ᠪᠦᠪᠢᠩ ᠭᠡᠵᠤ ᠶᠠᠭᠤ ᠪᠤᠢ︖ ᠵᠠᠰᠠᠵᠤ ᠲᠡᠶᠢᠯᠬᠦ ᠤᠤ︖
ᠨᠡᠶᠢᠲᠡᠯᠡᠭᠰᠡᠨ ᠴᠠᠭ᠄
2021/11/25
ᠪᠦᠪᠢᠩ ᠭᠡᠵᠤ 布病᠎ ᠢ ᠬᠡᠯᠡᠵᠤ ᠪᠤᠢ᠂ 布鲁菌病᠎ ᠶᠢᠨ ᠬᠢᠲᠡᠳ ᠶᠠᠷᠢᠶᠠᠨ ᠬᠡᠯᠡᠯᠭᠡ ᠪᠤᠯᠤᠨ᠎ᠠ᠃ ᠲᠡᠷᠡ ᠨᠢ ᠲᠤᠰ ᠡᠪᠡᠳᠴᠢᠨ ᠤ ᠪᠠᠺᠲ᠋ᠧᠷᠢ ᠶᠢ ᠲᠤᠳᠤᠯᠤᠭᠰᠠᠨ ᠠᠩᠬᠠᠨ ᠤ ᠬᠦᠮᠥᠨ ᠤ ᠨᠢᠭᠡ ᠪᠤᠯᠬᠤ bruce ᠎ ᠠᠴᠠ ᠢᠷᠡᠯᠲᠡᠢ ᠪᠤᠯᠬᠤᠷ ᠤᠳᠤᠬᠠᠨ ᠳᠤ ᠪᠷᠦ᠋ᠰ ᠡᠪᠡᠳᠴᠢᠨ ᠭᠡᠳᠡᠭ᠃ ᠪᠷᠦ᠋ᠰ ᠡᠪᠡᠳᠴᠢᠨ ᠨᠢ ᠰᠦᠷᠢᠶ᠎ᠡ ᠡᠪᠡᠳᠴᠢᠨ ᠲᠠᠢ ᠠᠳᠠᠯᠢᠬᠠᠨ ᠢᠶᠠᠷ ᠬᠦᠮᠥᠰ ᠤᠨ ᠡᠷᠡᠭᠦᠯ ᠮᠡᠨᠳᠦ ᠳᠤ ᠮᠠᠰᠢ ᠶᠡᠭᠡ ᠰᠦᠷᠳᠡᠭᠦᠯᠦᠯ ᠤᠴᠠᠷᠠᠭᠤᠯᠳᠠᠭ ᠤᠵᠢᠭ ᠴᠢᠨᠠᠷᠲᠠᠢ ᠬᠦᠮᠥᠨ ᠮᠠᠯ ᠤᠨ ᠨᠢᠭᠡ ᠵᠦᠢᠯ ᠤᠨ ᠬᠠᠮ ᠡᠪᠡᠳᠴᠢᠨ ᠶᠤᠮ᠃ ᠭᠡᠪᠡᠴᠤ᠂ ᠮᠠᠯᠴᠢᠳ ᠲᠤᠰ ᠡᠪᠡᠳᠴᠢᠨ ᠢ ᠰᠡᠷᠭᠡᠶᠢᠯᠡᠬᠦ ᠲᠠᠯ᠎ᠠ ᠳᠤ ᠰᠦᠷᠢᠶ᠎ᠡ ᠡᠪᠡᠳᠴᠢᠨ ᠠᠴᠠ ᠴᠤ ᠨᠠᠷᠢᠨ᠂ ᠰᠡᠷᠡᠮᠵᠢᠲᠠᠢ᠂ ᠤᠬᠠᠭᠠᠯᠢᠭ ᠪᠠᠶᠢᠬᠤ ᠬᠡᠷᠡᠭᠲᠠᠢ᠃ ᠤᠴᠢᠷ ᠨᠢ ᠲᠤᠰ ᠡᠪᠳᠴᠢᠨ ᠨᠢ ᠮᠠᠯᠴᠢᠳ ᠠᠴᠠ ᠮᠠᠰᠢ ᠤᠶᠢᠷᠠᠬᠠᠨ ᠪᠠᠶᠢᠵᠤ᠂ ᠡᠮᠴᠢᠯᠡᠭᠡ ᠶᠢᠨ ᠲᠠᠯ᠎ᠠ ᠪᠠᠷ ᠮᠠᠰᠢ ᠤᠯᠠᠨ ᠲᠦᠪᠡᠭ ᠲᠠᠢ ᠠᠰᠠᠭᠤᠳᠠᠯ ᠤᠷᠤᠰᠢᠵᠤ᠂ ᠨᠡᠩ ᠢᠯᠠᠩᠭᠤᠶ᠎ᠠ ᠬᠢᠵᠢᠭ ᠲᠠᠢ ᠤᠷᠤᠨ ᠤ ᠬᠦᠳᠡᠭᠡ ᠨᠤᠲᠤᠭ ᠤᠨ ᠬᠡᠤᠭᠡᠳ ᠲᠠᠭᠦᠨᠠᠷ ᠤᠨ ᠨᠢᠭᠡ ᠨᠠᠰᠤᠨ ᠤ ᠡᠷᠡᠭᠦᠯ ᠮᠡᠨᠳᠦ ᠶᠢ ᠨᠦᠯᠦᠭᠡᠯᠡᠵᠤ ᠮᠡᠳᠡᠬᠦ ᠶᠤᠮ᠃ ᠲᠤᠰ ᠡᠪᠡᠳᠴᠢᠨ ᠤ ᠪᠠᠺᠲ᠋ᠧᠷᠢ ᠨᠢ ᠭᠤᠤᠯᠳᠠᠭᠤ ᠦᠷᠡᠵᠢᠯ ᠤᠨ ᠵᠠᠮ ᠢ ᠬᠦᠨᠥᠭᠡᠳᠡᠭ ᠠᠴᠠ ᠮᠠᠯ ᠳᠤ ᠬᠡᠭᠡᠯ ᠬᠠᠶᠠᠬᠤ᠂ ᠰᠠᠪᠠᠨ ᠤ ᠦᠷᠪᠢᠰᠦᠯ ᠡᠭᠦᠰᠭᠦ᠂ ᠬᠡᠬᠡᠯᠲᠤᠬᠦ ᠦᠭᠡᠢ ᠵᠡᠷᠭᠡ ᠡᠪᠡᠳᠴᠢᠨ ᠤ ᠰᠢᠨᠵᠢ ᠶᠢ ᠦᠵᠡᠬᠦᠯᠵᠤ᠂ ᠬᠦᠮᠥᠨ ᠲᠡᠭᠡᠷ᠎ᠡ ᠪᠤᠯ ᠦᠷᠡᠵᠢᠯ ᠤᠨ ᠰᠢᠰᠲ᠋ᠧᠮ ᠢ ᠬᠦᠨᠥᠭᠡᠬᠦ ᠠᠴᠠ ᠭᠠᠳᠠᠨ᠎ᠠ ᠪᠠᠰᠠ ᠦᠶ᠎ᠡ ᠬᠡᠰᠢᠬᠦᠨ ᠤ ᠦᠷᠪᠢᠰᠦᠯ ᠡᠭᠦᠰᠬᠦ᠂ ᠶᠠᠳᠠᠷᠠᠬᠤ᠂ ᠠᠮᠠᠷᠬᠠᠨ ᠬᠦᠯᠦᠰᠦ ᠭᠠᠷᠬᠤ ᠵᠡᠷᠭᠡ ᠡᠪᠡᠳᠴᠢᠨ ᠤ ᠰᠢᠨᠵᠢ ᠶᠢ ᠢᠯᠡᠷᠡᠭᠦᠯᠳᠡᠭ᠃ ᠡᠪᠡᠳᠴᠢᠲᠠᠢ ᠡᠬᠡ ᠮᠠᠯ ᠨᠢ ᠲᠤᠰ ᠡᠪᠡᠳᠴᠢᠨ ᠢ ᠲᠦᠯ ︵ᠬᠦᠪᠦᠷᠡᠯ︶᠎ ᠳᠡᠭᠡᠨ ᠲᠠᠮᠵᠢᠭᠤᠯᠳᠠᠭ᠂ ᠡᠪᠡᠳᠴᠢᠲᠠᠢ ᠪᠤᠬ᠎ᠠ ᠎ ᠪᠠᠷ ᠦᠷ᠎ᠡ ᠶᠢᠨ ᠮᠠᠯ ᠬᠢᠪᠡᠯ ᠪᠦᠬᠦ ᠰᠦᠷᠥᠭ ᠢᠶᠠᠨ ᠰᠦᠢᠳᠬᠦ ᠪᠤᠯᠤᠨ᠎ᠠ᠃ ᠬᠦᠮᠥᠨ ᠳᠤ ᠴᠤ ᠶᠤᠰᠤ ᠨᠢ ᠠᠳᠠᠯᠢᠬᠠᠨ ᠃ ᠵᠠᠯᠠᠭᠤ ᠬᠦᠮᠥᠰ ᠡᠭᠦᠨ ᠢ ᠤᠨᠴᠠ ᠠᠩᠬᠠᠷᠠᠬᠤ ᠬᠡᠷᠡᠭᠲᠠᠢ᠃ ᠲᠤᠰ ᠡᠪᠳᠴᠢᠨ ᠨᠢ ᠭᠤᠤᠯᠳᠠᠭᠤ ᠮᠠᠯ ᠠᠴᠠ ᠬᠦᠮᠥᠨ ᠳᠤ ᠬᠠᠯᠳᠠᠪᠤᠷᠢᠯᠠᠨ᠎ᠠ᠂ ᠡᠶᠢᠮᠤ ᠠᠴᠠ ᠮᠠᠯᠴᠢᠳ ᠤᠨᠴᠠ ᠠᠩᠬᠠᠷᠠᠬᠤ ᠬᠡᠷᠡᠭᠲᠠᠢ᠃ ᠲᠡᠭᠡᠪᠡᠯ ᠲᠤᠰ ᠡᠪᠡᠳᠴᠢᠨ ᠢ ᠵᠠᠰᠠᠵᠤ ᠲᠡᠶᠢᠯᠬᠦ ᠤᠤ︖ ᠲᠡᠶᠢᠯᠦᠨ᠎ᠡ ᠭᠡᠵᠤ ᠵᠠᠷᠢᠮ ᠡᠮᠴᠢ ᠬᠡᠯᠡᠬᠦ ᠮᠠᠭᠠᠳ᠂ ᠭᠡᠪᠡᠴᠤ ᠪᠢ ᠡᠭᠦᠨ ᠢ ᠬᠠᠷᠢᠭᠤᠯᠬᠤ ᠠᠴᠠ ᠡᠮᠦᠨ᠎ᠡ ᠲᠤᠰ ᠡᠪᠡᠳᠴᠢᠨ ᠤ ᠬᠡᠳᠦᠨ ᠤᠨᠴᠠᠯᠢᠭ ᠢ ᠶᠠᠷᠢᠶ᠎ᠠ᠃ ᠨᠢᠭᠡ᠄ ᠡᠩ ᠤᠨ ᠡᠪᠡᠳᠴᠢᠨ ᠡᠭᠦᠰᠭᠡᠳᠡᠭ ᠪᠠᠺᠲ᠋ᠧᠷᠢ ᠡᠰ ᠤᠨ ᠭᠠᠳᠠᠨ᠎ᠠ ᠤᠷᠤᠰᠢᠳᠠᠭ᠂ ᠭᠡᠳᠡᠯ᠎ᠡ ᠪᠷᠦ᠋ᠰ ᠪᠠᠺᠲ᠋ᠧᠷᠢ ᠨᠢ ᠡᠰ ᠎ ᠤᠨ ᠲᠤᠲᠤᠷ᠎ᠠ ᠠᠮᠢᠳᠤᠷᠠᠨ ᠤᠷᠤᠰᠢᠬᠤ ᠴᠢᠳᠠᠪᠤᠷᠢ ᠲᠠᠢ᠃ ᠬᠤᠶᠠᠷ᠄ ᠤᠳᠤᠬᠠᠨ ᠳᠤ ᠬᠡᠷᠡᠭᠯᠡᠵᠤ ᠪᠠᠶᠢᠭ᠎ᠠ ᠮᠠᠰᠢ ᠤᠯᠠᠨ ᠡᠮ ᠨᠢ ᠭᠤᠤᠯᠳᠠᠭᠤ ᠡᠰ ᠤᠨ ᠭᠠᠳᠠᠨᠠᠬᠢ ᠪᠠᠺᠲ᠋ᠧᠷᠢ ᠳᠤ ᠢᠯᠡᠷᠭᠡᠢ ᠦᠢᠯᠡᠳᠦᠯ ᠲᠠᠢ᠃ ᠶᠡᠷᠦᠳᠡᠭᠡᠨ ᠬᠡᠷᠡᠭᠯᠡᠳᠡᠭ ᠡᠮ ᠨᠢ ᠡᠰ ᠤᠨ ᠲᠤᠲᠤᠷ᠎ᠠ ᠤᠷᠤᠵᠤ ᠲᠡᠶᠢᠯᠳᠡᠭ ᠦᠭᠡᠢ᠂ ᠡᠶᠢᠮᠤ ᠠᠴᠠ ᠲᠤᠰ ᠪᠠᠺᠲ᠋ᠧᠷᠢ ᠳᠤ ᠬᠦᠴᠦᠨ ᠎ ᠲᠠᠢ ᠡᠮ ᠢᠶᠠᠷ ᠡᠰ ᠤᠨ ᠲᠤᠲᠤᠷ᠎ᠠ ᠨᠢᠭᠤᠭᠳᠠᠭᠰᠠᠨ ᠪᠠᠺᠲ᠋ᠧᠷᠢ ᠢ 100% ᠤᠰᠠᠳᠬᠠᠨ᠎ᠠ ᠭᠡᠪᠡᠯ ᠮᠠᠰᠢ ᠬᠠᠭᠤᠮᠠᠭᠠᠢ ᠪᠤᠯᠤᠨ᠎ᠠ᠃ ᠭᠤᠷᠪᠠ᠄ ᠲᠠᠷᠢᠯᠭ᠎ᠠ ᠶᠢᠨ ᠬᠦᠴᠦᠨ ᠲᠠᠢ ᠪᠦᠷᠢᠯᠳᠦᠭᠦᠨ ᠨᠢ ᠡᠰ ᠤᠨ ᠲᠤᠲᠤᠷᠠᠬᠢ ᠪᠠᠺᠲ᠋ᠧᠷᠢ ᠶᠢ ᠤᠰᠠᠳᠬᠠᠵᠤ ᠴᠢᠳᠠᠳᠠᠭ ᠦᠭᠡᠢ᠃ ᠲᠦᠷᠪᠡ᠄ ᠡᠰ ᠤᠨ ᠲᠤᠲᠤᠷ᠎ᠠ ᠨᠢᠭᠤᠭᠳᠠᠭᠰᠠᠨ ᠴᠦᠭᠡᠨ ᠲᠤᠭᠠᠨ ᠤ ᠪᠠᠺᠲ᠋ᠧᠷᠢ ᠎ ᠶᠢ ᠪᠦᠷᠢᠮᠦᠰᠦᠨ ᠰᠢᠯᠭᠠᠵᠤ ᠲᠡᠶᠢᠯᠬᠦ ᠪᠠᠶᠢᠴᠠᠭᠠᠯᠲᠠ ᠶᠢᠨ ᠮᠡᠷᠭᠡᠵᠢᠯ ᠤᠳᠤᠬᠠᠨ ᠳᠠᠭᠠᠨ ᠪᠠᠶᠢᠭ᠎ᠠ ᠦᠭᠡᠢ᠃ ᠡᠶᠢᠮᠦ ᠎ ᠠᠴᠠ ᠡᠮᠴᠢ ᠶᠢᠨ ᠶᠠᠷᠢᠳᠠᠭ ᠵᠠᠰᠠᠵᠤ ᠴᠢᠳᠠᠨ᠎ᠠ ᠭᠡᠳᠡᠭ ᠨᠢ ᠵᠦᠪᠬᠡᠨ ᠡᠪᠡᠳᠴᠢᠨ ᠤ ᠰᠢᠨᠵᠢ ᠶᠢ ᠬᠦᠩᠭᠡᠷᠡᠭᠦᠯᠦᠨ᠎ᠡ ᠭᠡᠰᠡᠨ ᠦᠭᠡ᠂ ᠵᠠᠷᠢᠮ ᠵᠠᠰᠠᠯᠭ᠎ᠠ ᠬᠦᠩᠭᠡᠷᠡᠭᠡᠳ ᠡᠷᠡᠭᠦᠯ ᠬᠦᠮᠥᠨ ᠲᠠᠢ ᠠᠳᠠᠯᠢᠪᠲᠤᠷ ᠪᠤᠯᠵᠤ ᠪᠤᠯᠤᠨ᠎ᠠ᠂ ᠭᠡᠪᠡᠴᠤ ᠪᠡᠶ᠎ᠡ ᠶᠢᠨ ᠲᠤᠲᠤᠷ᠎ᠠ ᠦᠯᠡᠳᠡᠵᠦ ᠮᠡᠳᠡᠬᠦ ᠪᠠᠺᠲ᠋ᠧᠷᠢ ᠪᠠᠶᠢᠳᠠᠭ ᠠᠴᠠ ᠲᠤᠰ ᠬᠦᠮᠥᠨ ᠡᠮᠨᠡᠯᠭᠡ ᠠᠴᠠ ᠰᠠᠯᠤᠭᠰᠠᠨ ᠴᠤ ᠴᠠᠭ ᠢᠮᠠᠭᠲᠠ ᠡᠷᠡᠭᠦᠯ ᠠᠮᠢᠳᠤᠷᠠᠯ ᠤᠨ ᠲᠠᠳᠬᠠᠯ ᠢ ᠪᠠᠷᠢᠮᠲᠠᠯᠠᠨ᠂ ᠠᠷᠢᠬᠢᠨ ᠳᠤ ᠰᠢᠭᠢᠳᠴᠤ ᠲᠠᠮᠠᠬᠢᠨ ᠳᠤ ᠰᠢᠨᠤᠨ ᠪᠡᠶ᠎ᠡ ᠶᠢᠨ ᠡᠷᠡᠭᠦᠯ ᠮᠡᠨᠳᠦ ᠪᠠᠨ ᠬᠦᠨᠳᠦᠭᠡᠨ᠂ ᠲᠤᠰ ᠡᠪᠡᠳᠴᠢᠨ ᠢ ᠲᠠᠬᠢᠬᠤ ᠠᠴᠠ ᠰᠡᠷᠭᠡᠶᠢᠯᠡᠬᠦ ᠬᠡᠷᠡᠭᠲᠠᠢ᠃ ᠪᠡᠯᠡᠳᠬᠡᠭᠰᠡᠨ ᠨᠢ᠄ ᠡᠷᠳᠡᠨᠢᠬᠦᠦᠨᠠᠶᠢᠷᠠᠭᠤᠯᠤᠭᠰᠠᠨ ᠨᠢ᠄ ᠨᠠᠮᠤᠷᠬᠢᠨᠠᠭᠰᠠᠨ ᠨᠢ᠄ ᠤᠷᠢᠬᠠᠨ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号