ᠭᠡᠷ ᠤᠨ ᠡᠳ᠋ᠯᠡᠯ ᠤᠨ ᠵᠦᠢᠯ —ᠶᠠᠩᠯᠤᠤ ᠵᠤᠤᠬ᠎ᠠ
ᠨᠡᠶᠢᠲᠡᠯᠡᠭᠰᠡᠨ ᠴᠠᠭ᠄
2021/1/20
︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾                                 ----- ᠠᠬᠤᠢ ᠠᠮᠢᠳᠤᠷᠠᠯ ᠤᠨ ᠪᠣᠳᠢ ᠭᠡᠷ ᠤᠨ ᠡᠳ᠋ᠯᠡᠯ ᠤᠨ ᠵᠦᠢᠯ —  ᠶᠠᠩᠯᠤᠤ ᠵᠤᠤᠬ᠎ᠠ᠄ ᠶᠠᠩᠯᠤᠤ ᠭᠡᠳᠡᠭ ᠨᠢ ︽ᠬᠠᠷᠢ ᠶᠢᠨ ᠵᠤᠤᠬ᠎ᠠ︾ ᠭᠡᠳᠡᠭ ᠤᠳᠬ᠎ᠠ ᠲᠠᠢ ᠬᠢᠲᠠᠳ ᠦᠭᠡ ᠪᠣᠯᠬᠤ ᠶᠤᠮ᠃ ᠶᠠᠩᠯᠤᠤ ᠶᠢ ᠪᠠᠽᠠᠷ ᠠᠴᠠ ᠬᠤᠳᠠᠯᠳᠤᠵᠤ ᠠᠪᠬᠤ ᠪᠤᠶᠤ ᠲᠡᠮᠦᠷ ᠲᠤᠩ ᠪᠤᠶᠤ ᠵᠤᠵᠠᠭᠠᠨᠴᠠᠢ ᠬᠠᠯᠠᠢ ᠪᠠᠷ ᠬᠢᠳᠡᠭ᠃ ᠲᠤᠩ ᠢᠶᠠᠷ ᠬᠢᠬᠦ ᠳᠡᠭᠡᠨ ᠤᠷᠢᠳ ᠢᠶᠠᠷ ᠬᠠᠶᠢᠰᠤᠨ ᠬᠦᠵᠦᠭᠦᠦ ᠴᠡᠭᠡ ᠪᠠᠨ ᠪᠠᠭᠲᠠᠵᠤ ᠪᠤᠯᠤᠮᠠᠷ ᠲᠤᠩ ᠢ ᠰᠤᠩᠭᠤᠵᠤ ᠠᠪᠤᠭᠠᠳ ᠲᠡᠭᠦᠨ ᠤ ᠨᠢᠭᠡ ᠲᠠᠯ᠎ᠠ ᠶᠢ ᠨᠢ ᠲᠠᠪᠤ ᠠᠴᠠ ᠠᠷᠪᠠᠨ ᠰᠠᠨᠲ᠋ᠢᠮᠧᠲᠷ ᠦᠷᠭᠡᠨ ᠢᠶᠠᠷ ᠬᠦᠨᠳᠡᠯᠡᠨ ᠬᠡᠷᠴᠢᠵᠦ ᠬᠠᠪᠬᠠᠭᠠᠰᠤ ᠬᠢᠬᠦ ᠪᠠᠷ ᠪᠡᠯᠡᠳᠬᠡᠳᠡᠭ ᠪᠠ ᠦᠯᠡᠳᠡᠭᠰᠡᠨ ᠬᠡᠰᠡᠭ ᠲᠤᠨᠢ ᠲᠦᠯᠡᠰᠢ ᠰᠢᠷᠭᠤᠭᠤᠯᠵᠤ ᠬᠢᠬᠦ ᠠᠮᠠ ᠎ ᠲᠠᠢ ᠬᠢᠳᠡᠭ᠃ ᠠᠮᠠᠰᠠᠷ ᠤᠨ ᠬᠠᠭᠠᠭᠤᠯ ᠤᠨ ᠲᠤᠰᠤᠯᠳᠠᠭᠤ ᠠᠷᠤ ᠲᠠᠯ᠎ᠠ ᠳᠤᠨᠢ ᠤᠲᠤᠭ᠎ᠠ ᠭᠠᠷᠬᠤ ᠪᠠᠭ᠋ᠠᠯᠠᠭᠤᠷ ᠬᠢᠵᠦ ᠂ ᠪᠠᠭ᠋ᠠᠯᠠᠭᠤᠷ ᠲᠠᠢ ᠵᠠᠯᠭᠠᠯᠳᠤᠨ ᠳᠡᠭᠡᠭᠰᠢ ᠭᠠᠷᠬᠤ ᠰᠤᠷᠤᠭᠤᠯ ᠵᠠᠯᠭᠠᠳᠠᠭ᠃ ᠶᠠᠩᠯᠤᠤ ᠶᠢᠨ ᠦᠨᠳᠦᠷ ᠪᠤᠭᠤᠨᠢ ᠶᠢᠨ ᠬᠡᠮᠵᠢᠶ᠎ᠡ ᠶᠢ ᠭᠠᠯ ᠤᠨ ᠲᠦᠯᠦ ᠬᠠᠶᠢᠰᠤᠨ ᠤ ᠢᠷᠤᠭᠠᠯ ᠳᠤ ᠬᠦᠷᠬᠦ ᠬᠡᠮᠵᠢᠶ᠎ᠡ ᠪᠠᠷ ᠬᠢᠳᠡᠭ ᠪᠠ ᠵᠠᠷᠢᠮ ᠨᠢᠭᠡ ᠨᠢ ᠶᠠᠩᠯᠤᠤ ᠶᠢᠨ ᠲᠤᠲᠤᠷ᠎ᠠ ᠪᠠᠰᠠ ᠨᠢᠭᠡ ᠳᠠᠪᠬᠤᠷᠭ᠎ᠠ ᠬᠢᠵᠦ ᠳᠣᠣᠭᠤᠷ ᠨᠢ ᠦᠨᠡᠰᠦ ᠶᠢ ᠨᠢ ᠠᠪᠴᠤ ᠪᠣᠯᠬᠤ ᠠᠮᠠᠰᠠᠷ ᠎ ᠲᠠᠢ ᠬᠢᠳᠡᠭ᠃ ᠲᠤᠲᠤᠷ᠎ᠠ ᠪᠠᠨ ᠳᠠᠪᠬᠤᠷᠭ᠎ᠠ ᠲᠠᠢ ᠶᠠᠩᠯᠤᠤ ᠨᠢ ᠡᠩ ᠤᠨ ᠶᠠᠩᠯᠤᠤ ᠠᠴᠠ ᠪᠠᠭ᠎ᠠ ᠦᠨᠳᠦᠷ ᠰᠢᠭ ᠪᠠᠶᠢᠳᠠᠭ᠃ ᠲᠠᠷᠢᠶᠠᠴᠢᠨ ᠭᠠᠵᠠᠷ ᠤᠨ ᠨᠤᠲᠤᠭ ︵ᠬᠦᠮᠦᠰ︶ ᠪᠣᠯᠬᠤ ᠶᠤᠮ ᠪᠣᠯᠪᠠᠯ ᠰᠢᠪᠡᠷ ᠵᠤᠤᠬ᠎ᠠ ᠪᠤᠶᠤ ᠮᠦᠨ ᠲᠡᠮᠦᠷ ᠶᠠᠩᠯᠤᠤ ᠬᠡᠷᠡᠭᠯᠡᠳᠡᠭ ᠪᠣᠯᠪᠠᠴᠤ ᠡᠪᠤᠯ ᠤᠨ ᠤᠯᠠᠷᠢᠯ ᠳᠤ ᠬᠡᠪᠲᠡᠬᠦ ᠭᠡᠷ ᠢ ᠪᠠᠨ ᠲᠤᠯᠠᠭᠠᠨ ᠪᠦᠯᠢᠶᠡᠨ ᠪᠣᠯᠭᠠᠬᠤ ᠶᠢᠨ ᠲᠤᠯᠠᠳᠠ ᠰᠢᠪᠠᠷ ᠬᠡᠪ ᠪᠤᠶᠤ ᠲᠠᠭᠤᠲᠤ ᠬᠡᠪ ᠢᠶᠠᠷ ᠮᠧᠰᠢ ︵ᠫᠢᠰᠢᠩ︶ ᠪᠠᠷᠢᠵᠤ᠂ ᠲᠡᠭᠦᠨ ᠢᠶᠠᠨ ᠶᠠᠩᠯᠤᠤ ᠪᠤᠶᠤ ᠵᠤᠤᠬ᠎ᠠ ᠶᠢᠨ ᠪᠠᠭ᠋ᠠᠯᠠᠭᠤᠷ ᠬᠤᠭᠤᠯᠠᠢ ᠶᠢ ᠤᠭᠯᠠᠵᠤ ᠭᠠᠯ ᠲᠦᠯᠡᠳᠡᠭ ᠪᠠᠶᠢᠨ᠎ᠠ᠃ ᠡᠶᠢᠭᠡᠪᠡᠯ ᠨᠢᠭᠡ ᠲᠠᠯ᠎ᠠ ᠪᠠᠷ ᠬᠤᠲᠤ ᠬᠤᠭᠤᠯᠠ ᠪᠠᠨ ᠬᠢᠵᠦ ᠪᠣᠯᠬᠤ ᠮᠦᠷᠲᠡᠭᠡᠨ ᠨᠦᠭᠦᠭᠡ ᠲᠠᠯ᠎ᠠ ᠪᠠᠷ ᠭᠡᠷ ᠢᠶᠠᠨ ᠳᠤᠯᠠᠭᠠᠯᠠᠵᠤ ᠪᠣᠯᠵᠤ ᠦᠢᠯᠡᠳᠤᠯ ᠲᠠᠢ ᠶᠤᠮ᠃ ᠮᠧᠰᠢ ᠶᠢ ᠮᠤᠤᠯᠤ ᠭᠡᠵᠦ ᠪᠠᠰᠠ ᠬᠡᠯᠡᠳᠡᠭ᠃ ᠶᠡᠷᠦ ᠶᠢᠨ ᠮᠧᠰᠢ ᠶᠢ ᠪᠠᠷᠢᠵᠤ ᠪᠣᠰᠬᠠᠬᠤ ᠳᠠᠭᠠᠨ ᠵᠡᠷᠭᠡᠴᠡᠭᠡ ᠪᠠᠷ ᠪᠣᠰᠬᠠᠭᠰᠠᠨ ᠭᠤᠷᠪᠠᠨ ᠪᠢᠲᠡᠭᠦᠦ ᠬᠤᠷᠢᠶ᠎ᠠ ᠲᠠᠢ ᠬᠢᠳᠡᠭ ᠪᠦᠭᠡᠳ ᠪᠦᠲᠦᠴᠡ ᠶᠢᠨ ᠳᠡᠭᠡᠷ᠎ᠡ ᠪᠠᠨ ᠬᠠᠯᠠᠭᠤᠨ ᠬᠠᠨᠵᠤᠨ ᠤ ᠪᠦᠲᠦᠴᠡ ᠲᠠᠢ ᠠᠳᠠᠯᠢ ᠪᠠᠶᠢᠳᠠᠭ᠃ ᠦᠭᠡᠷ᠎ᠡ ᠪᠠᠷ ᠬᠡᠯᠡᠪᠡᠯ ᠬᠠᠯᠠᠭᠤᠨ ᠬᠠᠨᠵᠤᠨ ᠤ ᠬᠡᠪᠲᠡᠭᠡ ᠬᠡᠯᠪᠡᠷᠢ ᠶᠢ ᠪᠣᠰᠬᠠᠵᠤ ᠪᠠᠷᠢᠪᠠᠯ ᠮᠧᠰᠢ ᠪᠣᠯᠳᠠᠭ᠃ ᠡᠨᠡ ᠬᠦ ᠮᠧᠰᠢ ᠶᠢᠨ ᠭᠤᠷᠪᠠᠨ ᠬᠤᠷᠢᠶ᠎ᠠ ᠭᠡᠳᠡᠭ ᠨᠢ ᠵᠤᠤᠬ᠎ᠠ ᠠᠴᠠ ᠭᠠᠷᠤᠭᠰᠠᠨ ᠤᠲᠤᠭᠠᠨ ᠭᠦᠶᠦᠬᠦ ᠮᠤᠷᠤᠢ ᠵᠠᠮ ᠪᠣᠯᠬᠤ ᠶᠤᠮ᠃ ᠦᠯᠢᠭᠡᠷᠯᠡᠪᠡᠯ᠂ ᠵᠤᠤᠬ᠎ᠠ ᠶᠢᠨ ᠪᠠᠭ᠋ᠠᠯᠠᠭᠤᠷ ᠠᠴᠠ ᠭᠠᠷᠤᠭᠰᠠᠨ ᠤᠲᠤᠭᠠᠨ ᠨᠢᠭᠡᠳᠡᠭᠴᠢ ᠬᠤᠷᠢᠶ᠎ᠠ ᠪᠠᠷ ᠳᠡᠭᠡᠭᠰᠢ ᠶᠠᠪᠤᠵᠤ ᠳᠡᠭᠡᠳᠦ ᠪᠠᠭ᠋ᠠᠯᠠᠭᠤᠷ ᠢᠶᠠᠷ ᠨᠢ ᠬᠤᠶᠠᠳᠠᠭᠴᠢ ᠬᠤᠷᠢᠶ᠎ᠠ ᠳᠤ ᠣᠷᠤᠵᠤ᠂ ᠬᠤᠶᠠᠳᠠᠭᠴᠢ ᠬᠤᠷᠢᠶ᠎ᠠ ᠪᠠᠷ ᠳᠠᠬᠢᠨ ᠳᠤᠷᠤᠭᠰᠢ ᠶᠠᠪᠤᠵᠤ ᠳᠣᠣᠷ᠎ᠠ ᠲᠠᠯ᠎ᠠ ᠶᠢᠨ ᠪᠠᠭ᠋ᠠᠯᠠᠭᠤᠷ ᠢᠶᠠᠷ ᠭᠤᠷᠪᠠᠳᠠᠭᠴᠢ ᠬᠤᠷᠢᠶ᠎ᠠ ᠳᠤ ᠳᠠᠮᠵᠢᠵᠤ ᠣᠷᠤᠳᠠᠭ ᠪᠠ ᠲᠡᠭᠦᠨ ᠠᠴᠠ ᠪᠠᠨ ᠳᠡᠭᠡᠭᠰᠢᠯᠡᠵᠦ ᠰᠤᠷᠤᠭᠤᠯ ᠢᠶᠠᠷ ᠭᠠᠳᠠᠭᠰᠢ ᠭᠠᠷᠳᠠᠭ᠃ ᠡᠶᠢᠮᠦ ᠮᠧᠰᠢ ᠶᠢ ᠲᠡᠮᠦᠷ ᠰᠤᠷᠤᠭᠤᠯ ᠢᠶᠠᠷ ᠬᠢᠵᠦ ᠳᠡᠭᠡᠭᠰᠢ ᠳᠣᠭᠤᠭᠰᠢ ᠡᠷᠭᠢᠯᠳᠦᠨ ᠰᠤᠷᠤᠭᠤᠯ ᠢᠶᠠᠷ ᠦᠭᠡᠳᠡ ᠭᠠᠷᠬᠤ ᠬᠡᠯᠪᠡᠷᠢ ᠲᠠᠢ ᠴᠤ ᠬᠢᠳᠡᠭ ᠪᠠᠶᠢᠯ᠎ᠠ᠃ ᠵᠤᠤᠬ᠎ᠠ ᠶᠢ ︽ᠭᠠᠵᠠᠷ ᠵᠤᠤᠬ᠎ᠠ︾ ᠪᠣᠯᠤᠨ ︽ᠰᠢᠪᠠᠷ ᠵᠤᠤᠬ᠎ᠠ︾ ᠭᠡᠵᠦ ᠬᠤᠶᠠᠷ ᠵᠦᠢᠯ ᠳᠤ ᠬᠤᠪᠢᠶᠠᠳᠠᠭ᠃ ᠭᠠᠵᠠᠷ ᠵᠤᠤᠬ᠎ᠠ ᠭᠡᠳᠡᠭ ᠨᠢ ᠬᠤᠷᠢᠮ ᠭᠡᠶᠢᠴᠢ᠂ ᠨᠠᠶᠢᠷ ᠲᠠᠩᠭᠠᠷᠠᠢ ᠪᠣᠯᠬᠤ ᠶᠢᠨ ᠦᠶ᠎ᠡ ᠳᠤ ᠭᠠᠵᠠᠭ᠎ᠠ ᠭᠠᠵᠠᠷ ᠮᠠᠯᠲᠠᠵᠤ ᠳᠡᠭᠡᠷ᠎ᠡ ᠨᠢ ᠬᠠᠶᠢᠰᠤ ᠪᠠᠨ ᠨᠡᠷᠡᠵᠦ ᠬᠤᠳᠤ ᠬᠤᠭᠤᠯᠠ ᠬᠢᠬᠦ ᠳᠤ ᠬᠡᠷᠡᠭᠯᠡᠬᠦ ᠵᠤᠤᠬ᠎ᠠ ᠶᠢ ᠬᠡᠯᠡᠳᠡᠭ᠃ ᠬᠦᠳᠡᠭᠡ ᠮᠠᠯᠴᠢᠨ ᠭᠠᠵᠠᠷ ᠤᠨ ᠤᠯᠤᠰ ᠡᠶᠢᠮᠦ ᠵᠤᠤᠬ᠎ᠠ ᠶᠢ ᠣᠯᠠᠨ ᠬᠡᠷᠡᠭᠯᠡᠳᠡᠭ ᠪᠦᠭᠡᠳ ᠨᠡᠭᠦᠭᠦ ᠦᠶ᠎ᠡ ᠳᠡᠭᠡᠨ ᠡᠶᠢᠭᠡᠵᠦ ᠬᠢᠭᠰᠡᠨ ᠵᠤᠤᠬ᠎ᠠ ᠪᠠᠨ ᠳᠠᠷᠤᠵᠤ ᠪᠤᠯᠠᠭᠠᠳ ᠭᠠᠵᠠᠷ ᠲᠠᠢ ᠨᠢ ᠲᠡᠭᠰᠢᠯᠡᠵᠦ ᠣᠷᠬᠢᠭᠠᠳ ᠶᠠᠪᠤᠳᠠᠭ᠃ ᠰᠢᠪᠠᠷ ᠵᠤᠤᠬ᠎ᠠ ᠭᠡᠳᠡᠭ ᠨᠢ ᠬᠠᠶᠢᠰᠤ ᠨᠡᠷᠡᠵᠦ ᠬᠤᠲᠤ ᠬᠤᠭᠤᠯᠠ ᠬᠢᠬᠦ ᠶᠢᠨ ᠲᠦᠯᠦᠭᠡ ᠰᠢᠪᠠᠷ ᠬᠡᠪ ᠪᠤᠶᠤ ᠳᠠᠭᠤᠲᠤ ᠬᠡᠪ ᠢᠶᠠᠷ ᠬᠤᠷᠢᠶᠠᠵᠤ ᠬᠢᠭᠰᠡᠨ ᠵᠤᠤᠬ᠎ᠠ ᠶᠢ ᠬᠡᠯᠡᠳᠡᠭ᠃ ᠡᠶᠢᠮᠦ ᠵᠤᠤᠬ᠎ᠠ ᠶᠢ ᠵᠤᠨ ᠤ ᠤᠯᠠᠷᠢᠯ ᠳᠤ ᠭᠠᠵᠠᠭ᠎ᠠ ᠪᠠᠷᠢᠵᠤ ᠬᠤᠲᠤ ᠬᠤᠭᠤᠯᠠ ᠬᠢᠳᠡᠭ ᠪᠠ ᠡᠪᠦᠯ ᠤᠨ ᠤᠯᠠᠷᠢᠯ ᠳᠤ ᠭᠡᠷ ᠲᠤᠲᠤᠷ᠎ᠠ ᠪᠠᠨ ᠪᠠᠷᠢᠵᠤ ᠭᠠᠯ ᠬᠦᠴᠡ ᠪᠠᠨ ᠬᠢᠳᠡᠭ ᠵᠠᠩᠰᠢᠯ ᠲᠠᠢ ᠪᠠᠶᠢᠳᠠᠭ᠃ ᠡᠶᠢᠨ ᠬᠦ ᠪᠣᠰᠤᠭ᠎ᠠ ᠵᠤᠤᠬ᠎ᠠ ᠨᠢ ᠵᠤᠤᠬ᠎ᠠ ᠶᠢᠨ ᠠᠮᠠᠨ᠂ ᠵᠤᠤᠬ᠎ᠠ ᠶᠢᠨ ᠨᠢᠭᠤᠷ᠂ ᠵᠤᠤᠬ᠎ᠠ ᠶᠢᠨ ᠪᠠᠭ᠋ᠠᠯᠠᠭᠤᠷ᠂ ᠵᠤᠤᠬ᠎ᠠ ᠶᠢᠨ ᠮᠠᠩᠨᠠᠢ᠂ ᠵᠤᠤᠬ᠎ᠠ ᠶᠢᠨ ᠰᠠᠷᠠᠮᠫᠠ᠂ ᠵᠤᠤᠬ᠎ᠠ ᠶᠢᠨ ᠴᠤᠨᠳᠤᠭ᠂ ᠵᠤᠤᠬ᠎ᠠ ᠶᠢᠨ ᠲᠠᠯᠪᠢᠴᠠ ︵ᠳᠡᠭᠲᠦ︶ ᠭᠡᠬᠦ ᠮᠡᠲᠦ ᠪᠦᠷᠢᠯᠳᠦᠭᠦᠨ ᠲᠠᠢ ᠪᠠᠶᠢᠳᠠᠭ᠃ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号