︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾ | ----- ᠠᠬᠤᠢ ᠠᠮᠢᠳᠤᠷᠠᠯ ᠤᠨ ᠪᠣᠳᠢ | | ᠭᠡᠷ ᠤᠨ ᠡᠳ᠋ᠯᠡᠯ ᠤᠨ ᠵᠦᠢᠯ — | ᠬᠠᠶᠢᠰᠤᠨ᠂ ᠲᠤᠯᠭ᠎ᠠ᠄ ︽ᠬᠠᠶᠢᠰᠤᠨ︾ ᠭᠡᠳᠡᠭ ᠨᠢ ᠲᠤᠭᠤᠭ᠎ᠠ ᠶᠢ ᠵᠢᠭᠠᠳᠠᠭ ᠡᠷᠲᠡᠨ ᠤ ᠬᠡᠯᠡᠯᠭᠡ᠃ | ᠣᠶᠢᠷᠠᠳ ᠤᠨ ᠬᠦᠮᠦᠰ ᠶᠡᠷᠦ ᠶᠢᠨ ᠠᠮᠢᠳᠦᠷᠠᠯ ᠠᠬᠤᠢ ᠳᠠᠭᠠᠨ ᠶᠡᠬᠡᠪᠴᠢᠯᠡᠨ ᠴᠦ᠋ ︵ᠰᠢᠷᠠᠮᠤᠨ︶ ᠬᠠᠶᠢᠰᠤ | ᠬᠡᠷᠡᠭᠯᠡᠳᠡᠭ ᠪᠦᠭᠡᠳ ᠬᠠᠶᠢᠰᠤᠨ ᠤ ᠶᠡᠭᠡ ᠪᠠᠭ᠎ᠠ ᠪᠣᠯᠤᠨ ᠬᠡᠷᠡᠭᠴᠡᠭᠡ ᠳᠤᠨᠢ ᠦᠨᠳᠦᠰᠦᠯᠡᠵᠦ ︽ᠮᠠᠩᠵᠤᠨ ᠬᠠᠶᠢᠰᠤᠨ︾ | ᠂ ︽ᠠᠷᠢᠬᠢ ᠶᠢᠨ ᠬᠠᠶᠢᠰᠤᠨ︾᠂ ︽ᠱᠠᠷᠠᠯᠵᠢᠨ ᠬᠠᠶᠢᠰᠤᠨ︾᠂ ︽ᠬᠤᠲᠤ ᠶᠢᠨ ᠬᠠᠶᠢᠰᠤᠨ︾᠂ ︽ᠵᠢᠯᠢᠪᠴᠢ︾ | ᠪᠤᠶᠤ ︽ᠵᠢᠯᠭᠠᠴᠢ︾᠂ ︽ᠪᠠᠬᠢᠷᠰᠦᠨ︾ ᠭᠡᠵᠦ ᠬᠤᠪᠢᠶᠠᠳᠠᠭ ᠪᠠ ᠬᠢᠭᠳᠡᠭᠰᠡᠨ ᠮᠠᠲ᠋ᠧᠷᠢᠶᠠᠯ ᠳᠤᠨᠢ ᠦᠨᠳᠦᠰᠦᠯᠡᠵᠦ | ︽ᠴᠠᠭᠠᠨ ᠬᠠᠶᠢᠰᠤᠨ︾᠂ ︽ᠪᠠᠮ ᠬᠠᠶᠢᠰᠤᠨ︾᠂ ︽ᠪᠤᠭᠤᠱ ᠬᠠᠶᠢᠰᠣᠨ︾᠂ ︽ᠵᠡᠰ ᠬᠠᠶᠢᠰᠣᠨ︾᠂ ︽ᠬᠦᠷᠡᠯ | ᠬᠠᠶᠢᠰᠤᠨ︾ ᠭᠡᠬᠦ ᠮᠡᠲᠦ ᠪᠠᠷ ᠬᠤᠪᠢᠶᠠᠳᠠᠭ᠃ | ᠮᠠᠩᠵᠤᠨ ᠬᠠᠶᠢᠰᠤᠨ ᠭᠡᠳᠡᠭ ᠨᠢ ᠰᠦᠮ᠎ᠡ ᠬᠡᠶᠢᠳ ᠲᠤ ᠬᠤᠷᠠᠯ ᠬᠤᠷᠠᠬᠤ ᠦᠶ᠎ᠡ ᠳᠤ ᠬᠤᠷᠠᠯ ᠤᠨ ᠪᠤᠳᠠᠭ᠎ᠠ ᠬᠢᠳᠡᠭ | ᠲᠤᠮᠤ ᠬᠠᠶᠢᠰᠤ ᠶᠢ ᠬᠡᠯᠡᠳᠡᠭ᠃ ᠠᠷᠢᠬᠢ ᠶᠢᠨ ᠬᠠᠶᠢᠰᠤᠨ ᠭᠡᠵᠦ ᠰᠠᠭᠠᠯᠢ ᠶᠢᠨ ᠠᠷᠢᠬᠢ ᠨᠡᠷᠡᠬᠦ ᠦᠶ᠎ᠡ ᠳᠤ ᠪᠤᠶᠤ | ᠬᠤᠷᠢᠮ ᠨᠠᠶᠢᠷ ᠤᠨ ᠶᠣᠰᠤᠯᠠᠯ ᠳᠤ ᠶᠡᠭᠡ ᠬᠡᠮᠵᠢᠶᠠᠨ ᠤ ᠮᠢᠬ᠎ᠠ ᠴᠢᠨᠠᠬᠤ ᠳᠤ ᠬᠡᠷᠡᠭᠯᠡᠳᠡᠭ ᠳᠦᠴᠢ ᠲᠠᠪᠢᠨ ᠺᠢᠯᠤᠭ᠍ᠷᠠᠮ | ᠠᠶᠢᠷᠠᠭ ᠪᠠᠭᠲᠠᠬᠤ ᠶᠡᠬᠡᠴᠢᠷ ᠬᠠᠶᠢᠰᠤ ᠶᠢ ᠬᠡᠯᠡᠳᠡᠭ᠃ ᠬᠤᠲᠤ ᠶᠢᠨ ᠬᠠᠶᠢᠰᠤᠨ ᠭᠡᠳᠡᠭ ᠨᠢ ᠶᠡᠷᠦ ᠶᠢᠨ ᠦᠶ᠎ᠡ ᠳᠤ | ᠴᠠᠢ ᠴᠢᠨᠠᠬᠤ᠂ ᠲᠠᠷᠢᠶ᠎ᠠ ᠰᠢᠰᠢ ᠬᠠᠭᠤᠷᠬᠤ᠂ ᠬᠤᠲᠤ ᠬᠤᠭᠤᠯᠠ ᠬᠢᠬᠦ ᠪᠠ ᠮᠢᠬ᠎ᠠ ᠴᠢᠨᠠᠵᠤ ᠢᠳᠡᠬᠦ ᠳᠤ ᠬᠡᠷᠡᠭᠯᠡᠳᠡᠭ | ᠬᠦᠷᠡᠯ ᠪᠤᠶᠤ ᠵᠡᠰ ᠢᠶᠠᠷ ᠬᠢᠭᠰᠡᠨ ᠬᠠᠶᠢᠰᠤ ᠪᠠᠨ ᠬᠡᠯᠡᠳᠡᠭ᠃ ᠵᠢᠯᠢᠪᠴᠢ ᠭᠡᠵᠦ ᠮᠤᠰᠤᠷ ᠢᠶᠠᠷ ᠰᠠᠭᠠᠯᠢ ᠶᠢᠨ ᠠᠷᠢᠬᠢ | ᠨᠡᠷᠡᠬᠦ ᠦᠶ᠎ᠡ ᠳᠤ ᠮᠤᠰᠤᠷ ᠤᠨ ᠳᠡᠭᠡᠷᠡᠬᠢ ᠠᠮᠠᠰᠠᠷ ᠲᠤ ᠲᠠᠯᠪᠢᠵᠤ ᠤᠰᠤ ᠰᠤᠯᠢᠬᠤ ᠳᠤ ᠬᠡᠷᠡᠭᠯᠡᠳᠡᠭ ᠪᠠᠭᠠᠴᠠᠷ | ᠬᠠᠶᠢᠰᠤ ᠶᠢ ᠬᠡᠯᠡᠳᠡᠭ᠃ ᠪᠠᠬᠢᠷᠰᠤᠨ ᠭᠡᠳᠡᠭ ᠨᠢ ᠵᠢᠯᠢᠪᠴᠢ ᠠᠴᠠ ᠶᠡᠬᠡᠴᠡᠷ᠂ ᠬᠤᠲᠤ ᠬᠤᠭᠤᠯᠠ ᠬᠢᠬᠦ | ᠬᠠᠶᠢᠰᠤᠨ ᠠᠴᠠ ᠪᠠᠭᠠᠴᠠᠷ ᠬᠠᠶᠢᠰᠤ ᠶᠢ ᠬᠡᠯᠡᠳᠡᠭ᠃ ᠭᠡᠬᠦ ᠳᠡᠭᠡᠨ ᠵᠠᠷᠢᠮ ᠪᠠᠭ᠎ᠠ ᠭᠠᠷ ᠤᠨ ᠪᠠᠬᠢᠷᠰᠤ ᠪᠠᠷ ᠵᠢᠯᠢᠪᠴᠢ | ᠬᠢᠬᠦ ᠶᠠᠪᠦᠳᠠᠯ ᠴᠤ ᠪᠠᠶᠢᠳᠠᠭ᠃ ᠴᠠᠭᠠᠨ ᠬᠠᠶᠢᠰᠤᠨ ᠭᠡᠳᠡᠭ ᠨᠢ ᠴᠠᠶᠢᠷ ᠪᠤᠶᠤ ᠬᠦᠩᠭᠡᠨ ᠴᠠᠭᠠᠨ ᠢᠶᠠᠷ ᠬᠢᠭᠰᠡᠨ | ᠬᠦᠨᠴᠦᠭᠦᠷ ᠭᠦᠨ ᠬᠡᠴᠡ ︵ᠬᠡᠯᠪᠡᠷᠢ︶ ᠲᠠᠢ ᠳᠡᠭᠡᠷ᠎ᠡ ᠪᠠᠨ ᠬᠤᠶᠠᠷ ᠪᠠᠷᠢᠭᠤᠯ ᠲᠠᠢ ᠬᠠᠶᠢᠰᠤ ᠶᠢ ᠬᠡᠯᠡᠳᠡᠭ᠃ ᠡᠶᠢᠮᠦ | ᠬᠠᠶᠢᠰᠤᠨ ᠨᠢ ᠴᠠᠭᠠᠨ ᠦᠩᠭᠡ ᠲᠠᠢ ᠪᠣᠯᠳᠠᠭ ᠠᠴᠠ ︽ᠴᠠᠭᠠᠨ ᠬᠠᠶᠢᠰᠤᠨ︾ ᠭᠡᠮᠡᠨ ᠨᠡᠷᠡᠯᠡᠭᠰᠡᠨ ᠪᠠᠶᠢᠨ᠎ᠠ᠃ | ᠣᠶᠢᠷᠠᠳ ᠬᠦᠮᠦᠰ ᠰᠢᠨ᠎ᠡ ᠬᠠᠶᠢᠰᠤ ᠶᠢ ᠪᠣᠯᠭᠤᠵᠤ ᠬᠡᠷᠡᠭᠯᠡᠳᠡᠭ᠃ ᠡᠰᠡ ᠪᠣᠯᠭᠤᠪᠠᠯ ᠵᠢᠪᠡ ᠭᠠᠷᠴᠤ᠂ ᠴᠢᠨᠠᠭᠰᠠᠨ | ᠴᠠᠢ ᠪᠤᠶᠤ ᠱᠦᠯᠦᠨ ᠬᠦᠬᠡᠷᠡᠳᠡᠭ ᠲᠤᠯᠠ ᠡᠷᠬᠡᠪᠰᠢ ᠪᠠᠯ ᠢ ᠨᠢ ᠠᠷᠢᠯᠭᠠᠬᠤ ᠶᠢᠨ ᠵᠣᠷᠢᠯᠭ᠎ᠠ ᠪᠠᠷ ᠪᠤᠯᠭᠤᠳᠠᠭ᠃ | ᠲᠡᠶᠢᠮᠦ ᠠᠴᠠ ︽ᠬᠠᠶᠢᠰᠤ ᠪᠤᠯᠭᠤᠬᠤ︾ ᠭᠡᠳᠡᠭ ᠨᠢ ᠰᠢᠨ᠎ᠡ ᠬᠤᠳᠠᠯᠳᠤᠵᠤ ᠠᠪᠤᠭᠰᠠᠨ ᠴᠦ᠋ ︵ᠰᠢᠷᠠᠮᠤ︶ | ᠬᠠᠶᠢᠰᠤ ᠶᠢ ᠬᠡᠷᠡᠭ ᠦᠭᠡᠢ ᠶᠠᠰᠤ ᠪᠤᠶᠤ ᠮᠣᠷᠢᠨ ᠤ ᠬᠡᠲᠡ ︵ᠬᠤᠮᠤᠯ︶ ᠳᠡᠭᠡᠷ᠎ᠡ ᠤᠰᠤ ᠬᠢᠵᠤ ᠬᠡᠰᠡᠭ ᠵᠠᠭᠤᠷ᠎ᠠ | ᠪᠤᠴᠠᠯᠭᠠᠵᠤ ᠠᠪᠤᠭᠠᠳ ᠳᠠᠬᠢᠨ ᠬᠠᠶᠢᠰᠤ ᠪᠠᠨ ᠠᠷᠴᠢᠵᠤ ᠴᠡᠪᠡᠷᠯᠡᠭᠡᠳ ᠭᠠᠯ ᠳᠡᠭᠡᠷ᠎ᠡ ᠲᠠᠯᠪᠢᠵᠤ ᠬᠠᠯᠠᠭᠤᠯᠤᠭᠠᠳ | ᠬᠤᠨᠢᠨ ᠤ ᠰᠡᠭᠦᠯ᠂ ᠰᠡᠮᠡᠵᠡ ᠦᠭᠡᠬᠦ ᠮᠡᠲᠦ ᠠᠴᠠ ᠲᠦᠷᠬᠢᠵᠦ ᠨᠠᠷᠠᠨ ᠳᠤ ᠡᠭᠡᠵᠦ ᠲᠠᠯᠪᠢᠳᠠᠭ᠃ ᠭᠡᠮᠡᠷ ᠨᠢᠭᠡ | ᠰᠠᠭᠠᠮ᠎ᠠ ᠳᠤ ᠪᠣᠯᠬᠤ ᠦᠭᠡᠢ ᠪᠣᠯᠪᠠᠯ ᠳᠡᠭᠡᠷᠡᠬᠢ ᠠᠷᠭ᠎ᠠ ᠪᠠᠷ ᠳᠠᠬᠢᠨ ᠳᠠᠪᠲᠠᠨ ᠬᠡᠳᠦᠨ ᠰᠠᠭᠠᠮ᠎ᠠ ᠪᠣᠯᠭᠤᠪᠠᠯ ᠪᠣᠯᠵᠤ | ᠣᠷᠬᠢᠳᠠᠭ᠃ ᠴᠠᠭᠠᠨ ᠬᠠᠶᠢᠰᠤᠨ ᠠᠴᠠ ᠪᠠᠯ ᠵᠢᠪᠡ ᠭᠠᠷᠳᠠᠭ ᠦᠭᠡᠢ ᠲᠤᠯᠠ ᠰᠢᠨ᠎ᠡ ᠠᠪᠤᠭᠰᠠᠨ ᠬᠠᠶᠢᠰᠤᠨ ᠪᠣᠯᠪᠠᠯ | ᠠᠩᠬ᠎ᠠ ᠤᠳᠠᠭ᠎ᠠ ᠬᠠᠷ᠎ᠠ ᠤᠰᠤ ᠪᠤᠴᠠᠯᠭᠠᠵᠤ᠂ ᠳᠠᠷᠠᠭ᠎ᠠ ᠪᠠᠷ ᠨᠢ ᠶᠠᠭᠤ ᠬᠢᠭᠰᠡᠨ ᠴᠤ ᠪᠣᠯᠤᠭᠠᠳ ᠪᠠᠶᠢᠳᠠᠭ᠃ | ᠡᠶᠢᠮᠦ ᠠᠴᠠ ᠭᠡᠷ ᠤᠨ ᠢᠷᠦᠭᠡᠯ ᠳᠤ ᠴᠦ᠋ ᠬᠠᠶᠢᠰᠤ ᠶᠢ ᠪᠠᠨ᠄ ︽ᠰᠢᠨᠵᠸᠤ ᠬᠤᠲᠠ ᠳᠤ ᠰᠢᠷᠠᠮᠦ ᠴᠦ᠋ ᠪᠠᠷ ᠰᠢᠷᠢᠨ | ᠬᠢᠭᠰᠡᠨ᠂ ᠰᠢᠮᠡᠲᠡᠢ ᠢᠳᠡᠭᠡ ᠶᠢ ᠲᠤᠭᠲᠠᠭᠠᠨ ᠬᠢᠭᠰᠡᠨ᠂ ᠡᠯᠪᠡᠭ ᠶᠡᠭᠡ ᠬᠡᠰᠢᠭ ᠲᠠᠢ ᠬᠢᠭᠰᠡᠨ᠂ ᠦᠪᠡᠷ ᠢᠶᠠᠨ | ᠪᠤᠴᠠᠯᠤᠮᠠᠷ ᠰᠠᠶᠢᠬᠠᠨ ᠬᠢᠭᠰᠡᠨ᠂ ᠰᠢᠮ᠎ᠡ ᠰᠢᠭᠦᠰᠦᠨ ᠤ ᠠᠭᠤᠷᠬᠠᠢ ᠪᠤᠯᠤᠭᠰᠠᠨ᠂ ᠰᠢᠷᠠᠮᠦ ᠴᠦ᠋ ᠬᠠᠶᠢᠰᠤᠨ ᠨᠢ | ᠦᠯᠵᠡᠶᠢᠲᠡᠢ ᠪᠤᠯᠲᠤᠭᠠᠢ︕︾ ᠭᠡᠵᠦ ᠬᠡᠯᠡᠳᠡᠭ᠃ | ᠶᠠᠮᠠᠷ ᠶᠠᠩᠵᠤ ᠶᠢᠨ ᠬᠠᠶᠢᠰᠤᠨ ᠪᠣᠯᠤᠭ ᠪᠦᠷ ᠪᠦᠷᠬᠦᠭᠡᠰᠦ ᠲᠠᠢ ᠪᠣᠯᠳᠠᠭ᠃ ᠬᠠᠶᠢᠰᠤᠨ ᠤ ᠪᠦᠷᠬᠦᠭᠡᠰᠦ ᠶᠢ ᠱᠠᠯᠠ | ᠮᠣᠳᠤ ᠶᠢ ᠵᠠᠯᠭᠠᠵᠤ ᠳᠡᠭᠡᠷ᠎ᠡ ᠨᠢ ᠬᠤᠶᠠᠷ ᠨᠠᠷᠢᠨ ᠰᠢᠭ᠋ ᠪᠠᠩᠵᠠ ᠬᠦᠨᠳᠡᠯᠡᠨ ᠬᠠᠳᠠᠵᠤ᠂ ᠬᠠᠶᠢᠰᠤᠨ ᠤ ᠶᠡᠭᠡ | ᠪᠠᠭ᠎ᠠ ᠳᠤ ᠲᠠᠭᠠᠷᠠᠭᠤᠯᠤᠨ ᠲᠦᠭᠦᠷᠢᠭ ᠬᠢᠷᠦᠭᠡᠳᠡᠵᠦ᠂ ᠳᠡᠭᠡᠷ᠎ᠡ ᠨᠢ ᠪᠠᠷᠢᠵᠦ ᠲᠠᠯᠪᠢᠬᠤ ᠳᠤ ᠬᠢᠯᠪᠠᠷ ᠪᠠᠷᠢᠨᠳᠠᠳᠠᠭ | ᠬᠢᠳᠡᠭ᠃ | ᠣᠶᠢᠷᠠᠳ ᠬᠦᠮᠦᠰ ᠬᠠᠶᠢᠰᠤᠨ ᠤ ᠬᠦ᠋ ᠶᠠᠭᠤᠮ᠎ᠠ ᠶᠢ ᠳᠠᠷᠤᠳᠠᠭ ᠭᠡᠵᠦ ᠦᠵᠡᠳᠡᠭ ᠪᠣᠯᠬᠤᠷ ᠠᠰᠬᠠᠨ ᠣᠷᠤᠢ ᠪᠠᠭ᠎ᠠ | ᠬᠦᠪᠡᠭᠦᠳ ᠢ ᠠᠪᠴᠤ ᠭᠠᠷᠬᠤ ᠳᠤ ᠴᠢᠷᠠᠢ ᠳᠡᠭᠡᠷ᠎ᠡ ᠨᠢ ᠬᠠᠶᠢᠰᠣᠨ ᠤ ᠬᠦ᠋ ᠴᠢᠨᠳᠢᠷᠯᠠᠪᠠᠯ ︽ᠪᠣᠷᠤᠭᠠᠨ ᠪᠣᠯᠵᠤ ᠬᠤᠷ᠎ᠠ | ᠣᠷᠤᠬᠤ ᠶᠤᠮ ᠪᠠᠶᠢᠨ᠎ᠠ︾ ᠭᠡᠵᠦ᠂ ᠬᠠᠶᠢᠰᠣᠨ ᠤ ᠬᠤᠰᠤᠮ ᠢᠳᠡᠭᠡᠳ ᠪᠠᠶᠢᠭᠰᠠᠨ ᠬᠡᠤᠬᠡᠨ ᠮᠣᠷᠳᠠᠬᠤ ᠦᠶ᠎ᠡ ᠳᠤᠨᠢ | ᠬᠤᠷ᠎ᠠ ᠴᠠᠰᠤᠨ ᠣᠷᠤᠵᠤ ᠪᠤᠷᠤᠭᠠᠨ ᠪᠣᠯᠤᠨ᠎ᠠ ᠭᠡᠵᠦ ᠬᠡᠯᠡᠳᠡᠭ᠃ ᠡᠭᠦᠨ ᠠᠴᠠ ᠭᠠᠵᠠᠭ᠎ᠠ ᠬᠠᠶᠢᠰᠤ ᠪᠠᠷ ᠤᠰᠤ | ᠬᠤᠳᠬᠤᠵᠤ ︵ᠤᠳᠬᠤᠵᠤ︶ ᠠᠪᠬᠤ᠂ ᠬᠠᠶᠢᠰᠤᠨ ᠤ ᠭᠦ᠋ ᠶᠢ ᠵᠦᠭ ᠴᠢᠭ ᠦᠭᠡᠢ ᠠᠰᠬᠠᠬᠤ᠂ ᠬᠠᠶᠢᠰᠤ ᠳᠤ ᠪᠤᠵᠠᠷ | ᠠᠵᠠᠷ ᠶᠠᠭᠤᠮ᠎ᠠ ᠣᠷᠤᠭᠤᠯᠬᠤ᠂ ᠬᠠᠶᠢᠰᠤ ᠶᠢ ᠡᠭᠦᠳᠡᠨ ᠲᠠᠯ᠎ᠠ ᠬᠡᠴᠡᠶᠢᠯᠭᠡᠵᠦ ᠲᠠᠯᠪᠢᠬᠤ᠂ ᠬᠠᠶᠢᠰᠤ ᠶᠢ ᠢᠰᠭᠦᠯᠵᠤ | ᠳᠡᠪᠰᠡᠬᠦ᠂ ᠬᠠᠶᠢᠰᠤᠨ ᠤᠷᠤᠭᠤ ᠨᠢᠯᠪᠤᠬᠤ ᠮᠡᠲᠦ ᠦᠢᠯᠡ ᠶᠢ ᠲᠠᠰᠤ ᠴᠡᠭᠡᠷᠯᠡᠳᠡᠭ ᠪᠠ ᠳᠡᠭᠡᠷ᠎ᠡ ᠦᠶ᠎ᠡ ᠳᠤ ᠶᠠᠯ᠎ᠠ | ᠭᠠᠷᠭᠠᠭᠰᠠᠨ ᠬᠦᠮᠦᠨ ᠳᠤ ᠬᠠᠷ᠎ᠠ ᠬᠠᠶᠢᠰᠤ ᠡᠭᠦᠷᠦᠭᠦᠯᠵᠦ ᠨᠤᠲᠤᠭ ᠡᠷᠭᠢᠭᠦᠯᠳᠡᠭ ᠶᠣᠰᠤᠨ ᠪᠠᠶᠢᠭᠰᠠᠨ ᠪᠠᠶᠢᠨ᠎ᠠ᠃ | ᠲᠤᠯᠭ᠎ᠠ ᠪᠣᠯᠪᠠᠯ ᠪᠠᠷᠢᠭ᠎ᠠ ᠭᠡᠷ ᠲᠤ ᠪᠠᠶᠢᠩᠭᠤ ᠬᠡᠷᠡᠭᠯᠡᠵᠦ ᠪᠠᠶᠢᠭᠰᠠᠨ ᠭᠡᠷ ᠤᠨ ᠬᠡᠷᠡᠭᠰᠡᠯ ᠤᠨ ᠨᠢᠭᠡ ᠶᠤᠮ᠃ | ᠲᠤᠯᠭ᠎ᠠ ᠶᠢ ᠪᠦᠷ ᠲᠡᠮᠦᠷ ᠢᠶᠠᠷ ᠬᠢᠳᠡᠭ ᠪᠠ ᠲᠡᠭᠦᠨ ᠤ ᠬᠢᠴᠡ ᠪᠠᠶᠢᠳᠠᠯ ᠳᠤᠨᠢ ᠦᠨᠳᠦᠰᠦᠯᠡᠵᠦ ︽ᠰᠠᠭᠰᠠᠭ ᠲᠤᠯᠭ᠎ᠠ︾ | ᠪᠤᠯᠤᠨ ︽ᠱᠠᠯᠳᠠᠩ ᠲᠤᠯᠭ᠎ᠠ︾ ᠭᠡᠵᠦ ᠬᠤᠶᠠᠷ ᠵᠦᠢᠯ ᠳᠤ ᠬᠤᠪᠢᠶᠠᠳᠠᠭ᠃ ᠲᠤᠯᠭ᠎ᠠ ᠶᠢᠨ ᠪᠦᠲᠦᠴᠡ ᠨᠢ | ᠲᠤᠯᠭ᠎ᠠ ᠶᠢᠨ ᠲᠤᠲᠤᠭᠤ᠂ ᠣᠴᠢᠭ᠂ ᠬᠦᠯ ︵ᠭᠤᠶ᠎ᠠ︶᠂ ᠰᠢᠭᠢᠷ᠎ᠠ᠂ ᠬᠠᠰᠠᠭ᠂ ᠪᠠᠳᠠᠮ᠂ ᠲᠡᠭᠡᠯᠢ ᠭᠡᠬᠦ ᠮᠡᠲᠦ | ᠵᠦᠢᠯ ᠢᠶᠠᠷ ᠪᠦᠷᠢᠯᠳᠤᠵᠦ ᠪᠦᠲᠦᠳᠡᠭ᠃ ᠡᠳᠡᠭᠡᠷ ᠵᠦᠢᠯ ᠨᠢ ᠴᠤᠭᠭᠠᠷ ᠲᠡᠮᠦᠷ ᠤᠨ ᠵᠦᠢᠯ ᠢᠶᠠᠷ ᠪᠦᠲᠦᠳᠡᠭ ᠪᠦᠭᠡᠳ | ᠰᠠᠭᠰᠠᠭ ᠲᠤᠯᠭ᠎ᠠ ᠪᠣᠯᠪᠠᠯ ᠵᠡᠷᠭᠡᠴᠡᠭᠡ ᠭᠤᠷᠪᠠᠨ ᠬᠠᠰᠠᠭ ᠲᠠᠢ ᠪᠣᠯᠳᠠᠭ᠃ | ᠦᠩᠭᠡᠷᠡᠭᠰᠡᠨ ᠳᠤ ᠣᠶᠢᠷᠠᠳ ᠬᠦᠮᠦᠰ ᠪᠠᠷᠢᠭ᠎ᠠ ᠭᠡᠷ ᠤᠨ ᠢᠶᠠᠨ ᠭᠤᠣᠯ ᠲᠦᠪ ᠲᠤ ᠪᠠᠨ ᠲᠡᠮᠦᠷ ᠲᠤᠯᠭ᠎ᠠ ᠲᠤᠯᠵᠤ | ᠭᠠᠯ ᠬᠦᠴᠡ ᠪᠠᠨ ᠬᠢᠵᠦ ᠠᠷᠢᠬᠢ ᠳᠠᠷᠠᠰᠤ ᠪᠠᠨ ᠨᠡᠷᠡᠳᠡᠭ ᠪᠠᠶᠢᠭᠰᠠᠨ ᠪᠠᠶᠢᠨ᠎ᠠ᠃ ᠭᠤᠷᠪᠠᠨ ᠬᠦᠯ ᠲᠠᠢ ᠱᠠᠯᠳᠠᠩ | ᠲᠤᠯᠭ᠎ᠠ ᠶᠢ ᠪᠣᠯᠪᠠᠯ ᠨᠢᠭᠡ ᠪᠤᠶᠤ ᠬᠤᠣᠰ ᠬᠦᠷᠢᠶ᠎ᠡ ︵ᠬᠠᠰᠠᠭ︶ ᠲᠠᠢ ᠬᠢᠳᠡᠭ ᠪᠣᠯᠪᠠᠴᠦ᠂ ᠰᠠᠭᠰᠠᠭ ᠲᠤᠯᠭ᠎ᠠ ᠶᠢ | ᠳᠦᠷᠪᠡᠨ ᠬᠦᠯ ᠲᠠᠢ ᠭᠤᠷᠪᠠ ᠠᠴᠠ ᠳᠦᠷᠪᠡᠨ ᠬᠦᠷᠢᠶ᠎ᠡ ︵ᠣᠯᠠᠩᠬᠢ ᠨᠢ ᠳᠦᠷᠪᠡᠨ ᠬᠦᠷᠢᠶ᠎ᠡ ᠲᠠᠢ︶ ᠬᠢᠳᠡᠭ | ᠪᠠᠶᠢᠵᠡᠢ᠃ ᠭᠤᠷᠪᠠᠨ ᠬᠦᠯ ᠲᠠᠢ ᠬᠢᠬᠦ ᠶᠢᠨ ᠤᠴᠢᠷ ᠪᠠᠶᠢᠪᠠᠯ ᠡᠬᠡ ᠡᠴᠢᠭᠡ ᠪᠡᠷᠢ ᠭᠤᠷᠪᠠᠨ ᠤ ᠲᠦᠯᠦᠭᠡᠯᠡᠯ ᠭᠡᠵᠦ | ᠬᠡᠯᠡᠬᠦ ︽ᠭᠤᠷᠪᠠᠨ ᠬᠦᠯ ᠨᠢ ᠠᠶᠢᠯ ᠭᠡᠷ ᠤᠨ ᠭᠠᠯ ᠭᠤᠯᠤᠮᠲᠠ ᠰᠠᠬᠢᠭᠴᠢ ᠭᠤᠷᠪᠠᠨ ᠪᠡᠶ᠎ᠡ ᠶᠢ ᠲᠦᠯᠦᠭᠡᠯᠡᠬᠦ ᠶᠢᠨ | ᠬᠠᠮᠲᠤ ᠪᠠᠲᠤ ᠪᠠᠬᠢ᠂ ᠭᠦᠳᠡᠯᠦᠰᠢ ᠦᠭᠡᠢ ᠲᠣᠭᠳᠠᠩᠭᠤᠢ ᠶᠢᠨ ᠪᠡᠯᠭᠡᠳᠠᠯ ᠪᠣᠯᠤᠨ᠎ᠠ︾ ᠭᠡᠳᠡᠭ᠃ ᠬᠠᠷᠢᠨ ︽ | ᠲᠦᠷᠪᠡᠨ ᠬᠦᠯ ᠲᠠᠢ ᠬᠢᠬᠦ ᠨᠢ ᠪᠣᠯᠪᠠᠯ ᠲᠦᠷᠪᠡᠨ ᠲᠢᠪ ᠤᠨ ᠲᠦᠷᠦ ᠱᠠᠵᠢᠨ ᠪᠠᠲᠤ ᠪᠠᠬᠢ ᠲᠣᠭᠲᠠᠬᠤ ᠶᠢᠨ | ᠪᠡᠯᠭᠡᠳᠡᠯ ᠢ ᠬᠠᠷᠠᠭᠤᠯᠳᠠᠭ︾ ᠭᠡᠵᠦ ᠬᠡᠯᠡᠳᠡᠭ ᠪᠠᠶᠢᠳᠠᠭ᠃ ᠡᠶᠢᠮᠦ ᠠᠴᠠ ᠦᠩᠭᠡᠷᠡᠭᠰᠡᠨ ᠳᠤ ᠬᠠᠨ ᠨᠣᠶᠠᠨ ᠤᠯᠤᠰ | ᠪᠦᠷᠢ ᠳᠦᠷᠪᠡᠨ ᠬᠦᠯ ᠲᠠᠢ ᠰᠠᠭᠰᠠᠭ ᠲᠤᠯᠭ᠎ᠠ ᠲᠤᠯᠳᠠᠭ ᠪᠠᠶᠢᠭᠰᠠᠨ ᠶᠤᠮ ᠭᠡᠳᠡᠭ᠃ ᠡᠶᠢᠮᠦ ᠲᠤᠯᠭ᠎ᠠ ᠶᠢ | ᠢᠷᠦᠭᠡᠯ ᠳᠤ ᠪᠣᠯᠪᠠᠯ᠄ ︽ᠭᠠᠨᠵᠸᠤ ᠬᠤᠲᠠ ᠳᠤ ᠭᠠᠩᠨᠠᠨ ᠬᠢᠭᠰᠡᠨ᠂ ᠭᠠᠩ ᠲᠡᠮᠦᠷ ᠢ ᠳᠠᠪᠳᠠᠨ ᠬᠢᠭᠰᠡᠨ᠂ ᠭᠠᠯ ᠤᠨ | ᠪᠤᠷᠬᠠᠨ ᠦᠷᠦᠰᠢᠶᠡᠨ ᠬᠢᠭᠰᠡᠨ᠂ ᠭᠠᠯ ᠭᠤᠯᠤᠮᠲᠠ ᠶᠢ ᠲᠤᠭᠤᠷᠢᠭᠤᠯᠤᠨ ᠬᠢᠭᠰᠡᠨ᠂ ᠭᠠᠩᠭᠠᠩ ᠡᠷᠢᠶ᠎ᠡ ᠶᠢ ᠤᠷᠠᠯᠠᠨ | ᠬᠢᠭᠰᠡᠨ᠂ ᠭᠤᠣᠯ ᠳᠤᠮᠳᠠ ᠨᠢ ᠪᠠᠶᠢᠬᠤ ᠭᠠᠩ ᠴᠠᠭᠠᠨ ᠲᠤᠯᠭ᠎ᠠ ᠨᠢ ᠦᠯᠵᠡᠶᠢᠲᠡᠢ ᠪᠣᠯᠲᠤᠭᠠᠢ︕︾ ᠭᠡᠵᠦ ᠬᠡᠯᠡᠳᠡᠭ | ᠃ | ᠲᠤᠯᠭ᠎ᠠ ᠶᠢ ᠭᠠᠯ ᠭᠤᠯᠤᠮᠲᠠ ᠳᠠᠭᠠᠨ ᠲᠠᠯᠪᠢᠵᠤ ᠳᠡᠭᠡᠷ᠎ᠡ ᠨᠢ ᠬᠠᠶᠢᠰᠤ ᠨᠡᠷᠡᠬᠦ ᠶᠢᠨ ᠲᠦᠯᠦᠭᠡ ᠬᠡᠷᠡᠭᠯᠡᠳᠡᠭ ᠪᠦᠭᠡᠳ | ᠲᠡᠭᠦᠨ ᠢ ᠪᠠᠶᠢᠷᠢᠰᠢᠭᠤᠯᠬᠤ ᠳᠠᠭᠠᠨ ᠨᠢᠭᠡ ᠰᠢᠭᠢᠷ᠎ᠡ ᠶᠢ ᠨᠢ ᠬᠤᠶᠢᠮᠦᠷ ᠲᠠᠯ᠎ᠠ ᠬᠠᠯᠠᠶᠢᠯᠭᠠᠵᠤ᠂ ᠨᠦᠭᠦᠭᠡ ᠬᠤᠶᠠᠷ | ᠰᠢᠭᠢᠷ᠎ᠠ ᠶᠢ ᠨᠢ ᠪᠠᠷᠢᠭ᠎ᠠ ᠭᠡᠷ ᠤᠨ ᠵᠡᠭᠦᠨ ᠪᠠᠷᠠᠭᠤᠨ ᠵᠦᠭ ᠬᠠᠨᠳᠤᠭᠤᠯᠵᠦ ᠲᠠᠯᠪᠢᠳᠠᠭ ᠪᠠᠶᠢᠨ᠎ᠠ᠃ ᠡᠶᠢᠭᠡᠭᠡᠳ | ᠦᠨᠡᠰᠦ ᠭᠠᠯ ᠨᠢ ᠪᠤᠲᠠᠷᠠᠵᠤ ᠴᠠᠴᠦᠷᠠᠬᠤ ᠦᠭᠡᠢ ᠪᠠᠶᠢᠬᠤ ᠶᠢᠨ ᠲᠤᠯᠠᠳᠠ ᠲᠤᠯᠭ᠎ᠠ ᠶᠢᠨ ᠢᠶᠠᠨ ᠰᠠᠭᠤᠷᠢ ᠶᠢ | ᠬᠦᠷᠢᠶᠡᠯᠡᠨ ᠪᠠᠯᠴᠢᠭ ᠢᠶᠠᠷ ᠲᠤᠭᠤᠷᠢᠭᠤᠯ ᠬᠢᠳᠡᠭ᠃ | ᠲᠤᠯᠭ᠎ᠠ ᠨᠢ ᠭᠠᠯ ᠭᠤᠯᠤᠮᠲᠠ ᠲᠠᠢ ᠪᠦᠬᠦᠶᠢᠯᠡ ᠴᠤᠭᠴᠠ ᠶᠢᠨ ᠬᠤᠪᠢ ᠪᠠᠷ ᠪᠠᠶᠢᠷᠢᠰᠢᠬᠤ ᠵᠦᠢᠯ ᠪᠣᠯᠬᠤᠷ ᠨᠢᠭᠡ | ᠭᠡᠷ ᠤᠨ ᠭᠤᠣᠯ ᠲᠦᠪ ᠭᠡᠮᠡᠨ ᠦᠵᠡᠵᠦ ᠠᠷᠢᠭᠤᠨ ᠴᠡᠪᠡᠷ ᠪᠠᠶᠢᠯᠭᠠᠬᠤ ᠶᠢ ᠵᠤᠷᠢᠳᠠᠭ ᠪᠠᠶᠢᠯ᠎ᠠ᠃ ᠡᠶᠢᠮᠦ ᠠᠴᠠ ᠪᠣᠯᠵᠤ | ᠪᠠᠶᠠᠵᠢᠬᠤ ᠶᠢᠨ ᠲᠤᠶᠢᠯ ᠳᠤ ᠬᠦᠷᠦᠭᠰᠡᠨ ᠬᠦᠮᠦᠨ ︽ᠮᠦᠩᠭᠦᠨ ᠲᠤᠯᠭ᠎ᠠ︾ ᠲᠤᠯᠳᠠᠭ ᠭᠡᠳᠡᠭ ᠪᠤᠶᠤ ︽ᠮᠠᠯ ᠨᠢ | ᠮᠢᠩᠭ᠎ᠠ ᠬᠦᠷᠪᠡᠯ ᠮᠦᠩᠭᠦᠨ ᠲᠤᠯᠭ᠎ᠠ ᠲᠤᠯᠵᠤ᠂ ᠲᠦᠮᠡ ᠬᠦᠷᠪᠡᠯ ᠠᠯᠲᠠᠨ ᠲᠤᠯᠭ᠎ᠠ ᠲᠤᠯᠳᠠᠭ ᠶᠤᠮ︾ ᠭᠡᠳᠡᠭ᠃ | ᠡᠨᠡ ᠬᠦ ᠠᠯᠲᠠᠨ ᠮᠦᠩᠭᠦᠨ ᠲᠤᠯᠭ᠎ᠠ ᠭᠡᠳᠡᠭ ᠨᠢ ᠮᠦᠩᠭᠦ ᠪᠠᠷ ᠲᠤᠯᠭ᠎ᠠ ᠬᠢᠵᠦ ᠭᠠᠯ ᠭᠤᠯᠤᠮᠲᠠ ᠳᠠᠭᠠᠨ ᠲᠤᠯᠬᠤ ᠶᠢ | ᠬᠡᠯᠡᠵᠦ ᠪᠠᠶᠢᠭ᠎ᠠ ᠪᠢᠰᠢ᠂ ᠬᠠᠷᠢᠨ ᠴᠤᠯ ᠠᠯᠲᠠ ᠮᠦᠩᠭᠦ ᠪᠠᠷ ᠪᠢᠴᠢᠬᠠᠨ ᠲᠤᠯᠭ᠎ᠠ ᠬᠢᠵᠦ ᠭᠡᠷ ᠤᠨ ᠬᠤᠶᠢᠮᠤᠷ ᠲᠤ | ᠵᠠᠯᠠᠵᠤ ᠲᠠᠯᠪᠢᠬᠤ ᠶᠢ ᠬᠡᠯᠡᠳᠡᠭ᠃ ᠡᠨᠡ ᠲᠠᠯ᠎ᠠ ᠪᠠᠷ ᠵᠠᠷᠢᠮ ᠲᠡᠮᠳᠡᠭᠯᠡᠯ ᠠᠴᠠ ᠦᠵᠡᠬᠦ ᠳᠤ ᠳᠡᠭᠡᠷ᠎ᠡ ᠦᠶ᠎ᠡ ᠳᠤ ︽ | ᠲᠠᠪᠤᠨ ᠬᠤᠰᠢᠭᠤ ᠮᠠᠯ ᠤᠨ ᠠᠯᠢ ᠨᠢᠭᠡ ᠨᠢ ᠲᠦᠮᠡ ᠬᠦᠷᠴᠦ᠂ ᠡᠵᠡᠨ ᠶᠠᠮᠤᠨ ᠠᠴᠠ ᠭᠠᠩ ᠲᠤᠯᠭ᠎ᠠ᠂ ᠭᠠᠩ | ᠲᠠᠮᠠᠭ᠎ᠠ ᠱᠠᠩᠨᠠᠬᠤ ᠳᠤ ᠶᠡᠭᠡ ᠬᠡᠮᠵᠢᠶᠡᠨ ᠤ ᠲᠠᠮᠠᠭᠠᠨ ᠨᠠᠶᠢᠷ ᠬᠢᠵᠦ ᠪᠡᠯᠭᠡᠯᠡᠳᠡᠭ︾ ᠪᠠᠶᠢᠭᠰᠠᠨ ᠭᠡᠵᠦ ᠲᠠᠮᠳᠡᠭᠯᠡᠭᠰᠡ | ᠪᠠᠶᠢᠳᠠᠭ᠃ ᠡᠶᠢᠮᠦ ᠠᠴᠠ ᠣᠶᠢᠷᠠᠳ ᠬᠦᠮᠦᠰ ᠬᠦᠪᠡᠭᠦᠳ ᠬᠡᠤᠬᠡᠳ ᠤᠨ ᠢᠶᠠᠨ ᠪᠠᠶᠠᠨ ᠡᠯᠪᠡᠭ ᠪᠣᠯᠬᠤ ᠶᠢ ᠪᠡᠯᠭᠡᠳᠡᠨ | ︽ᠮᠦᠩᠭᠦᠨᠲᠤᠯᠭᠠ︾᠂ ︽ᠠᠯᠲᠠᠨᠲᠤᠯᠭᠠ︾ ᠭᠡᠵᠦ ᠨᠡᠷ᠎ᠡ ᠦᠭᠭᠦᠭᠰᠡᠨ ᠪᠠᠶᠢᠭᠰᠠᠨ ᠪᠠ ︽ᠬᠡᠨ ᠬᠡᠨ ᠭᠡᠳᠡᠭ ᠠᠶᠢᠯ | ᠦᠩᠭᠡᠷᠡᠭᠰᠡᠨ ᠳᠤ ᠮᠠᠯ ᠨᠢ ᠦᠰᠦᠭᠡᠳ ᠮᠦᠩᠭᠦᠨ ᠲᠤᠯᠭ᠎ᠠ ᠲᠤᠯᠤᠭᠰᠠᠨ ᠠᠶᠢᠯ ᠪᠣᠯᠬᠤ ᠶᠤᠮ︾᠂ ︽ᠬᠡᠨ ᠬᠡᠨ ᠤ | ᠡᠪᠦᠭᠡ ᠶᠢᠨ ᠮᠠᠯ ᠨᠢ ᠦᠰᠦᠭᠡᠳ ᠠᠯᠲᠠᠨ ᠲᠤᠯᠭ᠎ᠠ ᠲᠤᠯᠤᠭᠰᠠᠨ ᠶᠤᠮ︾ ᠭᠡᠵᠦ ᠬᠠᠭᠤᠴᠢᠯᠠᠵᠤ ᠬᠡᠯᠡᠬᠦ ᠬᠡᠯᠡᠯᠭᠡ | ᠪᠠᠶᠢᠳᠠᠭ᠃ | ᠪᠣᠳᠠᠰ ᠤᠨ ᠠᠮᠢᠳᠤᠷᠠᠯ ᠳᠡᠭᠡᠭᠰᠢᠯᠡᠵᠦ᠂ ᠬᠦᠮᠦᠰ ᠤᠨ ᠡᠳ᠋ᠯᠡᠵᠦ ᠬᠡᠷᠡᠭᠯᠡᠬᠦ ᠶᠠᠭᠤᠮ᠎ᠠ ᠡᠯᠪᠡᠭ ᠪᠣᠯᠤᠭᠰᠠᠨ ᠠᠴᠠ ᠠᠯᠢ | ᠭᠠᠵᠠᠷ ᠲᠤ ᠴᠤ ᠲᠤᠯᠭ᠎ᠠ ᠲᠤᠯᠬᠤ ᠪᠠᠨ ᠪᠠᠶᠢᠵᠤ᠂ ᠶᠠᠩᠯᠤᠤ ᠪᠤᠶᠤ ᠲᠡᠮᠦᠷ ᠵᠤᠤᠬ᠎ᠠ ᠲᠤᠯᠬᠤ ᠪᠤᠯᠤᠭᠰᠠᠨ ᠲᠤᠯᠠ | ᠤᠷᠢᠳᠤ ᠨᠢ ᠬᠡᠷᠡᠭᠯᠡᠵᠦ ᠪᠠᠶᠢᠭᠰᠠᠨ ᠲᠤᠯᠭ᠎ᠠ ᠭᠡᠷ ᠤᠨ ᠵᠡᠭᠦᠨ ᠪᠡᠶ᠎ᠡ ᠶᠢᠨ ᠢᠷᠭᠢ ᠳᠤ ᠭᠠᠷᠴᠦ ᠭᠤᠯᠤᠮᠲᠠ ᠠᠴᠠ | ᠰᠢᠯᠵᠢᠭᠰᠡᠨ ᠪᠦᠭᠡᠳ ᠲᠡᠷᠡ ᠨᠢ ᠵᠦᠪᠬᠡᠨ ᠬᠠᠶᠢᠰᠤ ᠪᠠᠨ ᠰᠤᠯᠠ ᠨᠡᠷᠡᠵᠦ ᠲᠠᠯᠪᠢᠬᠤ ᠲᠡᠳᠦᠢ ᠦᠢᠯᠡᠳᠦᠯ ᠲᠠᠢ | ᠶᠠᠭᠤᠮ᠎ᠠ ᠪᠣᠯᠤᠭᠰᠠᠨ ᠪᠠᠶᠢᠳᠠᠭ᠃ | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |