᠬᠤᠷᠢᠨ ᠺᠢᠯᠦᠭᠷᠡᠮ ᠠᠶᠢᠷᠠᠭ ᠠᠴᠠ ᠪᠠᠷᠤᠭ 1.5 ᠺᠢᠯᠦᠭᠷᠡᠮ ᠰᠢᠷ᠎ᠠ ᠳᠤᠰᠤ | ᠪᠠᠭᠤᠨ᠎ᠠ᠃ ︽ᠴᠠᠭᠠᠨ ᠳᠤᠰᠤ︾ ᠶᠢ ᠨᠢ ᠠᠪᠣᠭᠰᠠᠨ ᠠᠶᠢᠷᠠᠭ ᠢᠶᠠᠨ ᠳᠤᠭᠤᠭᠠᠨ ᠳᠠᠭᠠᠨ ᠭᠢᠵᠤ᠂ ᠳᠡᠭᠡᠷ᠎ᠡ ᠨᠢ ᠳᠤᠮᠤ | ᠪᠦᠳᠦᠭᠦᠨ ᠢᠷᠤᠭᠠᠷ ᠠᠮᠠᠰᠠᠷ ᠦᠭᠡᠶ᠂ ᠳᠤᠳᠤᠷ᠎ᠠ ᠪᠠᠨ ᠳᠡᠪᠢᠭᠦᠷ ᠭᠡᠯᠪᠠᠷᠢ ᠲᠠᠢ᠂ ᠭᠠᠳᠠᠭᠰᠢ ᠨᠡᠪᠳᠡᠷᠡᠭᠰᠡᠨ ᠪᠠᠭ᠎ᠠ | ᠠᠮᠠ ᠲᠠᠢ ᠭᠤᠭᠤᠵᠢᠭᠤᠷ ᠣᠭᠰᠠᠷᠠᠭᠰᠠᠨ ᠭᠦᠡᠳᠡᠢ ᠮᠤᠳᠤᠨ ᠰᠠᠭᠤᠯᠭ᠎ᠠ ︵ᠥᠭᠡᠯᠡᠤᠨᠴᠦᠳ ︿ᠪᠦᠷᠭᠦᠭᠦᠯ﹀ ᠭᠡᠨ᠎ᠡ︶ | ᠪᠠᠷ ᠭᠦᠮᠦᠷᠡᠨ᠂ ᠪᠦᠷᠭᠦᠭᠦᠯ ᠤᠨ ᠳᠡᠭᠡᠷ᠎ᠡ ᠨᠢ ᠭᠦᠢᠳᠡᠨ ᠣᠰᠤ ᠰᠠᠪᠠᠯᠠᠬᠤ ᠳᠤᠭᠤᠭ᠎ᠠ ︵ᠥᠭᠡᠯᠡᠳᠴᠥᠳ ᠵᠢᠯᠠᠪᠴᠢ | ᠭᠡᠨ᠎ᠡ︶ ᠳᠠᠯᠪᠢᠨ᠂ ᠵᠢᠯᠠᠪᠴᠢ ᠪᠣᠯᠤᠨ ᠪᠦᠷᠭᠦᠭᠦᠯ ᠬᠤᠶᠠᠷ ᠤᠨ ᠠᠭᠤᠯᠵᠠᠷ ᠭᠦᠪᠡᠭᠡ ᠶᠢ ᠳᠤᠰᠬᠠᠢ ᠳᠠᠭᠠᠷᠠᠭᠤᠯᠤᠭᠰᠠᠨ | ᠪᠦᠰ ᠪᠠ ᠥᠭᠡᠷ᠎ᠡ ᠶᠠᠭᠤᠮ᠎ᠠ ᠪᠠᠷ ᠭᠡᠢ ᠭᠠᠷᠭᠠᠬᠤ ᠦᠭᠡᠶ ᠣᠷᠢᠶᠠᠵᠤ᠂ ᠵᠢᠯᠠᠪᠴᠢ ᠳᠠᠭᠠᠨ ᠭᠦᠢᠳᠡᠨ ᠣᠰᠤ ᠭᠢᠨ᠎ᠠ᠃ | | ᠡᠳᠡᠭᠡᠷ ᠠᠯᠬᠤᠮ ᠪᠦᠷᠢ ᠨᠢ ᠶᠠᠮᠠᠷ ᠭᠡᠷᠡᠭᠴᠡᠭᠡ ᠲᠠᠢ ᠪᠣᠯ︖ ᠡᠨᠡ ᠨᠢ ᠳᠠᠷᠤᠢ ᠠᠷᠢᠭᠢ ᠨᠡᠷᠡᠭᠦ ᠶᠢᠨ ᠨᠢᠭᠤᠴᠠ | ᠪᠣᠯᠤᠯᠳᠠᠢ᠃ ᠠᠶᠢᠷᠠᠭ ᠪᠣᠴᠠᠯᠬᠤ ᠳᠤ ᠠᠭᠤᠷᠰᠢᠭᠰᠠᠨ ᠠᠭᠤᠷ ᠨᠢ ᠭᠦᠢᠳᠡᠨ ᠣᠰᠤ ᠲᠠᠢ ᠵᠢᠯᠠᠪᠴᠢ ᠶᠢᠨ | ᠢᠷᠤᠭᠠᠷ ᠲᠠᠢ ᠣᠴᠠᠷᠠᠭᠰᠠᠭᠠᠷ ᠹᠢᠽᠢᠺ ᠤᠨ ᠬᠤᠪᠢᠷᠠᠯᠳᠠ ᠡᠭᠦᠰᠴᠤ᠂ ᠠᠭᠤᠷ ᠠᠴᠠ ᠪᠠᠨ ᠣᠰᠤᠨ ᠮᠥᠭᠦᠯᠢᠭ ᠪᠤᠯᠵᠤ | ᠬᠤᠪᠢᠷᠠᠨ᠂ ᠳᠤᠷᠤᠭᠰᠢ ᠳᠤᠰᠤᠯᠬᠤ ᠳᠠᠭᠠᠨ ᠪᠦᠷᠭᠦᠭᠦᠯ ᠳᠤᠳᠤᠷ᠎ᠠ ᠵᠢᠰᠢᠭᠦᠤ ᠳᠠᠯᠪᠢᠭᠰᠠᠨ ᠳᠡᠪᠢᠭᠦᠷ ᠭᠡᠯᠪᠠᠷᠢ ᠲᠠᠢ | ᠭᠤᠭᠤᠵᠢᠭᠤᠷ ᠲᠤ ᠳᠤᠰᠤᠭᠳᠠᠨ ᠠᠮᠠᠰᠠᠷ ᠢᠶᠠᠷ ᠨᠢ ᠭᠠᠳᠠᠭᠰᠢ ᠭᠤᠭᠤᠵᠢᠨ᠂ ᠰᠠᠪᠠᠯᠠᠬᠤ ᠰᠢᠯ ᠳᠤ ᠣᠷᠤᠰᠤᠨ | ᠣᠷᠤᠭᠰᠠᠨ ᠴᠠᠪᠠᠷ ᠳᠤᠩᠭᠠᠯᠠᠭ ᠣᠰᠤ ᠰᠢᠬ ᠰᠢᠩᠭᠡᠨ ᠪᠠᠶᠡᠳᠤ ᠪᠣᠯ ᠳᠠᠷᠤᠢ ᠰᠠᠭᠠᠯᠢ ᠶᠢᠨ ᠠᠷᠢᠭᠢ ᠪᠣᠯᠤᠨ᠎ᠠ᠃ | ᠵᠢᠯᠠᠪᠴᠢ ᠳᠠᠬᠢ ᠭᠦᠢᠳᠡᠨ ᠣᠰᠤ ᠪᠠᠨ ᠬᠠᠯᠠᠭᠤᠨ ᠤ ᠭᠷᠠᠳᠦ᠋ᠰ ᠢ ᠨᠢ ᠦᠵᠡᠵᠤ ᠳᠠᠰᠤᠷᠠᠯᠳᠠ ᠦᠭᠡᠶ ᠰᠤᠯᠢᠬᠤ ᠶᠢ | ᠳᠠᠭᠠᠯᠳᠤᠨ᠂ ᠬᠤᠷᠢ ᠭᠠᠷᠤᠢ ᠺᠢᠯᠦᠭᠷᠡᠮ ᠠᠶᠢᠷᠠᠭ ᠠᠴᠠ ᠪᠠᠷᠤᠭ 2 ᠺᠢᠯᠦᠭᠷᠡᠮ ᠰᠢᠬᠠᠮ ᠰᠠᠭᠠᠯᠢ ᠶᠢᠨ ᠠᠷᠢᠭᠢ | ᠳᠤᠰᠤᠯᠠᠨ᠎ᠠ᠃ ᠭᠡᠭᠦ ᠳᠡᠭᠡᠨ᠂ 2 — 4 ᠣᠳᠠᠭᠠᠨ ᠤ ᠵᠢᠯᠠᠪᠴᠢ ᠶᠢᠨ ᠭᠦᠢᠳᠡᠨ ᠣᠰᠤᠨ ᠤ ᠰᠤᠯᠢᠯᠳᠠ ᠠᠴᠠ | ᠪᠣᠯᠤᠭᠰᠠᠨ ᠰᠠᠭᠠᠯᠢ ᠶᠢᠨ ᠠᠷᠢᠭᠢ ᠶᠢ ︽ᠳᠡᠷᠢᠭᠦᠨ ᠳᠤᠭᠤᠭᠠᠨ ᠤ ᠠᠷᠢᠭᠢ︾ ᠭᠡᠵᠤ᠂ ᠳᠡᠭᠦᠨ ᠤ ᠠᠷᠢᠭᠢᠨ | ᠭᠷᠡᠳᠦ᠋ᠰ ᠤᠨ ᠬᠡᠮᠵᠢᠶ᠎ᠡ ᠨᠢ ᠪᠠᠷᠤᠭ 45。 — 60。 ᠪᠠᠶᠢᠵᠤ᠂ ᠭᠠᠯ ᠳᠠᠭᠠᠨ ᠡᠷᠭᠦᠭᠦ ᠳᠤ ᠳᠦᠷᠠᠯᠵᠡᠳᠠᠯᠠ | ᠨᠤᠴᠤᠨ᠎ᠠ᠃ | ᠳᠡᠭᠡᠭᠡᠳ᠂ ᠠᠷᠢᠭᠢ ᠨᠠᠷᠠᠵᠤ ᠪᠠᠷᠠᠭᠰᠠᠨ ᠠᠶᠢᠷᠠᠭ ᠢᠶᠠᠨ ᠱᠨ ᠪᠦᠰ ᠢᠶᠠᠷ ᠱᠥᠭᠦᠵᠤ᠂ ᠳᠤᠭᠤᠭᠠᠨ ᠳᠤ ᠵᠥᠭᠡᠯᠡᠨ | ᠭᠠᠯ ᠢᠶᠠᠷ ᠵᠢᠩᠨᠡᠭᠦ ᠶᠢᠨ ᠳᠠᠭᠠᠤ ᠳᠠᠰᠤᠷᠠᠯᠳᠠ ᠦᠭᠡᠶ ᠬᠤᠤᠠᠬᠤᠵᠤ ᠵᠢᠭᠤᠷᠮᠠᠭ ᠪᠠᠶᠡᠳᠤ ᠪᠣᠯᠭᠠᠭᠠᠳ᠂ ᠱᠨ | ᠣᠭᠤᠳᠠ ᠪᠠᠷ ᠰᠢᠷ᠎ᠠ ᠣᠰᠤ ᠶᠢ ᠨᠢ ᠰᠢᠬᠠᠨ ᠭᠠᠷᠭᠠᠭᠰᠠᠨ ᠳ᠋ᠸᠤᠹᠤ ᠰᠢᠬ ᠵᠥᠭᠡᠯᠡᠨ ᠢᠳᠡᠬᠡᠨ ︽ᠰᠠᠭ᠎ᠠ︾ ᠪᠤᠯᠭᠠᠨ᠎ᠠ᠃ | ᠰᠠᠭ᠎ᠠ ᠪᠠᠨ ᠭᠡ ᠣᠭᠠᠯᠵᠠ ᠲᠠᠢ ᠮᠤᠳᠤᠨ ᠭᠡᠪ ᠪᠠᠷ ᠭᠡᠪᠳᠤᠭᠦ ᠪᠣᠶᠤ ᠭᠠᠷ ᠢᠶᠠᠷ ᠢᠶᠠᠨ ᠪᠠᠵᠠᠵᠤ᠂ ᠨᠠᠷᠢᠨ | ᠪᠣᠷᠭᠠᠰᠤ ᠪᠠᠷ ᠬᠤᠯᠪᠣᠭᠰᠠᠨ ᠬᠠᠪᠳᠠᠭᠠᠢ ︵ᠥᠭᠡᠯᠡᠳᠴᠥᠳ ︿ᠨᠢᠩ ᠵᠢᠷᠠᠭ᠎ᠠ﹀ ᠭᠡᠨ᠎ᠡ︶ ᠳᠡᠭᠡᠷ᠎ᠡ ᠳᠠᠯᠪᠢᠵᠤ | ᠬᠠᠳᠠᠭᠠᠨ ᠠᠭᠠᠷᠤᠤᠯ ᠪᠣᠯᠭᠠᠨ᠎ᠠ᠃ | ᠰᠠᠭᠠᠯᠢ ᠶᠢᠨ ᠠᠷᠢᠭᠢ ᠨᠠᠷᠠᠵᠤ ᠴᠠᠭᠠᠨ ᠢᠳᠡᠭᠡᠨ ᠭᠢᠭᠦ ᠨᠢ ᠡᠶᠢᠮᠤ ᠠᠷᠪᠢᠨ ᠶᠠᠪᠣᠴᠠ ᠥᠩᠭᠡᠷᠡᠯᠳᠡ ᠲᠠᠢ᠃ | ᠰᠠᠭᠠᠯᠢ ᠶᠢᠨ ᠠᠷᠢᠭᠢ ᠨᠡᠷᠡᠭᠰᠡᠨ ᠡᠷᠦᠭᠡ ᠪᠦᠭᠦᠨ ᠶᠠᠭᠤᠨ ᠤ ᠡᠮᠦᠨ᠎ᠡ ᠰᠠᠷᠬᠤᠤᠨ ᠤᠨ ᠳᠡᠭᠡᠵᠢ ᠪᠠᠨ ᠭᠠᠯ ᠪᠣᠷᠬᠠᠨ᠂ | ᠳᠡᠭᠷᠢ ᠭᠠᠵᠠᠷ ᠲᠠᠭᠠᠨ ᠡᠷᠭᠦᠨ ᠰᠠᠴᠤᠯᠢᠵᠤ᠂ ᠴᠠᠭᠠᠨ ᠢᠳᠡᠭᠡᠨ ᠰᠠᠪᠠ ᠳᠦᠭᠦᠷᠡᠩ᠂ ᠳᠠᠩᠰᠤᠭ ᠠᠮᠢᠳᠤᠷᠠᠯ ᠮᠥᠩᠭᠡ | ᠣᠷᠤᠰᠢᠬᠤ ᠶᠢ ᠪᠠᠯᠭᠡᠳᠡᠨ ᠳᠠᠭᠠᠳᠬᠠᠳᠠᠭ ᠪᠢᠯᠠ᠃ ᠰᠠᠭᠠᠯᠢ ᠶᠢᠨ ᠠᠷᠢᠭᠢ ᠪᠣᠯ ᠮᠤᠩᠭᠤᠯ ᠦᠨᠳᠦᠰᠦᠳᠠᠨ ᠤ ᠣᠶᠤᠨ | ᠣᠬᠠᠭᠠᠨ ᠤ ᠦᠨᠡᠳᠤ ᠪᠦᠳᠦᠭᠡᠯ᠂ ᠣᠯᠠᠮᠵᠢᠯᠠᠵᠤ ᠢᠷᠡᠭᠰᠡᠨ ᠰᠤᠶᠤᠯ ᠤᠨ ᠦᠪ ᠭᠦᠷᠦᠩᠭᠡ ᠪᠣᠯᠬᠤ ᠶᠤᠮ᠃ | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ | |