| | — ᠰᠢᠭᠤᠳ ᠬᠠᠪᠢᠳᠠᠯ ᠤᠨ ᠵᠠᠮ ᠢᠶᠠᠷ — ᠡᠪᠡᠳᠴᠢᠲᠡᠶ ᠮᠠᠯ ᠤᠨ ᠠᠷᠠᠰᠤ ᠰᠢᠷᠢ ᠶᠢ ᠥᠪᠴᠢᠬᠦ ᠂ ᠬᠠᠭᠤᠯᠬᠤ ᠂ ᠮᠠᠯ | ᠨᠢᠲᠤᠯᠬᠤ ᠂ ᠦᠰᠦ ᠨᠣᠣᠰᠣ ᠶᠢ ᠨᠢ ᠠᠪᠬᠤ ᠂ ᠦᠬᠦᠭᠰᠡᠨ ᠮᠠᠯ ᠤᠨ ᠮᠢᠬ᠎ᠠ ᠶᠢ ᠡᠪᠳᠡᠬᠦ ᠂ ᠪᠣᠯᠪᠠᠰᠤᠷᠠᠭᠤᠯᠬᠤ | ᠠᠵᠢᠯᠯᠠᠭᠠᠨ ᠤ ᠶᠠᠪᠤᠴᠠ ᠳᠤ ᠪᠣᠯᠣᠨ ᠡᠪᠡᠳᠴᠢᠲᠡᠨ ᠢ ᠠᠰᠠᠷᠠᠬᠤ ᠂ ᠰᠤᠪᠢᠯᠠᠬᠤ ᠂ ᠬᠠᠯᠳᠠᠪᠤᠷᠢ ᠲᠠᠢ ᠬᠥᠷᠥᠰᠥ | ᠵᠡᠷᠭᠡ ᠠᠴᠠ ᠬᠠᠯᠳᠠᠪᠤᠷᠢ ᠠᠪᠴᠤ ᠠᠷᠠᠰᠤᠨ ᠤ ᠬᠡᠯᠪᠡᠷᠢ ᠶᠢᠨ ᠪᠣᠭᠤᠮ᠎ᠠ ᠪᠠᠷ ᠡᠪᠡᠳᠴᠢᠯᠡᠨ᠎ᠡ ᠃ | — ᠬᠤᠭᠤᠯᠠ ᠬᠦᠨᠡᠰᠦᠨ ᠤ ᠵᠠᠮ ᠢᠶᠠᠷ — ᠪᠣᠭᠤᠮ᠎ᠠ ᠪᠠᠷ ᠡᠪᠡᠳᠴᠢᠯᠡᠭᠰᠡᠨ ᠮᠠᠯ ᠤᠨ ᠮᠢᠬ᠎ᠠ ᠂ ᠮᠢᠬᠠᠨ | ᠪᠦᠲᠦᠭᠡᠭᠳᠡᠬᠦᠨ ᠪᠣᠯᠣᠨ ᠪᠣᠭᠤᠮ᠎ᠠ ᠶᠢᠨ ᠡᠭᠦᠰᠬᠡᠭᠴᠢ ᠪᠠᠷ ᠪᠣᠬᠢᠷᠳᠠᠭᠰᠠᠨ ᠬᠦᠨᠡᠰᠦᠨ ᠤ ᠵᠦᠢᠯ ᠢ ᠳᠤᠲᠠᠭᠤ | ᠪᠣᠯᠪᠠᠰᠤᠷᠠᠭᠤᠯᠤᠨ ᠬᠡᠷᠡᠭᠯᠡᠬᠦ ᠶᠠᠪᠤᠴᠠ ᠳᠤ ᠬᠠᠯᠳᠠᠪᠤᠷᠢ ᠠᠪᠤᠨ᠎ᠠ ᠃ ᠬᠤᠭᠤᠯᠠ ᠬᠦᠨᠡᠰᠦ ᠪᠠᠷ ᠬᠠᠯᠳᠠᠪᠤᠷᠢ ᠠᠪᠤᠭᠰᠠᠨ | ᠦᠶ᠎ᠡ ᠳᠤ ᠪᠣᠭᠤᠮ᠎ᠠ ᠶᠢᠨ ᠭᠡᠳᠡᠰᠦᠨ ᠤ ᠬᠡᠯᠪᠡᠷᠢ ᠪᠠᠷ ᠡᠪᠡᠳᠴᠢᠯᠡᠨ᠎ᠡ ᠃ | — ᠠᠭᠠᠷ ᠲᠣᠭᠤᠰᠣᠨᠴᠢᠷ ᠤᠨ ᠵᠠᠮ — ᠪᠣᠭᠤᠮ᠎ᠠ ᠪᠠᠷ ᠡᠪᠡᠳᠴᠢᠯᠡᠭᠰᠡᠨ ᠮᠠᠯ ᠤᠨ ᠪᠠᠭᠤᠴᠠ ᠂ ᠥᠷᠲᠥᠩ ᠂ | ᠬᠡᠪᠲᠡᠷᠢ ᠶᠠᠩᠵᠤᠯᠠᠬᠤ ᠂ ᠨᠣᠣᠰᠣ ᠨᠣᠣᠯᠣᠭᠤᠷ ᠢ ᠪᠣᠯᠪᠠᠰᠤᠷᠠᠭᠤᠯᠬᠤ ᠂ ᠠᠷᠠᠰᠤ ᠰᠢᠷᠢ ᠪᠠᠷ ᠦᠢᠯᠡᠳᠪᠦᠷᠢᠯᠡᠯ | ᠶᠠᠪᠤᠭᠤᠯᠬᠤ ᠃ ᠪᠣᠭᠤᠮ᠎ᠠ ᠶᠢᠨ ᠡᠭᠦᠰᠬᠡᠭᠴᠢ ᠪᠠᠷ ᠪᠣᠬᠢᠷᠳᠠᠭᠰᠠᠨ ᠲᠣᠭᠤᠰᠣᠨᠴᠢᠷ ᠲᠠᠢ ᠬᠠᠮᠲᠤ ᠠᠭᠠᠷ ᠲᠣᠭᠤᠰᠣᠨ ᠤ | ᠵᠠᠮ ᠢᠶᠠᠷ ᠬᠠᠯᠳᠠᠪᠤᠷᠢ ᠠᠪᠴᠤ ᠠᠭᠤᠰᠬᠢᠨ ᠤ ᠬᠡᠯᠪᠡᠷᠢ ᠪᠠᠷ ᠡᠪᠡᠳᠴᠢᠯᠡᠨ᠎ᠡ ᠃ | — ᠳᠠᠮ ᠬᠠᠯᠳᠠᠪᠤᠷᠢ — ᠴᠢᠰᠤ ᠰᠣᠷᠤᠭᠴᠢ ᠂ ᠬᠤᠣᠰ ᠲᠠᠯᠠᠪᠴᠢᠲᠠᠨ ᠂ ᠦᠶ᠎ᠡ ᠬᠦᠯᠲᠡᠨ ᠳᠡᠮᠵᠢᠨ | ᠬᠠᠯᠳᠠᠪᠤᠷᠢᠯᠠᠨ᠎ᠠ ᠃ | ᠤᠷᠢᠳᠴᠢᠯᠠᠨ ᠰᠡᠷᠭᠡᠶᠢᠯᠡᠬᠦ | — ᠪᠣᠭᠤᠮ᠎ᠠ ᠪᠠᠷ ᠲᠠᠶᠢᠪᠤᠩ ᠪᠤᠰᠤ ᠨᠤᠲᠤᠭ ᠤᠨ ᠬᠥᠮᠦᠨ ᠂ ᠮᠠᠯ ᠢ ᠵᠢᠯ ᠪᠦᠷᠢ ᠳᠠᠷᠬᠠᠯᠠᠭᠠᠵᠢᠭᠤᠯᠬᠤ ᠃ | — ᠪᠣᠭᠤᠮ᠎ᠠ ᠪᠠᠷ ᠦᠬᠦᠭᠰᠡᠨ ᠪᠣᠯᠣᠨ ᠲᠣᠳᠣᠷᠬᠠᠢ ᠰᠢᠯᠲᠠᠭᠠᠨ ᠦᠭᠡᠢ ᠮᠠᠯ ᠤᠨ ᠰᠡᠭ ᠂ ᠵᠡᠮ ᠲᠠᠢ ᠰᠢᠭᠤᠳ | ᠬᠠᠷᠢᠴᠠᠬᠤ ᠦᠭᠡᠢ ᠪᠠᠶᠢᠬᠤ ᠃ | — ᠣᠨᠣᠰᠢ ᠲᠣᠳᠣᠷᠬᠠᠢ ᠦᠭᠡᠢ ᠰᠢᠯᠲᠠᠭᠠᠨ ᠢᠶᠠᠷ ᠭᠡᠨᠡᠳᠲᠡ ᠦᠬᠦᠭᠰᠡᠨ ᠮᠠᠯ ᠢ ᠥᠪᠴᠢᠬᠦ ᠂ ᠠᠷᠠᠰᠤ ᠶᠢ ᠠᠪᠬᠤ ᠂ | ᠮᠢᠬ᠎ᠠ ᠶᠢ ᠡᠪᠳᠡᠵᠦ ᠪᠣᠯᠪᠠᠰᠤᠷᠠᠭᠤᠯᠬᠤ ᠂ ᠬᠤᠭᠤᠯᠠ ᠬᠦᠨᠡᠰᠦᠨ ᠳᠤ ᠬᠡᠷᠡᠭᠯᠡᠬᠦ ᠦᠭᠡᠢ ᠪᠠᠶᠢᠬᠤ ᠃ | — ᠡᠪᠡᠳᠴᠢᠲᠡᠶ ᠮᠠᠯ ᠤᠨ ᠬᠤᠷᠢᠶ᠎ᠠ ᠂ ᠬᠠᠰᠢᠶ᠎ᠠ ᠂ ᠥᠷᠲᠡᠩ᠂ ᠪᠠᠭᠤᠴᠠ ᠶᠢ ᠵᠠᠪᠠᠯ ᠬᠠᠯᠳᠠᠪᠤᠷᠢ ᠦᠭᠡᠶᠢᠵᠢᠭᠦᠯᠵᠦ | ᠪᠠᠶᠢᠬᠤ ᠃ | | | | | | ᠪᠡᠯᠡᠳᠬᠡᠭᠰᠡᠨ ᠨᠢ᠄ ᠡᠷᠳᠡᠨᠢᠬᠦᠦ | ᠨᠠᠶᠢᠷᠠᠭᠤᠯᠤᠭᠰᠠᠨ ᠨᠢ᠄ ᠨᠠᠮᠤᠷ | ᠬᠢᠨᠠᠭᠰᠠᠨ ᠨᠢ᠄ ᠤᠷᠢᠬᠠᠨ |