︽ᠣᠶᠢᠷᠠᠳ ᠮᠣᠩᠭᠤᠯ ᠤᠨ ᠵᠠᠩ ᠦᠢᠯᠡ ᠶᠢᠨ ᠰᠤᠶᠤᠯ︾ | ----- ᠠᠬᠤᠢ ᠠᠮᠢᠳᠤᠷᠠᠯ ᠤᠨ ᠪᠣᠳᠢ | | ᠭᠡᠷ ᠤᠨ ᠡᠳ᠋ᠯᠡᠯ ᠤᠨ ᠵᠦᠢᠯ — | ᠠᠪᠳᠠᠷ᠎ᠠ᠂ ᠪᠠᠷᠠᠭᠠᠨ ᠤ ᠰᠢᠷᠡᠭᠡ᠄ ᠣᠶᠢᠷᠠᠳ ᠬᠦᠮᠦᠰ ᠤᠨ ᠤᠯᠠᠮᠵᠢᠯᠠᠯ ᠳᠤ ᠰᠢᠨ᠎ᠡ ᠠᠴᠠ ᠬᠤᠷᠢᠮ ᠬᠢᠵᠤ ᠠᠶᠢᠯ | ᠠᠮᠢᠲᠠᠨ ᠪᠣᠯᠬᠤ ᠪᠠᠷ ᠪᠠᠶᠢᠬᠤ ᠤᠯᠤᠰ ᠲᠤ ᠡᠷᠬᠡᠪᠰᠢ ᠮᠡᠲᠦ ᠭᠡ ᠪᠠᠷ ᠬᠡᠷᠡᠭᠦᠯᠵᠦ ᠤᠷᠠᠯᠠᠭᠰᠠᠨ ᠨᠢᠭᠡ ᠬᠤᠣᠰ ᠮᠣᠳᠤᠨ | ᠠᠪᠳᠠᠷ᠎ᠠ ᠪᠣᠯᠤᠨ ᠨᠢᠭᠡ ᠬᠤᠣᠰ ᠪᠠᠷᠠᠭᠠᠨ ᠤ ᠰᠢᠷᠡᠭᠡ ᠬᠢᠵᠤ᠂ ᠰᠢᠨ᠎ᠡ ᠪᠦᠷᠢᠭᠰᠡᠨ ᠭᠡᠷ ᠪᠤᠶᠤ ᠬᠤᠷᠢᠮ ᠬᠢᠵᠤ ᠠᠶᠢᠯ | ᠠᠮᠢᠲᠠᠨ ᠪᠣᠯᠵᠤ ᠪᠠᠶᠢᠬᠤ ᠵᠠᠯᠠᠭᠤ ᠶᠢᠨ ᠭᠡᠷ ᠲᠤᠨᠢ ᠣᠷᠤᠭᠤᠯᠵᠤ ᠬᠤᠶᠢᠮᠤᠷ ᠪᠡᠶ᠎ᠡ ᠶᠢᠨ ᠲᠡᠷᠡᠮ ᠢ ᠳᠠᠭᠠᠭᠤᠯᠵᠤ | ᠲᠠᠯᠪᠢᠳᠠᠭ᠃ ᠣᠯᠠᠩᠬᠢ ᠪᠠᠶᠢᠳᠠᠯ ᠳᠤ ᠪᠠᠷᠠᠭᠠᠨ ᠤ ᠰᠢᠷᠡᠭᠡ ᠪᠣᠯᠤᠨ ᠠᠪᠳᠠᠷ᠎ᠠ ᠶᠢ ᠮᠣᠷᠳᠠᠵᠤ ᠢᠷᠡᠬᠦ ᠬᠡᠤᠬᠡᠨ ᠤ ᠲᠠᠯ᠎ᠠ | ᠬᠢᠵᠤ ᠢᠷᠡᠳᠡᠭ ᠵᠠᠩᠰᠢᠯ ᠲᠠᠢ ᠪᠣᠯᠬᠤᠷ ᠬᠡᠤᠬᠡᠨ ᠮᠣᠷᠳᠠᠵᠤ ᠢᠷᠡᠬᠦ ᠦᠶ᠎ᠡ ᠳᠤ ᠡᠳ᠋ ᠤᠨ ᠬᠠᠮᠲᠤ ᠠᠪᠴᠤ ᠢᠷᠡᠳᠡᠭ | ᠪᠠᠶᠢᠯ᠎ᠠ᠃ ᠭᠡᠲᠡᠯ᠎ᠡ ᠡᠨᠡ ᠨᠢ ᠵᠠᠪᠠᠯ ᠬᠤᠷᠢᠮ ᠬᠢᠬᠦ ᠦᠶ᠎ᠡ ᠳᠤ ᠪᠠᠶᠢᠬᠤ ᠶᠣᠰᠣᠲᠠᠢ ᠵᠦᠢᠯ ᠭᠡᠬᠦ ᠶᠢᠨ ᠠᠷᠭ᠎ᠠ ᠦᠭᠡᠢ᠃ | ᠤᠴᠢᠷ ᠨᠢ ᠦᠩᠭᠡᠷᠡᠭᠰᠡᠨ ᠳᠤ ᠵᠠᠷᠢᠮ ᠦᠭᠡᠶᠢᠲᠡᠢ ᠤᠯᠤᠰ ᠬᠦᠪᠡᠭᠦᠨ ᠬᠡᠤᠬᠡᠨ ᠳᠡᠭᠡᠨ ᠬᠤᠷᠢᠮ ᠭᠡᠶᠢᠴᠢ ᠬᠢᠬᠦ ᠳᠡᠭᠡᠨ | ᠠᠪᠳᠠᠷ᠎ᠠ ᠬᠠᠶᠢᠷᠴᠠᠭ ᠬᠢᠵᠤ ᠲᠠᠯᠪᠢᠬᠤ ᠴᠢᠳᠠᠯ ᠦᠭᠡᠢ ᠪᠣᠯᠪᠠᠯ ᠲᠦᠷ ᠴᠠᠭ ᠪᠤᠰᠤᠩᠭᠢ ᠠᠶᠢᠯ ᠠᠴᠠ ᠠᠪᠳᠠᠷ᠎ᠠ | ᠪᠤᠯᠤᠨ ᠠᠪᠳᠠᠷ᠎ᠠ ᠶᠢᠨ ᠰᠢᠷᠡᠭᠡ ᠶᠢ ᠨᠢ ᠵᠢᠭᠡᠯᠡᠵᠤ ᠢᠷᠡᠭᠡᠳ ᠲᠠᠯᠪᠢᠵᠤ᠂ ᠬᠤᠷᠢᠮ ᠭᠡᠶᠢᠴᠢ ᠶᠢᠨ ᠶᠣᠰᠤᠨ ᠶᠠᠪᠤᠳᠠᠯ | ᠲᠡᠭᠦᠰᠦᠭᠰᠡᠨ ᠠᠴᠠ ᠬᠤᠶᠢᠷᠤ ᠡᠷᠭᠢᠭᠦᠯᠵᠦ ᠦᠭᠳᠡᠭ ᠪᠠᠶᠢᠭᠰᠠᠨ ᠪᠠᠶᠢᠨ᠎ᠠ᠃ | ᠣᠶᠢᠷᠠᠳ ᠨᠤᠲᠤᠭ ᠤᠨ ᠬᠦᠮᠦᠰ ᠮᠤᠳᠤ ᠲᠡᠮᠦᠷ ᠮᠡᠲᠦ ᠮᠠᠲ᠋ᠧᠷᠢᠶᠠᠯ ᠢᠶᠠᠷ ᠳᠦᠷᠪᠡᠯᠵᠢᠯᠡᠵᠦ ᠬᠢᠭᠰᠡᠨ ᠪᠠᠭ᠎ᠠ ᠭᠠᠷ ᠤᠨ | ᠠᠪᠳᠠᠷ᠎ᠠ ᠶᠢ ᠵᠠᠷᠢᠮ ᠳᠠᠭᠠᠨ ︽ᠬᠠᠶᠢᠷᠴᠠᠭ︾ ᠭᠡᠵᠦ᠂ ᠠᠷᠠᠰᠦ ᠰᠢᠷᠢ ᠪᠠᠷ ᠬᠢᠭᠰᠡᠨ ᠠᠪᠳᠠᠷ᠎ᠠ ᠶᠢ ᠬᠠᠷᠢ ᠬᠡᠯᠡᠨ ᠤ | ᠠᠪᠢᠶ᠎ᠠ ᠶᠢ ᠳᠠᠭᠠᠭᠤᠯᠵᠤ ︽ᠴᠠᠮᠠᠲᠠᠨ︾ ᠪᠤᠶᠤ ︽ᠴᠠᠪᠠᠭᠠᠲᠠᠨ︾ ᠭᠡᠵᠦ ᠬᠡᠯᠡᠬᠦ ᠦᠵᠡᠭᠳᠡᠯ ᠴᠤ ᠪᠠᠶᠢᠳᠠᠭ᠃ | ᠭᠡᠬᠦ ᠳᠡᠭᠡᠨ ᠣᠯᠠᠩᠬᠢ ᠪᠠᠶᠢᠳᠠᠯ ᠳᠤ ︽ᠬᠠᠶᠢᠷᠴᠠᠭ︾ ᠭᠡᠵᠦ ᠡᠵᠡᠯᠡᠭᠦᠨ ᠨᠢ ᠪᠠᠭ᠎ᠠ ᠰᠢᠭ᠋ ᠠᠪᠳᠠᠷ᠎ᠠ ᠶᠢ ᠬᠡᠯᠡᠳᠡᠭ | ᠪᠦᠭᠡᠳ ︽ᠴᠠᠭᠠᠰᠤᠨ ᠬᠠᠶᠢᠷᠴᠠᠭ︾᠂ ︽ᠲᠡᠮᠦᠷ ᠬᠠᠶᠢᠷᠴᠠᠭ︾᠂ ︽ᠲᠠᠮᠠᠬᠢ ᠶᠢᠨ ᠬᠠᠶᠢᠷᠴᠠᠭ︾᠂ ︽ᠡᠮ ᠤᠨ | ᠬᠠᠶᠢᠷᠴᠠᠭ︾ ᠭᠡᠬᠦ ᠮᠡᠲᠦ ᠶᠠᠭᠤ ᠲᠦᠷᠦᠬᠦ ᠪᠠᠷ ᠨᠢ ᠲᠤᠲᠤᠳᠬᠠᠵᠤ ᠬᠡᠯᠡᠳᠡᠭ ᠵᠠᠩᠰᠢᠯ ᠲᠠᠢ ᠶᠤᠮ᠃ | ᠠᠪᠳᠠᠷ᠎ᠠ ᠶᠢ ᠶᠡᠬᠡᠪᠴᠢᠯᠡᠨ ᠮᠣᠳᠤ ᠱᠠᠯᠠ ᠪᠠᠷ ᠳᠦᠷᠪᠡᠯᠵᠢᠯᠡᠨ ᠤᠭᠯᠠᠬᠤ ᠪᠤᠶᠤ ᠵᠤᠰᠤᠯᠠᠵᠤ ᠬᠠᠳᠠᠭᠠᠳ᠂ | ᠳᠡᠭᠡᠷ᠎ᠡ ᠠᠴᠠ ᠨᠢ ᠰᠢᠷᠳᠡᠵᠦ ᠦᠩᠭᠡᠯᠡᠭᠡᠳ ᠬᠢᠳᠡᠭ᠃ ᠠᠪᠳᠠᠷ᠎ᠠ ᠶᠢ ᠬᠡᠷᠡᠭᠯᠡᠬᠦ ᠬᠡᠷᠡᠭᠴᠡᠭᠡᠨ ᠤ ᠲᠠᠯ᠎ᠡ ᠠᠴᠠ ᠬᠡᠯᠡᠪᠡᠯ᠂ | ᠶᠡᠷᠦ ᠳᠡᠭᠡᠨ ᠬᠤᠪᠴᠠᠰᠤ ᠬᠤᠨᠠᠷ᠂ ᠰᠢᠬᠢᠷ ᠦᠵᠦᠮ᠂ ᠮᠦᠩᠭᠦ ᠲᠡᠩᠬᠡ ᠵᠡᠷᠭᠡ ᠶᠠᠭᠤᠮ᠎ᠠ ᠪᠣᠯᠤᠨ ᠦᠨ᠎ᠡ ᠴᠠᠨ᠎ᠠ | ᠲᠠᠢ ᠵᠠᠰᠠᠯ ᠴᠢᠮᠡᠭᠡᠯᠡᠯ᠂ ᠪᠢᠴᠢᠭ ᠮᠠᠲ᠋ᠧᠷᠢᠶᠠᠯ ᠵᠡᠷᠭᠡ ᠵᠦᠢᠯᠡᠰ ᠢ ᠲᠦᠷᠦᠵᠦ ᠲᠠᠯᠪᠢᠳᠠᠭ᠃ ᠡᠶᠢᠮᠦ ᠠᠴᠠ ᠬᠤᠷᠢᠮ ᠤᠨ | ᠢᠷᠦᠭᠡᠯ ᠳᠤ᠄ ︽ᠠᠯᠠᠭᠠᠨ ᠠᠴᠠ ᠴᠢᠨᠢ ᠠᠯᠲᠠ ᠴᠠᠭᠠᠨ ᠬᠠᠳᠠᠭ ᠬᠤᠶᠢᠭᠤᠳᠠᠭ ᠦᠭᠡᠢ ᠪᠣᠯᠵᠤ᠂ ᠠᠪᠳᠠᠷ᠎ᠠ ᠠᠴᠠ | ᠴᠢᠨᠢ ᠠᠷᠠᠭ᠎ᠠ ᠲᠠᠢ ᠶᠤᠸᠠᠮᠪᠣᠣ ᠬᠤᠶᠢᠭᠤᠳᠠᠭ ᠦᠭᠡᠢ ᠪᠣᠯᠵᠤ︾᠂ ︽ᠠᠪᠳᠠᠷ᠎ᠠ ᠪᠠᠷ ᠳᠦᠭᠦᠷᠡᠩ ᠠᠯᠲᠠ ᠲᠠᠢ ᠪᠣᠯᠵᠤ | ᠠᠲᠠᠷᠭᠠ ᠪᠠᠷ ᠲᠦᠭᠦᠷᠡᠩ ᠮᠠᠯ ᠲᠠᠢ ᠪᠣᠯᠵᠤ …︾ ᠭᠡᠵᠦ ᠬᠡᠯᠡᠳᠡᠭ᠃ | ᠣᠶᠢᠷᠠᠳ ᠬᠦᠮᠦᠰ ᠰᠢᠨ᠎ᠡ ᠠᠴᠠ ᠭᠡᠷ ᠡᠷᠦᠬᠡ ᠪᠣᠰᠬᠠᠵᠤ ᠪᠠᠶᠢᠭ᠎ᠠ ᠤᠯᠤᠰ ᠤᠨ ᠠᠪᠳᠠᠷ᠎ᠠ ᠶᠢ ᠬᠤᠣᠰ ᠢᠶᠠᠷ ᠬᠢᠳᠡᠭ | ᠪᠠ ᠦᠷᠦᠭᠡ ᠶᠢᠨ ᠪᠠᠶᠢᠳᠠᠯ ᠢ ᠦᠵᠡᠵᠦ ᠪᠠᠶᠢᠭᠠᠳ ᠶᠡᠭᠡ ᠪᠠᠭ᠎ᠠ ᠪᠤᠶᠤ ᠦᠨᠳᠦᠷ ᠪᠣᠭᠤᠨᠢ᠂ ᠦᠷᠭᠡᠨ ᠨᠠᠷᠢᠨ ᠤ | ᠬᠡᠮᠵᠢᠶ᠎ᠡ ᠶᠢ ᠲᠣᠭᠲᠠᠭᠠᠲᠠᠭ᠃ ᠡᠶᠢᠮᠦ ᠠᠴᠠ ᠠᠭᠤᠵᠢᠭᠤ ᠰᠢᠭ᠋ ᠭᠡᠷ ᠪᠣᠯᠬᠤ ᠶᠤᠮ ᠪᠣᠯᠪᠠᠯ ᠳ᠋ᠤᠭ ︵ᠪᠠᠭ᠎ᠠ︶ ᠶᠡᠭᠡ | ᠰᠢᠭ ᠬᠢᠵᠤ᠂ ᠪᠠᠭ᠎ᠠ ᠰᠢᠭ᠋ ᠭᠡᠷ ᠪᠣᠯᠬᠤ ᠶᠤᠮ ᠪᠣᠯᠪᠠᠯ ᠪᠠᠭᠲᠠᠭᠠᠮᠵᠢ ᠶᠢ ᠨᠢ ᠬᠠᠯᠠᠶᠢᠵᠤ ᠪᠠᠶᠢᠭᠠᠳ ᠪᠠᠭ᠎ᠠ ᠰᠢᠭ᠋ | ᠬᠢᠳᠡᠭ᠃ ᠵᠠᠷᠢᠮ ᠨᠦᠭᠦᠴᠡᠯ ᠪᠣᠯᠤᠯᠴᠠᠭ᠎ᠠ᠂ ᠤᠷ᠎ᠠ ᠮᠡᠷᠭᠡᠵᠢᠯ ᠤᠨ ᠰᠢᠯᠲᠠᠭᠠᠨ ᠠᠴᠠ ᠪᠣᠯᠵᠤ ᠬᠦᠮᠦᠨ ᠪᠦᠬᠦᠨ | ᠦᠪᠡᠷ ᠢᠶᠠᠨ ᠠᠪᠳᠠᠷ᠎ᠠ ᠬᠢᠵᠤ ᠴᠢᠳᠠᠬᠤ ᠦᠭᠡᠢ ᠲᠤᠯᠠ ᠣᠯᠠᠩᠬᠢ ᠪᠠᠶᠢᠳᠠᠯ ᠳᠤ ᠮᠤᠳᠤᠴᠢᠨ ᠬᠦᠮᠦᠨ ᠬᠢᠳᠡᠭ ᠪᠠᠶᠢᠯ᠎ᠠ | ᠃ ᠭᠡᠲᠡᠯ᠎ᠡ ᠬᠠᠶᠠ ᠨᠢᠭᠡ ᠭᠠᠷ ᠲᠠᠭᠠᠨ ᠣᠢ ᠲᠠᠢ ᠬᠦᠮᠦᠰ ᠦᠪᠡᠷ ᠢᠶᠠᠨ ᠬᠢᠬᠦ ᠦᠵᠡᠭᠳᠡᠯ ᠲᠠᠢ ᠪᠠᠶᠢᠳᠠᠭ᠃ ᠭᠡᠮᠡᠷ | ᠨᠤᠲᠤᠭ ᠠᠶᠢᠯ ᠳᠤᠮᠳᠠ ᠨᠢ ᠠᠪᠳᠠᠷ᠎ᠠ ᠬᠢᠵᠤ ᠦᠭᠬᠦ ᠮᠣᠲᠤᠴᠢᠨ ᠪᠠᠶᠢᠬᠤ ᠦᠭᠡᠢ ᠪᠣᠯᠪᠠᠯ ᠵᠠᠬ᠎ᠠ ᠵᠡᠭᠡᠯᠢ ᠶᠢᠨ ᠪᠠᠽᠠᠷ | ᠠᠪᠳᠠᠷ᠎ᠠ ᠬᠤᠳᠠᠯᠳᠤᠵᠤ ᠠᠪᠬᠤ ᠪᠤᠶᠤ ᠮᠠᠯ ᠬᠠᠷ᠎ᠠ ᠪᠠ ᠠᠩ ᠠᠮᠢᠲᠠᠨ ᠤ ᠠᠷᠠᠰᠤ ᠬᠦᠷᠦᠰᠦ ᠪᠠᠷ ᠠᠪᠳᠠᠷ᠎ᠠ ᠰᠣᠯᠢᠵᠤ | ᠠᠪᠳᠠᠭ᠃ | ᠠᠪᠳᠠᠷ᠎ᠠ ᠶᠢ ᠬᠡᠯᠪᠡᠷᠢ ᠪᠠᠶᠢᠳᠠᠯ ᠤᠨ ᠬᠤᠪᠢ ᠳᠤ ᠲᠡᠭᠰᠢ ᠳᠦᠷᠪᠡᠯᠵᠢᠨ ᠪᠤᠶᠤ ᠤᠷᠲᠤ ᠳᠦᠷᠪᠡᠯᠵᠢᠨ ᠬᠡᠯᠪᠡᠷᠢ ᠲᠠᠢ | ᠬᠢᠳᠡᠭ ᠪᠠ ᠰᠡᠬᠦᠭᠳᠡᠬᠦ ᠰᠡᠬᠦᠭᠦᠷ ᠬᠠᠪᠬᠠᠭ ᠲᠠᠢ᠂ ᠬᠠᠪᠬᠠᠭ ᠤᠨ ᠠᠷᠤ ᠳᠤ ᠨᠢ ᠦᠭᠡᠳᠡ ᠤᠷᠤᠭᠤ ᠰᠡᠬᠦᠬᠦ ᠳᠤ | ᠬᠦᠳᠡᠯᠬᠦ ᠬᠤᠶᠠᠷ ᠲᠣᠪᠰᠠᠢ ᠲᠠᠢ᠂ ᠨᠢᠭᠤᠷ ᠲᠠᠯ᠎ᠠ ᠳᠤᠨᠢ ᠠᠪᠳᠠᠷ᠎ᠠ ᠶᠢᠨ ᠬᠠᠪᠬᠠᠭ ᠢ ᠣᠨᠢᠰᠤᠯᠠᠵᠤ ᠪᠠᠲᠤᠯᠠᠬᠤ ᠳᠤ | ᠬᠡᠷᠡᠭᠲᠡᠢ ᠬᠤᠣᠰ ᠪᠤᠶᠤ ᠨᠢᠭᠡ ᠲᠦᠳᠡᠭᠡ ᠲᠠᠢ᠂ ᠬᠤᠶᠠᠷ ᠲᠠᠯ᠎ᠠ ᠳᠤᠨᠢ ᠪᠠᠷᠢᠵᠤ ᠡᠷᠭᠦᠬᠦ ᠳᠤ ᠵᠣᠷᠢᠭᠤᠯᠵᠤ ᠬᠤᠶᠠᠷ | ᠰᠢᠭᠰᠢᠭ ᠪᠠᠷᠢᠭᠤᠯ ᠲᠠᠢ ᠬᠢᠳᠡᠭ᠃ ᠲᠡᠭᠡᠬᠦ ᠳᠡᠭᠡᠨ ᠮᠣᠳᠤᠨ ᠱᠠᠯᠠ ᠶᠢ ᠵᠣᠬᠢᠬᠤ ᠬᠡᠮᠵᠢᠶᠡᠷᠢ ᠪᠠᠷ ᠬᠢᠷᠦᠭᠡᠳᠡᠵᠦ | ᠬᠤᠭᠤᠷᠤᠨᠳᠤ ᠨᠢ ᠠᠮᠠᠭᠠᠶᠢᠯᠠᠬᠤ ᠪᠤᠶᠤ ᠲᠡᠮᠦᠷ᠂ ᠮᠤᠳᠤᠨ ᠬᠠᠳᠠᠭᠠᠰᠤ ᠪᠠᠷ ᠬᠠᠳᠠᠵᠤ ᠪᠦᠲᠦᠴᠡ ᠶᠢ ᠨᠢ ᠭᠠᠷᠭᠠᠳᠠᠭ᠃ | ᠭᠡᠮᠡᠷ ᠮᠣᠳᠤᠨ ᠱᠠᠯᠠ ᠶᠢᠨ ᠦᠷᠭᠡᠨ ᠨᠢ ᠬᠡᠷᠡᠭᠴᠡᠭᠡᠨ ᠳᠤ ᠬᠦᠷᠬᠦ ᠦᠭᠡᠢ ᠶᠤᠮ ᠪᠣᠯᠪᠠᠯ ᠬᠤᠶᠠᠷ ᠱᠠᠯᠠ ᠶᠢᠨ | ᠢᠷᠮᠡᠭ ᠢ ᠬᠠᠷᠤᠭᠤᠯᠳᠠᠨ ᠲᠡᠭᠰᠢᠯᠡᠵᠦ ᠬᠤᠭᠤᠷᠤᠨᠳᠤ ᠨᠢ ᠵᠤᠰᠤ ᠪᠠᠷ ᠵᠤᠰᠤᠯᠠᠵᠤ ᠦᠷᠭᠡᠨ ᠤ ᠬᠡᠮᠵᠢᠶ᠎ᠡ ᠶᠢ | ᠲᠣᠬᠢᠷᠠᠭᠤᠯᠳᠠᠭ᠃ ᠡᠶᠢᠭᠡᠭᠰᠡᠨ ᠤ ᠳᠠᠷᠠᠭ᠎ᠠ ᠬᠠᠳᠠᠵᠤ ᠵᠤᠰᠤᠯᠠᠭᠰᠠᠨ ᠠᠪᠳᠠᠷ᠎ᠠ ᠪᠠᠨ ᠡᠯᠡᠰᠦᠨ ᠴᠠᠭᠠᠰᠤ ᠪᠠᠷ | ᠵᠦᠯᠬᠦᠵᠤ ᠲᠡᠭᠰᠢᠯᠡᠳᠡᠭ ᠪᠠ ᠵᠠᠷᠢᠮ ᠨᠢᠭᠡᠨ ᠬᠠᠳᠠᠭᠠᠰᠤᠨ ᠤ ᠤᠷᠤᠮ᠂ ᠠᠳᠠᠷᠠᠤ ᠲᠠᠢ ᠭᠠᠵᠠᠷ ᠪᠠᠶᠢᠬᠤ ᠶᠤᠮ ᠪᠣᠯᠪᠠᠯ | ᠰᠢᠲᠠᠭᠠᠭᠰᠠᠨ ᠴᠡᠷᠡᠳ ᠤᠨ ᠦᠨᠡᠰᠦᠨ ᠳᠤ ᠵᠤᠰᠤ ᠬᠤᠯᠢᠵᠦ ᠨᠤᠬᠤᠭᠠᠳ ᠲᠡᠲᠡᠭᠡᠷ ᠠᠳᠠᠷᠠᠤ ᠲᠠᠢ ᠭᠠᠵᠠᠷ ᠢᠶᠠᠨ | ᠲᠡᠭᠰᠢᠯᠡᠵᠦ ᠳᠡᠭᠡᠷ᠎ᠡ ᠠᠴᠠ ᠨᠢ ᠬᠤᠰᠤᠵᠤ ᠵᠦᠯᠭᠦᠭᠡᠳ ᠲᠡᠭᠰᠢᠯᠡᠳᠡᠭ᠃ ᠡᠶᠢᠭᠡᠵᠦ ᠪᠣᠯᠤᠭᠰᠠᠨ ᠤ ᠳᠠᠷᠠᠭ᠎ᠠ ᠤᠯᠠᠭᠠᠨ᠂ | ᠬᠦᠷᠡᠩ᠂ ᠨᠣᠭᠤᠭᠠᠨ᠂ ᠬᠦᠬᠡ ᠮᠡᠲᠦ ᠦᠩᠭᠡᠲᠡᠢ ᠰᠢᠷ ᠢᠶᠠᠷ ᠬᠤᠶᠠᠷ ᠰᠠᠭᠠᠮ᠎ᠠ ᠰᠢᠷᠳᠡᠵᠦ᠂ ᠰᠢᠷ ᠨᠢ | ᠬᠠᠳᠠᠭᠰᠠᠨ ᠤ ᠳᠠᠷᠠᠭ᠎ᠠ ᠡᠮᠦᠨ᠎ᠡ ᠨᠢᠭᠤᠷ ᠲᠤᠨᠢ ᠪᠤᠭᠤ ᠰᠤᠭᠤ᠂ ᠵᠢᠭᠦᠷᠲᠡᠨ ᠰᠢᠪᠠᠭᠤ᠂ ᠴᠡᠴᠡᠭ ᠬᠤᠸᠠᠷ ᠵᠢᠷᠤᠬᠤ | ᠪᠤᠶᠤ ᠡᠰᠡᠭᠡᠵᠦ ᠦᠯᠵᠡᠢ ᠵᠠᠩᠭᠢᠶ᠎ᠠ᠂ ᠵᠠᠨᠵᠢ᠂ ᠭᠤᠯᠵᠠ ᠮᠡᠲᠦ ᠡᠷᠢᠶ᠎ᠡ ᠵᠢᠷᠤᠵᠤ ᠶᠠᠩᠵᠤᠯᠠᠳᠠᠭ᠃ | ᠵᠠᠷᠢᠮ ᠨᠤᠲᠤᠭ ᠲᠤ ᠪᠣᠯᠪᠠᠯ ︽ᠪᠦᠰ ᠬᠤᠪᠴᠠᠰᠤ ᠲᠠᠢ ᠨᠣᠮ ᠰᠤᠳᠤᠷ᠂ ᠬᠦᠷᠦᠭ ᠪᠤᠷᠬᠠᠨ ᠪᠠ ᠭᠡᠷ ᠤᠨ ᠴᠠᠳᠢᠭ | ᠲᠤᠭᠤᠵᠢ ᠲᠡᠤᠬᠡ᠂ ᠬᠠᠭᠤᠴᠢᠨ ᠤ ᠲᠤᠷᠠᠰᠬᠠᠯ ᠲᠠᠢ ᠬᠤᠪᠤᠷ ᠴᠤᠬᠠᠭ ᠵᠦᠢᠯᠡᠰ ᠢ ᠬᠠᠲᠠᠭᠠᠯᠠᠬᠤ ᠲᠤᠰᠬᠠᠢ ᠠᠪᠳᠠᠷ᠎ᠠ | ᠰᠢᠭ᠋ ᠮᠣᠳᠤᠨ ᠬᠠᠶᠢᠷᠴᠠᠭ ᠢ ᠬᠤᠪᠲᠣ ᠭᠡᠨ᠎ᠡ᠃ ᠬᠤᠪᠲᠣ ᠨᠢ ᠬᠠᠶᠢᠷᠴᠠᠭ ᠠᠴᠠ ᠶᠡᠭᠡ᠂ ᠠᠪᠳᠠᠷ᠎ᠠ ᠠᠴᠠ ᠪᠠᠭ᠎ᠠ | ᠪᠠᠶᠢᠳᠠᠭ᠃ ᠲᠡᠭᠦᠨ ᠢ ᠨᠣᠮ ᠤᠨ ᠤᠷᠲᠤ ᠣᠬᠤᠷ ᠢ ᠦᠨᠳᠦᠰᠦᠯᠡᠵᠦ ᠣᠯᠠᠨ ᠶᠠᠩᠵᠤ ᠶᠢᠨ ᠬᠡᠯᠪᠡᠷᠢ ᠲᠠᠢ ᠬᠢᠳᠡᠭ᠃ | ᠭᠡᠪᠡᠴᠦ ᠴᠦᠮ ᠤᠷᠲᠤ ᠳᠦᠷᠪᠡᠯᠵᠢᠨ ᠬᠡᠯᠪᠡᠷᠢ ᠲᠠᠢ ᠪᠠᠶᠢᠳᠠᠭ ᠶᠤᠮ᠃ ᠬᠤᠪᠲᠣ ᠳᠤ ᠠᠯᠲᠠᠨ ᠮᠦᠩᠭᠦᠨ ᠵᠡᠷᠭᠡ | ᠬᠤᠪᠤᠷ ᠴᠤᠬᠠᠭ ᠵᠦᠢᠯᠡᠰ︾ ᠢ ᠴᠤ ᠬᠠᠲᠠᠭᠠᠯᠠᠵᠤ ᠲᠠᠯᠪᠢᠳᠠᠭ ᠪᠠᠶᠢᠨ᠎ᠠ᠃ | ᠵᠡᠷᠭᠡᠴᠡᠭᠡ ᠬᠤᠶᠠᠷ ᠠᠪᠳᠠᠷ᠎ᠠ ᠶᠢ ᠭᠠᠵᠠᠷ ᠠᠴᠠ ᠵᠠᠢ ᠲᠠᠢ ᠲᠠᠯᠪᠢᠬᠤ ᠶᠢᠨ ᠲᠦᠯᠦᠭᠡ ᠠᠪᠳᠠᠷ᠎ᠠ ᠶᠢᠨ ᠳᠦᠷᠪᠡᠯᠵᠢᠨ | ᠰᠠᠭᠤᠷᠢ ᠲᠠᠢ ᠶᠡᠭᠡ ᠪᠠᠭ᠎ᠠ ᠨᠢ ᠠᠳᠠᠯᠢ ᠳᠦᠷᠪᠡᠯᠵᠢᠨ ᠬᠤᠶᠠᠷ ᠰᠢᠷᠡᠭᠡ ᠬᠢᠳᠡᠭ᠃ ᠡᠭᠦᠨ ᠢ ᠪᠠᠨ ︽ᠠᠪᠳᠠᠷ᠎ᠠ ᠶᠢᠨ | ᠰᠢᠷᠡᠭᠡ︾ ᠭᠡᠵᠦ ᠨᠡᠷᠡᠯᠡᠳᠡᠭ᠃ ᠠᠪᠳᠠᠷ᠎ᠠ ᠶᠢᠨ ᠰᠢᠷᠡᠭᠡ ᠶᠢ ᠳᠦᠷᠪᠡᠨ ᠰᠢᠭᠢᠷ᠎ᠡ ᠲᠠᠢ ᠬᠢᠳᠡᠭ ᠪᠦᠭᠡᠳ ᠡᠮᠦᠨ᠎ᠡ ᠪᠡᠶ᠎ᠡ | ᠳᠤᠨᠢ ᠬᠤᠶᠠᠷ ᠠᠴᠠ ᠭᠤᠷᠪᠠᠨ ᠲᠤᠯᠢ ᠲᠠᠢ ᠬᠢᠳᠡᠭ᠃ ᠲᠣᠯᠢ ᠶᠢᠨ ᠬᠤᠶᠠᠷ ᠲᠡᠯᠡᠬᠢ ᠰᠢᠭᠢᠷ᠎ᠡ ᠨᠢ ᠲᠣᠯᠢ ᠶᠢᠨ | ᠳᠣᠣᠷᠠᠬᠢ ᠢᠷᠮᠡᠭ ᠠᠴᠠ ᠲᠦᠷᠦᠦ ᠬᠤᠷᠤᠭᠤᠨ ᠤᠷᠲᠤ ᠪᠣᠯᠳᠠᠭ᠃ ᠡᠨᠡ ᠬᠦ ᠲᠣᠯᠢ ᠶᠢᠨ ᠳᠦᠷᠪᠡᠯᠵᠢᠨ | ᠬᠦᠷᠢᠶᠡᠨ ᠳᠤ ᠮᠦᠨ ᠡᠯᠳᠡᠪ ᠠᠮᠢᠲᠠᠨ ᠤ ᠵᠢᠷᠤᠭ ᠵᠢᠷᠤᠬᠤ ᠶᠢᠨ ᠬᠠᠮᠲᠤ ᠴᠡᠴᠡᠭ ᠭᠤᠯᠵᠠ ᠵᠢᠷᠤᠵᠤ ᠬᠡᠷᠡᠭᠦᠯᠳᠡᠭ᠃ | ᠶᠡᠷᠦ ᠶᠢᠨ ᠪᠠᠶᠢᠳᠠᠯ ᠳᠤ ᠳᠡᠭᠡᠷ᠎ᠡ ᠨᠢ ᠲᠠᠯᠪᠢᠬᠤ ᠠᠪᠳᠠᠷ᠎ᠠ ᠨᠢ ᠶᠠᠮᠠᠷ ᠦᠩᠭᠡ ᠲᠠᠢ ᠬᠢᠭᠰᠡᠨ ᠪᠣᠯᠪᠠᠯ ᠪᠠᠷᠠᠭᠠᠨ ᠤ | ᠰᠢᠷᠡᠭᠡ ᠨᠢ ᠴᠤ ᠲᠠᠶᠢᠮᠦ ᠦᠩᠭᠡᠲᠡᠢ ᠪᠣᠯᠳᠠᠭ᠃ | ᠠᠪᠳᠠᠷ᠎ᠠ ᠶᠢ ︽ᠡᠪ ᠦᠭᠡᠢ ᠮᠣᠲᠤ ᠶᠢ ᠡᠪ ᠲᠤᠨᠢ ᠲᠠᠭᠠᠷᠠᠭᠤᠯᠵᠤ ᠬᠢᠭᠰᠡᠨ᠂ ᠡᠷᠪᠡᠭᠡᠢ ᠲᠦᠷᠪᠡᠨ ᠠᠷᠠᠭ᠎ᠠ ᠭᠠᠷᠭᠠᠵᠤ | ᠬᠢᠭᠰᠡᠨ᠂ ᠡᠷᠳᠡᠨᠢ ᠴᠠᠭᠠᠰᠤᠨ ᠤ ᠵᠤᠰᠤ ᠪᠠᠷ ᠨᠠᠭᠠᠵᠤ ᠬᠢᠭᠰᠡᠨ᠂ ᠡᠯᠳᠡᠪ ᠤᠨ ᠰᠢᠷ ᠢᠶᠠᠷ ᠰᠢᠷᠳᠡᠵᠦ ᠬᠢᠭᠰᠡᠨ᠂ ᠦᠨ᠎ᠡ | ᠲᠠᠢ ᠦᠩᠭᠡ ᠲᠠᠢ ᠲᠣᠷᠭ᠎ᠠ ᠳᠤᠷᠳᠤᠩ ᠡᠳ᠋ ᠡᠷᠳᠡᠨᠢ ᠪᠠᠷ ᠲᠦᠷᠦᠳᠡᠭ᠂ ᠠᠯᠲᠠᠨ ᠮᠦᠩᠭᠦᠨ ᠬᠤᠶᠢᠭᠤᠳᠠᠭ ᠦᠭᠡᠢ᠂ | ᠠᠪᠳᠠᠷ᠎ᠠ ᠬᠠᠶᠢᠷᠴᠠᠭ ᠨᠢ ᠦᠯᠵᠡᠶᠢᠲᠠᠢ ᠪᠣᠯᠲᠤᠭᠠᠢ︕︾ ᠭᠡᠵᠦ ᠢᠷᠦᠭᠡᠳᠡᠭ᠃ | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |